ᠤᠯᠡᠨ ᠤ ᠵᠡᠬᠢᠶ᠎ᠠ ᠴᠣᠯᠮᠣᠨᠳᠣᠶᠠᠭ᠎ᠠ ᠶᠢᠨ ᠡᠷᠴᠢ ᠵᠣᠷᠢᠭ ᠢ ᠣᠯᠡᠮ ᠭᠦᠪᠴᠢᠠᠯᠯ᠎ᠠ
ᠨᠡᠶᠢᠲᠡᠯᠡᠭᠰᠡᠨ ᠴᠠᠭ᠄
2020-02-20
     ᠤᠷᠴᠢᠮ ᠤᠨ ᠡᠳᠤᠷ ᠤᠳ ᠢᠶᠠᠷ ᠰᠦᠯᠵᠢᠶ᠎ᠡ᠂ ᠸᠢᠴᠡᠲ ᠬᠤᠯᠪᠤᠭ᠎ᠠ ᠪᠠᠷ ᠬᠢᠵᠢᠭ ᠡᠪᠡᠳᠴᠢᠨ ᠢ ᠰᠡᠷᠡᠭᠡᠶᠢᠯᠡᠨ ᠡᠵᠡᠮᠳᠡᠬᠦ ᠪᠠᠷ ᠦᠬᠠᠨ ᠬᠤᠳᠠᠨ ᠳᠤ ᠶᠠᠪᠤᠭᠰᠠᠨ ᠤᠷᠳᠤᠰ ᠨᠤᠳᠤᠭ ᠲᠠᠢ ᠴᠤᠯᠮᠤᠨᠳᠤᠶᠠᠭ᠎ᠠ ᠶᠢᠨ ᠲᠤᠬᠠᠢ ᠮᠡᠳᠡᠭᠡ ᠮᠡᠳᠡᠭᠡᠯᠡᠯ ᠭᠠᠵᠠᠷ ᠠᠪᠴᠤ ᠪᠠᠶᠢᠨ᠎ᠠ᠃ ᠡᠭᠦᠨ ᠢ ᠮᠦᠷᠳᠡᠨ ᠰᠤᠷᠪᠤᠯᠵᠢᠯᠠᠬᠤ ᠪᠠᠷ ᠪᠢᠷᠴᠢᠨ ᠴᠤᠯᠮᠤᠨᠳᠤᠶᠠᠭ᠎ᠠ ᠶᠢᠨ ᠦᠰᠴᠤ ᠲᠦᠷᠦᠭᠰᠡᠨ ᠦᠯᠦᠭᠡᠢ ᠨᠤᠳᠤᠭ ᠭᠠᠯᠠᠭᠤᠳᠤ ᠪᠠᠯᠭᠠᠰᠤᠨ ᠤ ᠪᠤᠵᠠᠢ ᠭᠠᠴᠠᠭᠠᠨ ᠤ ᠲᠡᠪᠰᠡᠩ ᠮᠠᠯᠵᠢᠯ ᠤᠨ ᠬᠤᠷᠢᠶᠠᠨ ᠳᠤ ᠢᠷᠡᠯ᠎ᠡ᠃
     ᠣᠶᠢᠷ᠎ᠠ ᠶᠢᠨ ᠡᠳᠣᠷ ᠤᠳ ᠲᠤ᠂ ᠭᠠᠯᠠᠭᠤᠳᠤ ᠪᠠᠯᠭᠠᠰᠤᠨ ᠤ ᠪᠣᠵᠠᠢ ᠭᠠᠴᠠᠭᠠᠨ ᠤ ᠲᠡᠪᠰᠡᠩ ᠮᠠᠯᠵᠢᠯ ᠤᠨ ᠬᠤᠷᠰᠢᠶᠠᠨ ᠤ ᠮᠠᠯᠴᠢᠨ ᠰᠡᠴᠡᠨ ᠡᠳᠣᠷ ᠳᠤᠳᠤᠮ ᠬᠤᠨᠢ ᠮᠠᠯ ᠢᠶᠠᠨ ᠲᠡᠵᠢᠭᠡᠨ ᠪᠣᠷᠳᠣᠵᠣ ᠣᠰᠣᠯᠠᠨ ᠬᠤᠷᠠᠭ᠎ᠠ ᠲᠥᠯ ᠢᠶᠠᠨ ᠤᠭᠵᠢᠬᠤ ᠵᠡᠷᠭᠡ ᠠᠵᠢᠯ ᠲᠡᠭᠡᠷ᠎ᠡ ᠪᠠᠨ ᠶᠠᠭᠠᠷᠠᠨ ᠲᠥᠯ ᠮᠠᠯ ᠤᠨ ᠮᠡᠨᠳᠤ ᠣᠨᠳᠣᠷᠣᠯᠲᠠ ᠶᠢ ᠬᠠᠷᠠᠭᠠᠳ ᠰᠡᠳᠬᠢᠯ ᠪᠠᠶᠠᠰᠬᠤ ᠶᠢᠨ ᠳᠠᠭᠠᠣ ᠦᠬᠠᠨ ᠬᠤᠲᠠ ᠶᠢᠨ ᠡᠮᠣᠨ᠎ᠡ ᠹᠷᠣᠨᠲ ᠲᠤ ᠳᠣᠮᠢᠯᠠᠭᠳᠠᠨ ᠡᠪᠡᠳᠴᠢᠨ ᠬᠡᠵᠢᠭ ᠲᠠᠢ ᠳᠠᠮᠠᠴᠡᠭᠦ ᠪᠠᠷ ᠶᠠᠪᠣᠭᠰᠠᠨ ᠬᠡᠣᠬᠡᠨ ᠴᠣᠯᠮᠣᠨᠳᠣᠶᠠᠭ᠎ᠠ ᠶᠢᠨ ᠢᠶᠠᠨ ᠳᠣᠬᠠᠢ ᠰᠠᠨᠠᠭᠠᠰᠢᠷᠠᠨ ᠰᠠᠭᠤᠵᠣ ᠪᠠᠶᠢᠯ᠎ᠠ᠃        ᠴᠣᠯᠮᠣᠨᠳᠤᠶᠠᠭ᠎ᠠ ᠶᠢᠨ ᠮᠦᠮᠦ ᠰᠡᠴᠡᠨ᠄ ︽ᠮᠢᠨᠦ ᠬᠡᠤᠭᠡᠨ ᠦᠬᠠᠨ ᠤᠷᠤᠭᠤ ᠶᠠᠪᠤᠳᠡᠯ᠎ᠠ ᠪᠢ ᠶᠠᠭᠤ ᠴᠤ ᠮᠡᠳᠡᠭᠦ ᠦᠭᠡᠢ ᠪᠠᠶᠢᠭᠰᠠᠨ᠂ ᠬᠤᠨᠢ ᠮᠠᠯ ᠢᠶᠠᠨ ᠲᠡᠵᠢᠭᠡᠭᠡᠳ ᠤᠷᠤᠵᠤ ᠢᠷᠡᠬᠦᠯᠡᠷ ᠪᠠᠭ᠎ᠠ ᠬᠡᠤᠭᠡᠨ ᠬᠡᠨᠡᠳᠳᠡ ᠡᠭᠡᠴᠢ ᠦᠬᠠᠨ ᠬᠤᠳᠠᠨ ᠳᠤ ᠶᠠᠪᠤᠴᠢᠬᠠᠯ᠎ᠠ ᠭᠡᠵᠦ ᠪᠠᠶᠢᠨ᠎ᠠ᠃ ᠨᠢᠭᠡ ᠯᠠ ᠲᠤᠤᠷ᠎ᠠ ᠨᠢᠳᠣᠨ ᠳᠤ ᠨᠢᠯᠪᠤᠰᠤ ᠲᠦᠭᠦᠷᠡᠭᠡᠳ ᠁ ᠭᠡᠪᠡᠴᠦ ᠦᠬᠢᠨ ᠮᠢᠨᠢ ᠦᠬᠠᠨ ᠬᠤᠳᠠᠨ ᠳᠤ ᠤᠯᠠᠨ ᠬᠦᠮᠦᠨ ᠢ ᠡᠳᠡᠭᠡᠷᠡᠭᠦᠯᠦᠭᠡᠳ ᠬᠠᠷᠢᠵᠤ ᠢᠷᠡᠨ᠎ᠡ ᠭᠡᠵᠦ ᠢᠳᠡᠭᠡᠵᠤ ᠪᠠᠶᠢᠨ᠎ᠠ︾  ᠬᠡᠯ᠎ᠡ᠃     ᠮᠠᠯᠴᠢᠨ ᠰᠡᠴᠡᠨ ᠤ ᠶᠡᠭᠡ ᠦᠬᠢᠨ ᠴᠤᠯᠮᠤᠨᠳᠤᠶᠠᠭ᠎ᠠ ᠪᠣᠯ ᠤᠷᠳᠤᠰ ᠬᠤᠳᠠ ᠶᠢᠨ ᠮᠤᠩᠭᠤᠯ ᠡᠮᠨᠡᠯᠭᠡ ᠶᠢᠨ ᠬᠤᠷᠢᠶᠠᠨ ᠳᠤ ᠰᠣᠪᠢᠯᠠᠭᠴᠢ ᠶᠢᠨ ᠠᠵᠢᠯ ᠲᠠᠢ᠃ 2 ᠰᠠᠷ᠎ᠠ ᠶᠢᠨ 4 ᠤ ᠡᠳᠤᠷ᠂ ᠤᠷᠳᠤᠰ ᠬᠤᠳᠠ ᠴᠤᠯᠮᠤᠨᠳᠤᠶᠠᠭ᠎ᠠ ᠵᠡᠷᠭᠡ 10 ᠰᠤᠪᠢᠯᠠᠭᠴᠢ ᠪᠠᠷ ᠪᠦᠷᠢᠯᠳᠤᠭ᠍ᠰᠡᠨ ︽ᠰᠤᠪᠢᠯᠠᠭᠴᠢ ᠶᠢᠨ ᠠᠩᠭᠢ︾ ᠶᠢ ᠬᠤᠪᠸᠢ ᠮᠤᠵᠢ ᠶᠢᠨ ᠦᠬᠠᠨ ᠬᠤᠳᠠ ᠶᠢᠨ ᠡᠮᠴᠢᠯᠡᠭᠡᠨ ᠤ ᠡᠮᠤᠨ᠎ᠠ ᠹᠷᠤᠨᠲ ᠲᠤ ᠲᠤᠮᠢᠯᠠᠭᠰᠠᠨ ᠪᠠᠶᠢᠨ᠎ᠠ᠃ ᠦᠬᠠᠨ ᠬᠤᠳᠠᠨ ᠳᠤ ᠶᠠᠪᠤᠭᠠᠳ ᠬᠤᠷᠢ ᠰᠢᠬᠠᠮ ᠡᠳᠤᠷ ᠪᠣᠯᠵᠤ ᠪᠠᠶᠢᠭ᠎ᠠ ᠴᠤᠯᠮᠤᠨᠳᠤᠶᠠᠭ᠎ᠠ ᠶᠢᠨ ᠠᠵᠢᠯ ᠮᠠᠰᠢ ᠶᠠᠭᠠᠷᠠᠤ ᠪᠤᠯᠬᠤᠷ ᠵᠦᠪᠭᠡᠨ ᠠᠵᠢᠯ ᠤᠨ ᠴᠢᠯᠥᠭᠡ ᠵᠠᠪ ᠢᠶᠠᠷ ᠢᠶᠠᠨ ᠭᠡᠷ ᠤᠨ ᠬᠦᠮᠦᠰ ᠲᠠᠢ ᠪᠠᠨ ᠸᠢᠴᠠᠲ ᠬᠤᠯᠪᠤᠭ᠎ᠠ ᠢᠶᠠᠷ ᠠᠮᠤᠷ ᠮᠠᠨᠳᠤ ᠠᠰᠠᠭᠤᠯᠴᠠᠨ ᠬᠠᠷᠢᠯᠴᠠᠨ ᠵᠣᠷᠢᠭᠵᠢᠭᠤᠯᠳᠠᠭ ᠪᠠᠶᠢᠨ᠎ᠠ᠃  
     ᠦᠬᠢᠨ ᠲᠠᠭᠦᠤ ᠤᠶᠤᠨᠳᠤᠶᠠᠭ᠎ᠠ᠄ ︽ᠮᠠᠨ ᠤ ᠡᠬᠡᠴᠢ ᠡᠳᠤᠷ ᠲᠤ ᠨᠡᠢᠮᠠᠨ ᠴᠠᠭ ᠠᠵᠢᠯᠯᠠᠵᠤ ᠪᠠᠶᠢᠨ᠎ᠠ᠂ ᠠᠷᠢᠭᠤᠳᠬᠠᠯ ᠬᠢᠭᠡᠳ ᠪᠠᠰᠠ ᠬᠤᠶᠠᠷ ᠴᠠᠭ ᠭᠠᠷᠤᠢ ᠵᠠᠷᠤᠴᠠᠭᠤᠯᠵᠤ ᠪᠠᠶᠢᠨ᠎ᠠ ᠭᠡᠵᠤ ᠶᠠᠷᠢᠵᠤ ᠪᠠᠶᠢᠭᠰᠠᠨ᠂ ᠭᠤᠷᠪᠠᠳᠡᠭᠢ ᠡᠳᠤᠷ ᠪᠤᠯᠤᠭᠠᠳ ᠸᠢᠴᠡᠲ ᠢᠶᠠᠷ ᠶᠠᠷᠢᠯᠴᠠᠬᠤ ᠶᠢᠨ ᠦᠶᠡᠰ ᠨᠢᠭᠤᠷ ᠨᠢ ᠨᠢᠭᠡᠨᠳᠡ ᠤᠯᠠᠭᠠᠨ ᠰᠤᠷᠪᠢ  ᠲᠠᠢ ᠪᠤᠯᠤᠭᠰᠠᠨ ᠪᠠᠶᠢᠭᠰᠠᠨ︾ ᠭᠡᠵᠤ ᠶᠠᠷᠢᠵᠤ ᠪᠠᠶᠢᠯ᠎ᠠ᠃      ᠮᠢᠩᠭᠠᠨ ᠭᠠᠵᠠᠷ ᠤᠨ ᠠᠯᠣᠰ ᠠᠴᠠ ᠠᠷᠣ ᠳᠤ ᠪᠠᠶᠢᠭ᠎ᠠ ᠳᠦᠷᠣᠯ ᠰᠠᠳᠣᠨ᠂ ᠨᠠᠶᠢᠵᠡ ᠨᠦᠬᠦᠷ ᠲᠠᠢ ᠪᠠᠨ ᠬᠠᠶᠠ ᠬᠠᠶᠠ ᠵᠣᠭᠤᠭᠳᠠᠵᠣ ᠲᠡᠭᠦᠨ ᠤ ᠣᠯᠣᠰ ᠣᠷᠣᠨ ᠤᠯᠠᠨ ᠳᠦᠮᠡᠨ ᠤ ᠲᠥᠯᠦᠭᠡ ᠭᠡᠷ ᠪᠦᠯᠢ᠂ ᠠᠷᠣ ᠭᠡᠷ ᠢᠶᠠᠨ ᠤᠮᠠᠷᠳᠡᠨ ᠬᠦᠨᠳᠤ ᠶᠡᠭᠡ ᠬᠠᠷᠢᠭᠤᠴᠠᠯᠭ᠎ᠠ ᠶᠢ ᠡᠭᠦᠷᠭᠡᠯᠡᠵᠦ ᠬᠦᠨᠳᠥ ᠨᠣᠴᠢᠳᠠᠢ ᠬᠢᠵᠢᠭ ᠡᠪᠡᠳᠴᠢᠨ ᠲᠠᠢ ᠳᠠᠮᠠᠴᠡᠨ ᠶᠠᠪᠣᠬᠤ ᠵᠣᠷᠢᠭ ᠰᠠᠨᠠᠭ᠎ᠠ ᠨᠢ ᠨᠣᠳᠤᠭ ᠣᠰᠣᠨ ᠤ ᠤᠯᠡᠨ ᠳᠦᠮᠡᠨ ᠳᠤ ᠪᠠᠨ ᠦᠯᠢᠭᠡᠷ ᠳᠠᠭᠤᠷᠢᠶᠠᠯ ᠪᠣᠯᠣᠭᠰᠠᠨ ᠤ ᠬᠠᠮᠲᠣ ᠲᠡᠭᠦᠨ ᠤ ᠪᠠᠭᠰᠢ ᠪᠣᠯᠣᠨ ᠨᠦᠭᠦᠳ ᠠᠴᠠ ᠰᠢᠯᠥᠭ ᠨᠠᠶᠢᠷᠠᠭ ᠡᠷᠭᠦᠵᠦ ᠬᠢᠵᠢᠭ ᠡᠪᠡᠳᠴᠢᠨ ᠢ ᠡᠮᠴᠢᠯᠡᠭᠦ ᠡᠮᠤᠨ᠎ᠠ ᠹᠷᠤᠨᠲ ᠲᠤ ᠭᠠᠪᠰᠢᠭᠠᠶᠢᠯᠠᠨ ᠠᠵᠢᠯᠯᠠᠬᠤ ᠳᠤ ᠣᠮᠤᠭ ᠵᠣᠷᠢᠭ ᠢ ᠨᠢ ᠭᠦᠪᠴᠢᠯᠡᠭᠰᠠᠨ ᠪᠠᠶᠢᠨ᠎ᠠ᠃      
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号