ᠪᠠᠭᠰᠢ ᠣᠷᠠᠨᠳᠠᠯᠠᠢ ᠨᠢᠭᠡ ᠰᠠᠷ᠎ᠠ ᠶᠢᠨ ᠴᠠᠯᠢᠩ ᠢᠶᠠᠨ ᠬᠠᠨᠳᠢᠪᠯᠠᠯ᠎ᠠ
ᠨᠡᠶᠢᠲᠡᠯᠡᠭᠰᠡᠨ ᠴᠠᠭ᠄
2020-03-19
     ᠮᠠᠨ ᠤ ᠬᠤᠰᠢᠭᠤᠨ ᠤ ᠮᠣᠩᠭᠤᠯ ᠦᠨᠳᠦᠰᠦᠲᠡᠨ ᠤ ᠭᠡᠤᠭᠡᠳ ᠤᠨ ᠴᠡᠴᠡᠷᠯᠢᠭ ᠤᠨ ᠳᠡᠳ᠋ ᠵᠠᠬᠢᠷᠤᠯ ᠤᠷᠠᠨᠳᠠᠯᠠᠢ ᠰᠡᠶᠢᠨ ᠲᠤᠷ᠎ᠠ ᠠᠴᠠ ᠨᠢᠭᠡ ᠰᠠᠷ᠎ᠠ ᠶᠢᠨ ᠴᠠᠯᠢᠩ ᠪᠤᠯᠬᠤ 8333.52 ᠲᠥᠭᠦᠷᠢᠭ ᠢ ᠬᠠᠨᠳᠢᠪ ᠪᠣᠯᠭᠠᠨ ᠡᠷᠭᠦᠵᠣ ᠬᠢᠵᠢᠭ ᠰᠡᠷᠭᠡᠶᠢᠯᠡᠭᠦ ᠠᠵᠢᠯ ᠳᠤ ᠦᠪᠡᠷ ᠤᠨ ᠭᠡᠰᠡᠨ ᠬᠤᠪᠢ ᠨᠡᠮᠡᠷᠢ ᠪᠠᠨ ᠦᠵᠡᠭᠦᠯᠪᠠ᠃
    ᠤᠷᠠᠨᠳᠠᠯᠠᠢ ᠨᠠᠮ ᠤᠨ ᠭᠡᠰᠢᠭᠦᠨ ᠤ ᠡᠭᠦᠷᠭᠡ ᠬᠠᠷᠢᠭᠤᠴᠠᠯᠭ᠎ᠠ ᠪᠠᠨ ᠪᠠᠳᠦ ᠴᠡᠭᠡᠵᠢᠯᠡᠵᠦ ᠰᠢᠨ᠎ᠡ ᠲᠢᠳᠢᠮᠯᠢᠭ ᠠᠭᠤᠰᠬᠢᠨ ᠦᠷᠪᠢᠰᠤᠯ ᠢ ᠰᠡᠷᠭᠡᠶᠢᠯᠡᠨ ᠡᠵᠡᠮᠳᠡᠵᠤ ᠡᠬᠢᠯᠡᠭᠰᠡᠨ ᠠᠴᠠ ᠨᠠᠰᠢ᠂ ᠠᠵᠢᠯ ᠤᠨ ᠪᠠᠶᠢᠷᠢ ᠪᠠᠨ ᠪᠠᠲᠤ ᠰᠠᠭᠢᠨ ᠬᠦᠨᠳᠦ ᠡᠭᠦᠷᠭᠡ ᠶᠢ ᠵᠣᠷᠢᠭᠲᠠᠶ ᠪᠠᠷ ᠡᠭᠦᠷᠭᠡᠯᠡᠵᠦ ᠭᠡᠤᠭᠡᠳ ᠤᠨ ᠴᠡᠴᠡᠷᠯᠢᠭ ᠤᠨ ᠲᠤᠭ᠎ᠠ ᠪᠠᠷᠢᠮᠲᠠ ᠶᠢ ᠪᠦᠷᠢᠳᠬᠡᠬᠦ᠂ ᠮᠡᠳᠡᠭᠡ ᠵᠠᠩᠭᠢ ᠶᠢ ᠮᠡᠳᠡᠭᠦᠯᠦᠨ ᠬᠦᠷᠭᠡᠬᠦ᠂ ᠬᠢᠵᠢᠭ ᠢ ᠰᠡᠷᠭᠡᠶᠢᠯᠡᠬᠦ ᠤᠬᠠᠭᠤᠯᠭ᠎ᠠ ᠭᠢᠭᠦ ᠵᠡᠷᠭᠡ ᠣᠯᠠᠨ ᠵᠦᠢᠯ ᠤᠨ ᠠᠵᠢᠯ ᠢ ᠰᠠᠨᠠᠭᠠᠴᠢᠯᠠᠭ᠎ᠠ‌ᠡᠴᠠ ᠪᠠᠨ ᠪᠠᠶᠠᠯᠠᠭᠦᠯᠤᠨ ᠬᠢᠵᠢᠭ ᠰᠡᠷᠭᠡᠶᠢᠯᠡᠭᠦ ᠠᠵᠢᠯ ᠳᠤ ᠦᠴᠦᠭᠡᠨ ᠴᠤ ᠭᠡᠰᠡᠨ ᠲᠤᠰᠠ ᠪᠣᠯᠬᠤ ᠶᠢ ᠪᠤᠳᠣᠵᠤ ᠰᠠᠶᠢᠨ ᠳᠤᠷ᠎ᠠ ᠠᠴᠠ ᠪᠠᠨ ᠨᠢᠭᠡ ᠰᠠᠷ᠎ᠠ ᠶᠢᠨ 8333.52 ᠲᠥᠭᠦᠷᠢᠭ ᠤᠨ ᠴᠠᠯᠢᠩ ᠢᠶᠠᠨ ᠭᠠᠷᠭᠠᠵᠤ ᠬᠠᠨᠳᠢᠪ ᠡᠷᠭᠦᠭᠰᠡᠨ ᠪᠠᠶᠢᠨ᠎ᠠ᠃
     ᠣᠷᠠᠨᠳᠠᠯᠠᠢ ᠪᠠᠭᠰᠢ ᠶᠢᠨ ᠬᠢᠨ ᠭᠡᠷ ᠪᠦᠯᠢ ᠪᠠᠷ ᠢᠶᠠᠨ ᠣᠯᠠᠨ ᠳᠦᠮᠡᠨ ᠳᠤ ᠳᠣᠰᠠᠷᠬᠠᠭ ᠶᠠᠪᠣᠳᠠᠭ ᠪᠠᠶᠢᠨ᠎ᠠ᠃ ᠡᠮᠤᠨ᠎ᠠ ᠬᠤᠶᠠᠷ ᠵᠢᠯ ᠭᠠᠯᠠᠭᠤᠳᠤ ᠪᠠᠯᠭᠠᠰᠤᠨ ᠤ ᠰᠡᠪᠭᠦᠯ ᠭᠠᠴᠠᠭᠠᠨ ᠤ ᠮᠠᠯᠴᠢᠨ ᠤᠳᠬᠤᠨᠴᠡᠴᠡᠭ ᠤᠨ ᠭᠡᠤᠭᠡᠨ ᠲᠠᠨ᠎ᠠ ᠶᠢᠨ ᠬᠠᠷᠠᠭ᠎ᠠ ᠮᠠᠭᠤᠳᠠᠵᠤ ᠮᠡᠰᠡ ᠵᠠᠰᠠᠯ ᠬᠢᠭᠦ ᠴᠢᠬᠤᠯᠠᠳᠠᠢ ᠪᠤᠯᠤᠭᠰᠠᠨ ᠰᠤᠷᠠᠭ ᠢ ᠰᠤᠨᠤᠰᠤᠭᠠᠳ ᠤᠷᠠᠨᠳᠠᠯᠢ᠂ ᠨᠦᠭᠦᠷ ᠤᠶᠢᠰᠢᠩᠪᠤᠤ ᠬᠤᠶᠠᠭᠤᠯᠠ ᠬᠠᠯᠠᠭᠤᠨ ᠭᠠᠷ ᠪᠠᠨ ᠰᠤᠩᠭᠠᠵᠤ ᠦᠪᠡᠷ ᠤᠨ ᠬᠠᠷᠮᠠᠨ ᠠᠴᠠ 10000 ᠲᠦᠭᠦᠷᠢᠭ ᠭᠠᠷᠭᠠᠵᠤ ᠲᠡᠳᠡᠨ ᠢ ᠲᠡᠮᠵᠢᠨ ᠲᠤᠰᠠᠯᠠᠭᠰᠠᠨ ᠶᠤᠮ᠃      ᠤᠷᠠᠨᠳᠠᠯᠠᠢ ᠪᠠᠭᠰᠢ ᠨᠦᠭᠦᠷ ᠬᠤᠶᠠᠭᠤᠯᠠ ᠪᠤᠰᠤᠳ ᠢ ᠬᠠᠪᠰᠣᠷᠬᠤ ᠪᠠᠷ ᠵᠢᠷᠭᠠᠯ ᠢᠶᠠᠨ ᠪᠤᠯᠭᠠᠳᠠᠭ ᠡᠷᠬᠢᠮ ᠵᠠᠩᠰᠢᠯ ᠢ ᠪᠠᠷᠢᠮᠳᠠᠯᠠᠵᠤ ᠦᠷᠭᠦᠯᠵᠢ ᠠᠮᠢᠳᠤᠷᠠᠯ ᠬᠦᠴᠢᠷᠳᠡᠯᠳᠡᠢ ᠰᠤᠷᠤᠭᠴᠢ᠂ ᠡᠪᠡᠳᠴᠢᠨ ᠵᠤᠪᠠᠯᠠᠩ ᠲᠠᠢ ᠠᠶᠢᠯ ᠡᠷᠤᠭᠡ ᠶᠢ ᠦᠪᠡᠷ ᠤᠨ ᠴᠢᠳᠠᠯ ᠤᠨ ᠬᠢᠷᠢ ᠪᠠᠷ ᠲᠠᠮᠵᠢᠨ ᠲᠤᠰᠠᠯᠠᠳᠠᠭ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号