ᠠᠷᠠᠳ ᠤᠨ ᠠᠮᠠᠨ ᠦᠯᠢᠭᠡᠷ ᠢᠶᠠᠷ ᠠᠷᠠᠳ ᠲᠦᠮᠡᠨ ᠢᠶᠠᠨ ᠤᠷᠮᠠᠰᠢᠭᠤᠯᠵᠤ ᠶᠠᠪᠤᠭ᠎ᠠ ᠠᠬᠠᠮᠠᠳ ᠪᠠᠭᠰᠢ
ᠨᠡᠶᠢᠲᠡᠯᠡᠭᠰᠡᠨ ᠴᠠᠭ᠄
2020-03-20
     ᠠᠷᠠᠳ ᠤᠨ ᠠᠮᠠᠨ ᠦᠯᠢᠭᠡᠷ ᠪᠤᠯ ᠮᠤᠩᠭᠤᠯ ᠰᠤᠶᠤᠯ ᠤᠨ ᠡᠷᠳᠡᠨᠢ ᠶᠢᠨ ᠰᠠᠩ ᠤᠨ ᠳᠤᠲᠠᠭᠳᠠᠵᠤ ᠪᠤᠯᠤᠰᠢ ᠦᠭᠡᠢ ᠨᠢᠭᠡᠨ ᠬᠡᠰᠡᠭ ᠪᠤᠯᠤᠨ᠎ᠠ᠃ ᠭᠠᠯᠠᠭᠤᠲᠤ ᠪᠠᠯᠭᠠᠰᠤᠨ ᠤ ᠰᠡᠪᠬᠦᠯ ᠭᠠᠴᠠᠭ᠎ᠠ ᠪᠠᠷ ᠨᠤᠲᠤᠭ ᠲᠠᠢ ᠠᠵᠢᠯ ᠠᠴᠠ ᠪᠠᠨ ᠠᠮᠠᠷᠠᠭᠰᠠᠨ ᠠᠬᠠᠮᠠᠳ ᠪᠠᠭᠰᠢ ᠰᠤᠶᠤᠯᠴᠡᠴᠡᠭ ︽ᠤᠷᠮ᠎ᠠ ᠬᠠᠶᠢᠷᠠᠯᠠᠶ᠎ᠠ︾ ᠸᠢᠴᠡᠲ ᠳᠠᠪᠴᠠᠩ ᠳᠤ  ᠪᠠᠨ ᠤᠯᠠᠨ ᠠᠷᠪᠢᠨ ᠠᠮᠠᠨ ᠦᠯᠢᠭᠡᠷ ᠶᠠᠷᠢᠵᠦ ᠨᠡᠶᠢᠲᠡᠯᠡᠨ ᠡᠨᠡᠬᠦ ᠦᠪ ᠰᠤᠶᠤᠯ ᠢᠶᠠᠨ ᠤᠯᠠᠮᠵᠢᠯᠠᠨ ᠳᠡᠯᠭᠡᠷᠡᠭᠦᠯᠵᠦ ᠶᠠᠪᠤᠨ᠎ᠠ᠃      2017 ᠤᠨ ᠳᠤ ᠠᠵᠢᠯ ᠤᠨ ᠠᠮᠠᠷᠠᠯᠲᠠ ᠪᠠᠨ ᠠᠪᠤᠭᠰᠠᠨ ᠠᠬᠠᠮᠠᠳ ᠪᠠᠭᠰᠢ ᠰᠤᠶᠤᠯᠴᠡᠴᠡᠭ ᠬᠦᠳᠡᠭᠡ ᠳᠤ  ᠪᠠᠨ ᠪᠤᠴᠠᠵᠤ ᠡᠵᠢ ᠶᠢ ᠪᠠᠨ ᠬᠠᠪᠰᠤᠷᠴᠤ ᠮᠠᠯ ᠠᠵᠤ ᠠᠬᠤᠢ ᠪᠠᠨ ᠡᠷᠬᠢᠯᠡᠵᠦ ᠭᠢᠵᠠᠢ᠂ ᠲᠡᠷᠡ ᠦᠨᠦᠳᠦᠷ ᠵᠤᠷᠰᠢᠯ ᠶᠤᠰᠤᠭᠠᠷ ᠦᠨᠢᠶ᠎ᠡ ᠪᠠᠨ ᠰᠠᠭᠠᠵᠤ ᠮᠠᠯ ᠢᠶᠠᠨ ᠲᠡᠵᠢᠭᠡᠨ ᠪᠤᠷᠳᠤᠭᠠᠳ ᠦᠪᠡᠷ ᠤᠨ ᠢᠶᠠᠨ ︽ᠤᠷᠮ᠎ᠠ ᠬᠠᠶᠢᠷᠠᠯᠠᠶ᠎ᠠ︾ ᠭᠡᠰᠡᠨ ᠸᠢᠴᠡᠲ ᠳᠠᠪᠴᠠᠩ ᠳᠤ ᠪᠠᠨ ᠠᠷᠠᠳ ᠤᠨ ᠠᠮᠠᠨ ᠦᠯᠢᠭᠡᠷ ᠢᠶᠠᠨ ᠰᠢᠩᠭᠡᠭᠡᠨ ᠨᠡᠶᠢᠲᠡᠯᠡᠵᠦ ᠪᠠᠶᠢᠯ᠎ᠠ᠃      ᠰᠤᠶᠤᠯᠴᠡᠴᠡᠭ᠄ ︽ᠪᠢ ᠪᠠᠭ᠎ᠠ ᠠᠴᠠ ᠪᠠᠨ ᠦᠯᠢᠭᠡᠷ ᠲᠤ ᠲᠤᠷᠠᠲᠠᠢ᠂ ᠢᠩᠬᠢᠭᠡᠳ ᠪᠢ ᠪᠠᠭ᠎ᠠ ᠳᠤ ᠪᠠᠨ ᠮᠢᠨᠤ ᠮᠦᠮᠦ᠂ ᠨᠠᠭᠠᠢ ᠮᠦᠮᠦ ᠠᠴᠠ ᠪᠠᠨ ᠦᠯᠢᠭᠡᠷ ᠰᠣᠨᠣᠰᠴᠣ ᠪᠠᠶᠢᠭᠰᠠᠨ ᠠᠴᠠ ᠮᠠᠰᠢ ᠠᠷᠪᠢᠨ ᠦᠯᠢᠭᠡᠷ ᠢ ᠮᠡᠳᠡᠵᠦ ᠴᠡᠭᠡᠵᠢᠯᠡᠭᠡᠳ ᠠᠪᠴᠢᠬᠠᠭᠰᠠᠨ ᠪᠣᠯᠬᠤᠷ ᠣᠳᠣ ᠪᠢ ᠬᠤᠯᠪᠤᠭᠠᠨ ᠳᠡᠭᠡᠷ᠎ᠡ ᠪᠠᠨ ᠪᠠᠷᠤᠭ ᠠᠯᠠᠱᠠ ᠪᠠᠶᠠᠨᠨᠠᠭᠤᠷ ᠰᠢᠯᠢ ᠶᠢᠨ ᠭᠤᠣᠯ ᠤᠯᠠᠭᠠᠨᠴᠠᠪ ᠬᠦᠯᠦᠨ ᠪᠤᠶᠢᠷ ᠬᠦᠷᠲᠡᠯ᠎ᠡ ᠦᠯᠢᠭᠡᠷ ᠶᠠᠷᠢᠯ᠎ᠠ᠃ ᠪᠢ ᠤᠤᠯ ᠲᠤ ᠪᠠᠨ ᠪᠠᠰᠠ ︿ᠤᠷᠮ᠎ᠠ ᠬᠠᠶᠢᠷᠠᠯᠠᠶ᠎ᠠ﹀ ᠬᠡᠰᠡᠨ ᠳᠠᠪᠴᠠᠩ ᠪᠠᠶᠢᠭᠤᠯᠤᠶ᠎ᠠ ᠭᠡᠵᠦ ᠪᠤᠳᠤᠵᠤ ᠪᠠᠶᠢᠭᠰᠠᠨ᠃ ᠪᠤᠰᠤᠳᠴᠢ ᠨᠦᠬᠦᠴᠡᠯ ᠪᠡᠶᠡᠴᠢ ᠨᠦᠬᠦᠴᠡᠯ ᠢ ᠤᠶᠠᠯᠳᠤᠭᠤᠯᠵᠤ ᠪᠠᠶᠢᠭᠠᠳ ᠡᠨᠡ ᠳᠠᠪᠴᠠᠩ ᠢ ᠪᠠᠶᠢᠭᠤᠯᠤᠭᠠᠳ ᠦᠯᠢᠭᠡᠷ ᠢᠶᠠᠨ ᠶᠠᠷᠢᠭᠠᠳ ᠣᠳᠣ ᠨᠢᠭᠡᠨᠳᠡ ᠭᠤᠴᠢᠨ ᠬᠤᠶᠠᠷ ᠦᠯᠢᠭᠡᠷ ᠶᠠᠷᠢᠴᠢᠬᠠᠯ᠎ᠠ︾ ᠭᠡᠪᠡ᠃      ᠴᠠᠭᠠᠨᠴᠡᠴᠡᠭ ᠨᠠᠰᠤᠲᠠᠨ ᠪᠤᠯ ︽ᠤᠷᠮ᠎ᠠ ᠬᠠᠶᠢᠷᠠᠯᠠᠶ᠎ᠠ︾ ᠸᠢᠴᠡᠲ ᠳᠠᠪᠴᠠᠩ ᠢ ᠪᠠᠶᠢᠩᠭᠤ ᠠᠩᠬᠠᠷᠳᠠᠭ ᠬᠦᠮᠦᠰ ᠤᠨ ᠨᠢᠭᠡ ᠨᠢ ᠪᠤᠯᠤᠨ᠎ᠠ᠃ ᠲᠡᠷᠡ ᠲᠤᠰ ᠳᠠᠪᠴᠠᠩ ᠳᠡᠭᠡᠷ᠎ᠡ ᠨᠡᠶᠢᠲᠡᠯᠡᠭᠰᠡᠨ ᠦᠯᠢᠭᠡᠷ ᠢ ᠦᠪᠡᠷᠳᠡᠭᠡᠨ ᠠᠮᠲᠠᠷᠬᠠᠨ ᠰᠤᠨᠤᠰᠬᠤ ᠪᠠᠷ ᠪᠠᠷᠠᠬᠤ ᠦᠭᠡᠢ ᠠᠴᠢ ᠵᠢᠭᠡ ᠨᠠᠷ ᠲᠤ ᠪᠠᠨ ᠴᠤ ᠰᠤᠨᠤᠰᠬᠠᠳᠠᠭ ᠪᠠᠶᠢᠨ᠎ᠠ᠃      ᠴᠠᠭᠠᠨᠴᠡᠴᠡᠭ᠄ ︽ᠡᠨᠡ ᠦᠯᠢᠭᠡᠷ ᠤᠨ ᠳᠠᠪᠴᠠᠩ ᠳᠤ ᠦᠯᠢᠭᠡᠷ ᠨᠢ ᠠᠷᠪᠢᠨ᠂ ᠰᠣ ᠪᠠᠭᠰᠢ ᠶᠢᠨ ᠡᠨᠡ ᠪᠣᠯ ᠦᠯᠢᠭᠡᠷ ᠬᠡᠯᠡᠬᠦ ᠲᠡᠳᠦᠢ ᠦᠯᠢᠭᠡᠷ ᠬᠡᠯᠡᠬᠦ ᠪᠢᠰᠢ᠂ ᠡᠭᠦᠨ ᠳᠤ ᠮᠠᠰᠢ ᠠᠷᠪᠢᠨ ᠮᠡᠳᠡᠯᠭᠡ ᠮᠡᠷᠭᠡᠵᠢᠯ ᠤᠨ ᠬᠠᠮᠢᠶ᠎ᠠ ᠲᠠᠢ ᠶᠠᠭᠤᠮ᠎ᠠ ᠪᠠᠶᠢᠨ᠎ᠠ᠃ ᠡᠨᠡ ᠨᠢ ᠵᠠᠯᠠᠭᠤ ᠪᠠᠭᠠᠴᠤᠳ ᠲᠤ ᠴᠤᠬᠤᠮ ᠬᠡᠷᠡᠭᠴᠡᠭᠡ ᠲᠠᠢ᠃ ᠮᠠᠨᠤᠰ ᠠᠵᠢᠯ ᠠᠴᠠ ᠪᠠᠨ ᠠᠮᠠᠷᠠᠭᠰᠠᠨ ᠬᠦᠮᠦᠰ ᠴᠤ ᠵᠠᠪᠰᠠᠷ ᠴᠢᠯᠦᠭᠡᠨ ᠳᠤ ᠪᠠᠨ ᠰᠣᠨᠣᠰᠴᠢᠬᠠᠨ᠎ᠠ᠃ ᠲᠣᠩ ᠣᠯᠠᠨ ᠶᠠᠭᠤᠮ᠎ᠠ ᠣᠶᠢᠯᠠᠭᠠᠵᠤ ᠮᠡᠳᠡᠴᠢᠬᠡᠵᠦ ᠪᠠᠶᠢᠨ᠎ᠠ᠃ ᠡᠭᠦᠨ ᠢᠶᠠᠷ ᠳᠠᠮᠵᠢᠭᠠᠳ ᠬᠡᠦᠬᠡᠳ ᠲᠤ ᠪᠠᠨ ᠮᠡᠳᠡᠯᠭᠡ ᠮᠡᠷᠭᠡᠵᠢᠯ ᠤᠨ ᠬᠠᠮᠢᠶ᠎ᠠ ᠲᠠᠢ ᠦᠯᠢᠭᠡᠷ ᠬᠡᠯᠡᠴᠢᠬᠡᠨ᠎ᠡ᠃ ᠡᠭᠦᠨ ᠤ ᠳᠤᠮᠳᠠ ᠪᠠᠰᠠ ᠨᠢᠭᠡ ᠪᠦᠯᠦᠭ ᠣᠨᠢᠰᠤᠭ᠎ᠠ ᠪᠠᠶᠢᠨ᠎ᠠ᠃ ᠡᠨᠡ ᠨᠢ ᠪᠦᠷ ᠬᠡᠦᠬᠡᠳ  ᠲᠤ ᠬᠡᠷᠡᠭ ᠲᠠᠢ ᠶᠠᠭᠤᠮ᠎ᠠ︾ ᠭᠡᠵᠤ ᠬᠡᠯᠡᠵᠤ ᠪᠠᠶᠢᠯ᠎ᠠ᠃      ᠰᠤᠶᠤᠯᠴᠡᠴᠡᠭ ᠬᠤᠷᠠᠮᠳᠤᠭᠤᠯᠵᠤ ᠴᠤᠭᠯᠠᠭᠤᠯᠤᠭᠰᠠᠨ ᠦᠯᠢᠭᠡᠷ ᠤᠳ ᠠᠴᠠ ᠪᠠᠨ ᠦᠭᠡᠳᠡᠷᠬᠡᠭ ᠠᠭᠤᠯᠭ᠎ᠠ  ᠲᠠᠢ᠂ ᠬᠦᠮᠦᠰ ᠢ ᠤᠷᠮᠠᠰᠢᠭᠤᠯᠬᠤ ᠭᠦᠨ ᠤᠬᠠᠭᠠᠨ ᠲᠠᠢ ᠦᠯᠢᠭᠡᠷ ᠢᠶᠠᠨ ᠰᠣᠩᠭᠤᠨ ᠶᠠᠷᠢᠬᠤ ᠪᠠᠷ ᠪᠠᠷᠠᠬᠤ ᠦᠭᠡᠢ ᠪᠠᠰᠠ ᠠᠮᠢᠳᠤᠷᠠᠯ ᠤᠨ ᠳᠤᠮᠳᠠ ᠦᠵᠡᠵᠦ ᠤᠶᠢᠯᠠᠭᠠᠭᠰᠠᠨ ᠤᠴᠢᠷ ᠶᠠᠪᠤᠳᠠᠯ ᠢᠶᠠᠨ ᠦᠯᠢᠭᠡᠷ ᠪᠤᠯᠭᠠᠨ ᠸᠢᠴᠡᠲ ᠬᠤᠯᠪᠤᠭᠠᠨ ᠳᠡᠭᠡᠷ᠎ᠡ  ᠶᠠᠷᠢᠳᠠᠭ᠃ ᠲᠡᠷᠡ ᠠᠷᠠᠳ ᠤᠨ ᠠᠮᠠᠨ ᠦᠯᠢᠭᠡᠷ ᠢᠶᠠᠨ ᠨᠡᠩ ᠤᠯᠠᠨ ᠬᠦᠮᠦᠨ ᠳᠤ ᠶᠠᠷᠢᠵᠦ ᠰᠤᠨᠢᠷᠬᠠᠭᠤᠯᠬᠤ ᠪᠠᠷ ︽ᠤᠷᠮ᠎ᠠ ᠬᠠᠶᠢᠷᠠᠯᠠᠶ᠎ᠠ︾ ᠳᠠᠪᠴᠠᠩ ᠢᠶᠠᠨ ᠥᠨᠥ ᠵᠢᠯ ᠤᠨ ᠬᠤᠶᠠᠳᠤᠭᠠᠷ ᠰᠠᠷ᠎ᠠ ᠳᠤ ᠪᠠᠶᠢᠭᠤᠯᠵᠤ ᠡᠳᠦᠭᠡ ᠨᠢᠭᠡᠨᠲᠡ ᠭᠤᠴᠢᠨ ᠬᠤᠶᠠᠷ ᠦᠯᠢᠭᠡᠷ ᠢᠶᠠᠨ ᠨᠡᠶᠢᠲᠡᠯᠡᠵᠦ 1700 ᠭᠠᠷᠤᠢ ᠵᠠᠬᠢᠶᠠᠯᠯᠠᠭ᠎ᠠ ᠲᠠᠢ ᠪᠤᠯᠵᠤ ᠰᠤᠨᠢᠷᠬᠠᠭᠰᠠᠨ ᠬᠦᠮᠦᠰ ᠤᠨ ᠮᠠᠭᠲᠠᠭᠠᠯ ᠰᠠᠶᠢᠰᠢᠶᠠᠯ ᠢ ᠤᠯᠵᠤ ᠶᠠᠪᠤᠨ᠎ᠠ᠃      ᠰᠤᠶᠤᠯᠴᠡᠴᠡᠭ᠄ ︽ᠡᠪᠡᠳᠴᠢᠨ ᠬᠢᠵᠢᠭ ᠤᠨ ᠴᠠᠭ ᠦᠶ᠎ᠡ ᠳᠤ ᠪᠢ ᠦᠯᠢᠭᠡᠷ ᠢᠶᠠᠨ ᠳᠠᠪᠴᠠᠩ ᠳᠡᠭᠡᠷ᠎ᠡ ᠡᠳᠦᠷ ᠡᠳᠦᠷ ᠭᠠᠷᠭᠠᠨ᠎ᠠ᠃ ᠬᠤᠵᠢᠮ ᠪᠠᠶᠢᠳᠠᠯ ᠨᠠᠮᠵᠢᠭᠤᠨ ᠪᠣᠯᠤᠭᠠᠳ ᠢᠷᠡᠪᠡᠯ ᠪᠢ ᠡᠨᠡ ᠦᠯᠢᠭᠡᠷ ᠤᠨ ᠳᠠᠪᠴᠠᠩ ᠳᠤ ᠪᠠᠨ ᠦᠭᠡᠷ᠎ᠡ  ᠠᠭᠤᠯᠭ᠎ᠠ ᠨᠡᠮᠡᠶ᠎ᠠ ᠭᠡᠵᠤ ᠪᠤᠳᠤᠵᠤ ᠪᠠᠶᠢᠨ᠎ᠠ᠃ ᠠᠪᠤ ᠡᠵᠢ ᠪᠠᠨ ᠬᠦᠨᠳᠦᠯᠡᠬᠦ᠂ ᠵᠠᠯᠠᠭᠤ ᠬᠤᠣᠰ ᠤᠳ ᠤᠨ ᠡᠶ᠎ᠡ ᠡᠪᠲᠡᠢ ᠠᠮᠢᠳᠤᠷᠠᠬᠤ᠂ ᠪᠣᠬᠢᠷᠳᠤᠯ ᠦᠭᠡᠢ ᠢᠳᠡᠭᠡᠨ ᠤᠮᠳᠠᠭᠠᠨ ᠢ ᠢᠳᠡᠬᠦ ᠵᠡᠷᠭᠡ ᠠᠭᠤᠯᠭ᠎ᠠ ᠶᠢ ᠨᠡᠮᠡᠨ ᠶᠠᠷᠢᠵᠤ ᠳᠠᠶᠠᠭᠠᠷ ᠮᠣᠩᠭᠤᠯᠴᠤᠳ ᠲᠤ ᠪᠠᠨ ᠬᠤᠪᠢᠶᠠᠯᠴᠠᠶ᠎ᠠ ᠭᠡᠵᠦ ᠪᠤᠳᠤᠵᠤ ᠪᠠᠶᠢᠨ᠎ᠠ︾ ᠭᠡᠪᠡ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号