ᠶᠡᠭᠡ ᠬᠤᠪᠢᠰᠬᠠᠯ ᠤᠨ ᠦᠶ᠎ᠠ ᠳᠤ ᠮᠠᠤ ᠳᠡᠷᠢᠬᠦᠯᠡᠭᠴᠢ ᠶᠢᠨ ︽ᠤᠴᠢ ᠦᠰᠦᠷᠦᠬᠡᠳ ᠠᠭᠤᠯᠠ ᠶᠢ ᠰᠢᠳᠠᠭᠠᠨ᠎ᠠ | ︾ ᠬᠡᠬᠦ ᠵᠤᠬᠢᠶᠠᠯ ᠬᠤᠪᠢᠰᠬᠠᠯ ᠤᠨ ᠤᠴᠢ ᠶᠢ ᠡᠬᠡ ᠤᠯᠤᠰ ᠤᠨ ᠦᠨᠴᠦᠭ ᠪᠤᠯᠤᠩ ᠪᠦᠬᠦᠨ ᠳᠤ ᠳᠦᠷᠡᠯᠵᠡᠬᠦᠯᠦᠭᠰᠡᠡ | ᠪᠠᠶᠢᠳᠠᠭ᠃ ᠳᠤᠬ ᠪᠠᠯᠭᠠᠰᠤ ᠶᠢᠨ ᠤᠯᠠᠭᠠᠨᠰᠢᠪᠠᠷᠳᠠᠢ ᠳᠤᠰᠬᠤᠨ ᠤ ᠠᠮᠢᠳᠤ ᠪᠤᠳᠠᠰ ᠤᠨ ᠮᠦᠬᠦᠯᠢᠭ ᠤᠨ | ᠦᠢᠯᠡᠳᠪᠦᠷᠢ ᠶᠢᠨ ᠳᠡᠯᠬᠡᠡ ᠦᠵᠡᠬᠦᠯᠬᠡ ᠶᠢᠨ ᠳᠠᠰᠤᠭ ᠲᠤ ᠵᠢᠬᠰᠠᠭᠠᠬᠳᠠᠵᠦ ᠪᠠᠶᠢᠭ᠎ᠠ ᠪᠤᠷᠭᠠᠰᠤᠨ ᠤ ᠮᠦᠬᠦᠯᠢᠭ ᠢᠶᠠᠷ | ᠰᠢᠳᠠᠭᠠᠯᠭ᠎ᠠ ᠪᠤᠯᠭᠠᠭᠰᠠᠠ ᠡᠯ᠎ᠡ ᠳᠦᠷᠦᠯ ᠤᠨ ᠵᠤᠤᠬᠠᠠ ᠳᠤ ᠳᠦᠷᠡᠯᠵᠡᠡ ᠠᠰᠠᠬᠤ ᠭᠠᠯ ᠤᠨ ᠤᠴᠢ ᠨᠢ ᠦᠪᠡᠷ ᠤᠨ | ᠡᠷᠬᠡ ᠦᠬᠡᠢ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠠ ᠤ ᠡᠴᠦᠰ ᠤᠨ ᠬᠠᠷᠠᠯᠳᠠ | ᠪᠠᠶᠠᠵᠢᠯ ᠤᠨ ︽ᠤᠴᠢ︾ ᠶᠢ ᠬᠤᠯᠪᠤᠨ ᠪᠤᠳᠤᠭᠳᠠᠭᠤᠯᠤᠨ᠎ᠠ᠃ ᠤᠯᠠᠭᠠᠨᠰᠢᠪᠡᠷᠳᠠᠢ ᠳᠤᠰᠬᠤᠨ ᠡᠶᠢᠮᠤᠷᠬᠦᠤ | ᠪᠠᠶᠠᠵᠢᠯ ᠤᠨ ︽ᠤᠴᠢ︾ ᠶᠢ ᠭᠤᠷᠪᠠᠠ ᠪᠠᠭᠴᠠ ᠨᠤᠴᠤᠭᠠᠵᠠᠢ᠃ | | ᠨᠢᠬᠡᠳᠦᠬᠡᠷ ᠪᠠᠭᠴᠠ ︽ᠤᠴᠢ︾᠄ ᠬᠠᠶᠠᠬᠳᠠᠮᠠᠯ ᠢ ︽ᠡᠷᠳᠡᠨᠢ︾ ᠪᠤᠯᠭᠠᠵᠦ᠂ ᠬᠤᠸᠠ ᠪᠤᠷᠭᠠᠰᠤ ᠶᠢ ︽ | ᠠᠯᠳᠠ︾ ᠪᠤᠯᠭᠠᠪᠠ | ᠤᠯᠠᠭᠠᠨᠰᠢᠪᠡᠷᠳᠠᠢ ᠳᠤᠰᠬᠤᠨ ᠢᠶᠠᠷ ᠰᠤᠷᠪᠤᠯᠵᠢᠯᠠᠠ ᠶᠠᠪᠤᠬᠤ ᠳᠤ ᠮᠦᠷ ᠮᠦᠷ ᠪᠤᠷᠭᠠᠰᠤ ᠵᠠᠮ ᠤᠨ ᠬᠤᠶᠠᠷ | ᠬᠠᠵᠠᠭᠤ ᠶᠢ ᠬᠠᠰᠢᠨ ᠡᠩᠨᠡᠷᠡᠵᠦ᠂ ᠡᠯᠡᠰᠦ ᠮᠠᠩᠬᠠᠠ ᠤ ᠳᠠᠷᠬᠠᠠ ᠬᠠᠮᠠᠭᠠᠯᠠᠭᠴᠢ ᠶᠢᠨ ᠰᠦᠷ ᠬᠦᠴᠦᠨ ᠢᠶᠠᠨ | ᠭᠠᠶᠢᠬᠠᠭᠤᠯᠤᠨ᠎ᠠ᠃ ᠳᠤᠰ ᠳᠤᠰᠬᠤᠨ ᠤ ᠪᠦᠬᠦ ᠭᠠᠵᠠᠷ ᠨᠤᠳᠤᠭ 18 ᠳᠦᠮᠡᠡ ᠮᠦ ᠪᠠᠶᠢᠬᠤ ᠳᠤ ᠪᠤᠷᠭᠠᠰᠤᠨ ᠤ | ᠳᠠᠯᠠᠪᠠᠢ ᠨᠢ 15 ᠳᠦᠮᠡᠡ ᠮᠦ ᠪᠠᠶᠢᠳᠠᠭ᠃ ᠳᠤᠰᠬᠤᠨ ᠤ ᠨᠢᠬᠡᠳᠦᠬᠡᠷ ᠱᠦᠵᠢ ᠡᠷᠳᠡᠨᠢ ᠶᠢᠨ ᠳᠠᠨᠢᠯᠴᠠᠭᠤᠯᠬᠤ ᠪᠠᠷ᠂ | ᠠᠮᠢ ᠠᠬᠤᠢ ᠶᠢᠨ ᠡᠨᠡ ᠬᠦ ᠶᠡᠭᠡ ᠦᠷ᠎ᠡ ᠪᠦᠳᠦᠮᠵᠢ ᠪᠤᠯ ᠪᠦᠬᠦ ᠳᠤᠰᠬᠤᠨ ᠤ ᠮᠠᠯᠴᠢᠨ ᠳᠠᠷᠢᠶᠠᠴᠢᠳ ᠤᠨ 30 | ᠭᠠᠷᠤᠢ ᠵᠢᠯ ᠤᠨ ᠬᠦᠴᠦ ᠬᠦᠯᠦᠰᠦ ᠪᠤᠯᠬᠤ ᠶᠤᠮ ᠬᠡᠨ᠎ᠡ᠃ ᠪᠤᠷᠭᠠᠰᠤ ᠪᠤᠯ ᠡᠯᠡᠰᠦ ᠮᠠᠩᠬ᠎ᠠ ᠶᠢ | ᠳᠤᠭᠳᠠᠪᠤᠷᠢᠵᠢᠭᠤᠯᠬᠤ ᠦᠢᠯᠡᠳᠦᠯ ᠢᠶᠠᠷ ᠤᠨᠴᠠ ᠰᠠᠶᠢᠨ ᠪᠤᠳᠠᠯᠢᠭ ᠤᠷᠭᠤᠮᠠᠯ᠃ ᠬᠡᠬᠦ ᠳᠤ 3 — 5 ᠵᠢᠯ ᠳᠤ | ᠵᠠᠪᠠᠯ ᠨᠢᠬᠡ ᠤᠳᠠᠭ᠎ᠠ ᠬᠠᠳᠤᠵᠦ ᠪᠠᠶᠢᠬᠤ ᠬᠡᠷᠡᠭᠳᠠᠢ᠂ ᠦᠬᠡᠢ ᠪᠤᠯ ᠤᠷᠭᠤᠯᠳᠠ ᠨᠢ ᠮᠠᠭᠤᠳᠠᠬᠤ ᠪᠤᠶᠤ ᠨᠢᠬᠡᠮᠦᠰᠦᠨ | ᠦᠬᠦᠳᠡᠭ᠃ ᠤᠳᠠᠭᠠᠠ ᠵᠢᠯ ᠤᠨ ᠳᠤᠷᠰᠢ ᠳᠤ ᠮᠠᠯᠴᠢᠨ ᠳᠠᠷᠢᠶᠠᠴᠢᠳ ᠳᠠᠷᠢᠬᠰᠠᠠ ᠪᠤᠷᠭᠠᠰᠤ ᠪᠠᠨ ᠦᠪᠡᠷ ᠢᠶᠠᠨ | ᠬᠠᠳᠤᠵᠦ ᠳᠦᠯᠡᠰᠢ ᠬᠢᠬᠦ᠂ ᠡᠰᠡᠬᠦᠯ᠎ᠠ ᠡᠷᠬᠢ ᠬᠤᠩᠬᠢᠯ ᠤᠨ ᠴᠤᠭᠤᠷᠬᠠᠢ ᠪᠦᠭᠯᠡᠵᠦ ᠮᠠᠩᠬᠠᠠ ᠳᠤ ᠦᠬᠢᠷᠡᠬᠦᠯᠦᠨ | ᠬᠠᠶᠠᠵᠦ ᠪᠠᠶᠢᠵᠠᠢ᠃ | ᠬᠤᠸᠠ ᠪᠤᠷᠭᠠᠰᠤ ᠶᠢ ︽ᠠᠯᠳᠠ︾ ᠪᠤᠯᠭᠠᠠ ᠠᠰᠢᠬᠯᠠᠬᠤ ᠠᠩᠬᠠᠠ ᠤ ᠤᠬᠠᠭᠠᠠ ᠢ ᠤᠯᠠᠭᠠᠨᠰᠢᠪᠠᠷᠳᠠᠢ | ᠳᠤᠰᠬᠤᠨ ᠤ ᠨᠠᠮ ᠤᠨ ᠡᠬᠦᠷ᠂ ᠳᠤᠰᠬᠤᠨ ᠤ ᠵᠦᠪᠯᠡᠯ ᠠᠴᠠ ᠡᠬᠢᠯᠡᠵᠦ ᠰᠡᠶᠢᠯᠵᠠᠢ᠃ 2019 ᠤᠨ ᠳᠤ ᠳᠡᠳᠡ | ᠪᠤᠷᠭᠠᠰᠤ ᠶᠢ ᠬᠠᠳᠤᠵᠦ ᠬᠤᠷᠢᠶᠠᠬᠤ ᠳᠦᠷᠦᠯ ᠵᠦᠢᠯ ᠢ 7560 ᠮᠦ ᠭᠤᠶᠤᠴᠢᠯᠠᠠ ᠤᠯᠵᠦ᠂ ᠮᠠᠯᠴᠢᠨ ᠳᠠᠷᠢᠶᠠᠴᠢᠳ | 1 ᠮᠦ ᠪᠤᠷᠭᠠᠰᠤ ᠬᠠᠳᠤᠪᠠᠯ 100 ᠳᠦᠬᠦᠷᠢᠭ ᠤᠨ ᠨᠦᠬᠦᠪᠦᠷᠢ ᠦᠭᠴᠦ᠂ ᠦᠪᠡᠷ ᠢᠶᠠᠨ ᠬᠠᠳᠤᠬᠤ ᠦᠬᠡᠢ ᠪᠤᠯ | ᠬᠠᠳᠤᠭᠤᠷᠴᠢᠨ ᠳᠤ 70 ᠳᠦᠬᠦᠷᠢᠭ ᠢ ᠨᠢ ᠦᠭᠴᠦ᠂ ᠮᠠᠯᠴᠢᠨ ᠳᠠᠷᠢᠶᠠᠴᠢᠨ ᠡᠷᠦᠬᠡ ᠳᠤ 30 ᠳᠦᠬᠦᠷᠢᠭ ᠤᠨ | ᠨᠦᠬᠦᠪᠦᠷᠢ ᠦᠭᠴᠠᠢ᠃ ᠡᠨᠡ ᠵᠢᠯ ᠤᠯᠠᠭᠠᠨᠰᠢᠪᠠᠷᠳᠠᠢ ᠳᠤᠰᠬᠤᠨ ᠡᠨᠡ ᠳᠦᠷᠦᠯ ᠤᠨ ᠪᠡᠯᠡ ᠮᠦᠩᠬᠦ ᠶᠢ 2 ᠳᠦᠮᠡᠡ | ᠮᠦ ᠭᠤᠶᠤᠴᠢᠯᠠᠠ ᠤᠯᠤᠭᠰᠠᠠ ᠪᠠᠶᠢᠯ᠎ᠠ᠃ ᠤᠢᠢᠯᠠᠭᠠᠭᠰᠠᠠ ᠢᠶᠠᠷ ᠪᠤᠷᠭᠠᠰᠤᠨ ᠤ ᠳᠤᠨ ᠪᠦᠷᠢ ᠶᠢᠨ ᠦᠷᠳᠡᠭ ᠨᠢ | 160 — 180 ᠳᠦᠬᠦᠷᠢᠭ ᠪᠠᠶᠢᠵᠦ᠂ ᠶᠠᠳᠠᠭᠤ ᠬᠦᠴᠢᠷᠳᠡᠯᠳᠡᠢ ᠡᠷᠦᠬᠡ ᠶᠢᠨ ᠪᠤᠷᠭᠠᠰᠤ ᠶᠢ ᠬᠤᠷᠢᠶᠠᠬᠤ ᠳᠠᠭᠠᠨ | ᠳᠤᠨ ᠪᠦᠷᠢ ᠳᠤ 20 ᠳᠦᠬᠦᠷᠢᠭ ᠤᠨ ᠦᠨ᠎ᠠ ᠬᠠᠩᠰᠢ ᠨᠡᠮᠡᠵᠦ ᠦᠭᠳᠡᠭ ᠠᠵᠢ᠃ ᠡᠯᠡᠰᠦ ᠮᠠᠩᠬᠠᠠ ᠳᠤ ᠦᠬᠢᠷᠡᠬᠡᠢ | ᠬᠤᠵᠤᠤᠯ᠎ᠠ ᠪᠤᠯᠤᠨ ᠬᠠᠶᠠᠭᠳᠠᠵᠦ ᠪᠠᠶᠢᠬᠰᠠᠠ ᠬᠤᠸᠠ ᠪᠤᠷᠠᠭᠠᠰᠤ ᠨᠢ ᠮᠠᠯᠴᠢᠨ ᠳᠠᠷᠢᠶᠠᠴᠢᠳ ᠤᠨ ᠠᠰᠢᠭ | ᠤᠷᠤᠯᠭ᠎ᠠ ᠶᠢᠨ ᠨᠡᠮᠡᠷᠢ ᠪᠤᠯᠵᠦ᠂ ᠤᠳᠤ ᠪᠦᠬᠦ ᠳᠤᠰᠬᠤᠨ ᠤ 983 ᠡᠷᠦᠬᠡ ᠨᠢ ᠵᠢᠯ ᠪᠦᠷᠢ ᠪᠤᠷᠭᠠᠰᠤᠨ ᠠᠴᠠ | 5000 ᠳᠦᠬᠦᠷᠢᠭ ᠤᠨ ᠤᠷᠤᠯᠭ᠎ᠠ ᠤᠯᠬᠤ ᠪᠤᠯᠤᠭᠰᠠᠠ ᠪᠠᠶᠢᠨ᠎ᠠ᠃ | | ᠬᠤᠶᠠᠳᠤᠭᠠᠷ ᠪᠠᠭᠴᠠ ︽ᠤᠴᠢ︾᠄ ᠠᠮᠢᠳᠤ ᠪᠤᠳᠠᠰ ᠤᠨ ᠮᠦᠬᠦᠯᠢᠭ ᠢᠶᠠᠷ ᠰᠢᠳᠠᠭᠠᠯᠭ᠎ᠠ ᠪᠤᠯᠭᠠᠵᠦ ᠮᠠᠯᠴᠢᠨ | ᠳᠠᠷᠢᠶᠠᠴᠢᠨ ᠤ ᠵᠠᠷᠤᠳᠠᠯ ᠢ ᠪᠠᠭᠠᠰᠬᠠᠪᠠ | ᠤᠯᠠᠭᠠᠨᠰᠢᠪᠠᠷᠳᠠᠢ ᠳᠤᠰᠬᠤᠨ ᠤ ᠠᠮᠢᠳᠤ ᠪᠤᠳᠠᠰ ᠤᠨ ᠮᠦᠬᠦᠯᠢᠭ ᠤᠨ ᠦᠢᠯᠡᠳᠪᠦᠷᠢ ᠪᠤᠯ ᠳᠤᠰ ᠳᠤᠰᠬᠤᠨ ᠤ | ᠬᠠᠮᠳᠤ ᠶᠢᠨ ᠠᠵᠤ ᠠᠬᠤᠢ ᠪᠤᠯᠬᠤ ᠶᠤᠮ᠃ ᠦᠢᠯᠡᠳᠪᠦᠷᠢ ᠨᠢ ᠤᠷᠢᠳ ᠬᠤᠵᠢᠳ 530 ᠳᠦᠮᠡᠡ ᠳᠦᠬᠦᠷᠢᠭ ᠤᠨ | ᠪᠡᠯᠡ ᠤᠷᠤᠭᠤᠯᠵᠦ᠂ 2019 ᠤᠨ ᠤ 11 ᠰᠠᠷ᠎ᠠ ᠳᠤ ᠳᠤᠷᠰᠢᠨ ᠦᠢᠯᠡᠳᠪᠦᠷᠢᠯᠡᠯ ᠬᠢᠵᠦ ᠡᠬᠢᠯᠡᠭᠰᠡᠡ ᠪᠠᠶᠢᠨ᠎ᠠ᠃ | ᠤᠳᠤᠬᠠᠠ ᠳᠤ ᠬᠤᠶᠠᠷ ᠰᠠᠭᠤᠷᠢ ᠮᠦᠬᠦᠯᠢᠭᠵᠢᠬᠦᠯᠬᠦ ᠮᠠᠰᠢᠨ ᠨᠢ ᠴᠠᠭ ᠪᠦᠷᠢ 3 ᠳᠤᠨ ᠪᠤᠷᠭᠠᠰᠤᠨ ᠮᠦᠬᠦᠯᠢᠭ | ᠦᠢᠯᠡᠳᠪᠦᠷᠢᠯᠡᠳᠡᠭ᠃ ᠡᠨᠡ ᠳᠦᠷᠦᠯ ᠤᠨ ᠪᠤᠷᠭᠠᠰᠤᠨ ᠮᠦᠬᠦᠯᠢᠭ ᠤᠨ ᠰᠢᠳᠠᠭᠠᠯᠭ᠎ᠠ ᠶᠢᠨ ᠠᠴᠢ ᠬᠤᠯᠪᠤᠭᠳᠠᠯ ᠢ | ᠪᠠᠰᠤᠬᠤ ᠶᠢᠨ ᠠᠷᠭ᠎ᠠ ᠦᠬᠡᠢ᠃ ᠰᠢᠳᠠᠯᠳᠠ ᠶᠢᠨ ᠴᠡᠭ ᠤᠨ ᠢᠯᠴᠢ ᠨᠢ 4700 ᠺᠠᠯᠤᠷᠢ ᠳᠤ ᠬᠦᠷᠴᠦ᠂ ᠬᠡᠷ | ᠪᠠᠶᠢᠰᠢᠩ ᠬᠠᠯᠠᠭᠤᠯᠬᠤ᠂ ᠬᠤᠭᠤᠯᠠ ᠪᠤᠳᠠᠭ᠎ᠠ ᠳᠦᠬᠦᠬᠡᠷᠬᠦ ᠳᠤ ᠤᠨᠴᠠ ᠳᠦᠬᠦᠮ᠂ ᠳᠤᠬᠢᠷᠠᠮᠵᠢᠳᠠᠢ ᠪᠠᠶᠢᠵᠦ | ᠬᠡᠷᠡᠭᠯᠡᠭᠴᠢᠳ ᠤᠨ ᠬᠦᠷᠢᠶᠡᠯᠡᠯ ᠢ ᠶᠡᠬᠡᠳᠡ ᠤᠯᠵᠦ ᠪᠤᠢ᠃ ᠳᠠᠷᠢᠶᠠᠴᠢᠨ ᠸᠠᠩ ᠮᠤᠤ ᠱᠧᠩ ᠪᠤᠷᠭᠠᠰᠤᠨ | ᠮᠦᠬᠦᠯᠢᠭ ᠢᠶᠠᠷ ᠰᠢᠳᠠᠭᠠᠯᠭ᠎ᠠ ᠬᠢᠬᠦ ᠵᠤᠤᠬ᠎ᠠ ᠶᠢ ᠬᠡᠷᠡᠭᠯᠡᠬᠡᠳ ᠦᠩᠬᠡᠷᠡᠭᠴᠢ ᠡᠪᠦᠯ ᠰᠢᠳᠠᠭᠠᠯᠭ᠎ᠠ ᠶᠢᠨ ᠵᠠᠷᠤᠳᠠᠯ ᠢᠶᠠᠨ | ᠬᠠᠭᠠᠰ ᠢᠶᠠᠷ ᠭᠠᠮᠨᠠᠬᠰᠠᠠ ᠪᠠᠶᠢᠯ᠎ᠠ᠃ ᠪᠤᠷᠭᠠᠰᠤᠨ ᠮᠦᠬᠦᠯᠢᠭ ᠢ ᠰᠢᠳᠠᠭᠠᠯᠭ᠎ᠠ ᠳᠤ ᠬᠡᠷᠡᠭᠯᠡᠪᠡᠯ ᠢᠯᠴᠢ ᠶᠡᠭᠡ᠂ ᠦᠨᠡᠰᠦ | ᠪᠠᠭ᠎ᠠ᠂ ᠤᠳᠤᠭ᠎ᠠ ᠦᠬᠡᠢ ᠵᠡᠷᠬᠡ ᠳᠠᠪᠠᠭᠤᠯᠢᠭ ᠳᠠᠯ᠎ᠠ ᠲᠠᠢ ᠪᠠᠶᠢᠵᠦ᠂ ᠦᠩᠬᠡᠷᠡᠭᠰᠡᠡ ᠤ ᠨᠡᠬᠦᠷᠡᠰᠦᠨ ᠤᠳᠤᠭᠠᠠ ᠳᠤ | ᠬᠤᠤᠷᠳᠠᠭᠳᠠᠬᠤ ᠠᠶᠤᠯ ᠬᠡᠨᠡᠳᠡᠯ ᠢ ᠳᠡᠤᠬᠡ ᠪᠤᠯᠭᠠᠠ ᠡᠴᠤᠰᠯᠡᠬᠦᠯᠵᠠᠢ᠃ ᠡᠷᠳᠡᠨᠢ᠄ ︽ᠪᠢᠳᠡ ᠪᠤᠷᠭᠠᠰᠤᠨ | ᠮᠦᠬᠦᠯᠢᠭ ᠢᠶᠠᠨ ᠮᠠᠯᠴᠢᠨ ᠳᠠᠷᠢᠶᠠᠴᠢᠳ ᠲᠤ ᠳᠤᠨ ᠪᠦᠷᠢ ᠶᠢ 800 ᠳᠦᠬᠦᠷᠢᠭ ᠢᠶᠠᠷ ᠬᠤᠳᠠᠯᠳᠤᠬᠤ ᠪᠤᠶᠤ ᠬᠤᠸᠠ | ᠪᠤᠷᠭᠠᠰᠤ ᠶᠢᠨ ᠳᠦᠬᠦᠬᠡᠢ ᠮᠠᠲ᠋ᠧᠷᠢᠶᠠᠯ ᠢᠶᠠᠷ ᠰᠤᠯᠢᠵᠦ᠂ ᠭᠠᠳᠠᠭᠰᠢ ᠪᠤᠯ ᠳᠤᠨ ᠪᠦᠷᠢ ᠶᠢ 850 ᠳᠦᠬᠦᠷᠢᠭ ᠢᠶᠠᠷ | ᠪᠤᠷᠤᠯᠠᠭᠤᠯᠳᠠᠭ᠂ 100 ᠳᠡᠭᠰᠢ ᠳᠦᠷᠪᠡᠯᠵᠢᠨ ᠮᠧᠲᠷ ᠤᠨ ᠬᠡᠷ ᠪᠠᠶᠢᠰᠢᠩ ᠲᠠᠢ ᠠᠶᠢᠯ ᠪᠤᠯ ᠵᠢᠯ ᠳᠤ 3100 | ᠳᠦᠬᠦᠷᠢᠭ ᠤᠷᠴᠢᠮ ᠤᠨ ᠰᠢᠳᠠᠭᠠᠯᠭ᠎ᠠ ᠶᠢᠨ ᠵᠠᠷᠤᠳᠠᠯ ᠬᠡᠷᠡᠭᠰᠡᠨ᠎ᠡ︾ ᠬᠡᠵᠦ ᠪᠠᠶᠢᠯ᠎ᠠ᠃ ᠡᠨᠡ ᠵᠢᠯ ᠤᠨ ᠬᠢᠵᠢᠭ ᠢ | ᠰᠡᠷᠬᠡᠶᠢᠯᠡᠬᠦ ᠬᠤᠭᠤᠴᠠᠭᠠᠠ ᠳᠤ ᠳᠡᠳᠡᠡ ᠤ ᠵᠤᠤᠬ᠎ᠠ᠂ ᠪᠤᠷᠭᠠᠰᠤᠨ ᠮᠦᠬᠦᠯᠢᠭ ᠨᠢ ᠨᠡᠩᠳᠡ ᠦᠢᠯᠡᠳᠦᠯ ᠢᠶᠠᠨ | ᠪᠠᠳᠠᠷᠠᠭᠤᠯᠵᠦ᠂ ᠡᠯ᠎ᠡ ᠰᠡᠷᠬᠡᠶᠢᠯᠡᠬᠦ ᠴᠡᠭ ᠤᠨ ᠪᠤᠯᠢᠶᠠᠯᠳᠤᠨ ᠠᠪᠬᠤ ᠪᠠᠷᠠᠭ᠎ᠠ ᠪᠤᠯᠤᠭᠰᠠᠠ ᠠᠵᠢ᠃ | ᠤᠯᠠᠭᠠᠨᠰᠢᠪᠠᠷᠳᠠᠢ ᠳᠤᠰᠬᠤᠨ ᠤ ᠠᠮᠢᠳᠤ ᠪᠤᠳᠠᠰ ᠤᠨ ᠮᠦᠬᠦᠯᠢᠭ ᠤᠨ ᠦᠢᠯᠡᠳᠪᠦᠷᠢ ᠨᠢ ᠠᠵᠢᠯ | ᠤᠯᠭᠤᠯᠳᠠ ᠪᠠᠷ ᠶᠠᠳᠠᠭᠤ ᠶᠢ ᠳᠡᠳᠬᠦᠬᠦ ᠶᠢ ᠪᠠᠷᠢᠮᠳᠠᠯᠠᠵᠦ᠂ ᠡᠳᠦᠬᠡ ᠳᠤᠰᠬᠤᠨ ᠤ ᠪᠠᠨ 2 ᠨᠡᠷ᠎ᠡ ᠶᠠᠳᠠᠭᠤ | ᠬᠦᠴᠢᠷᠳᠡᠯᠳᠡᠢ ᠡᠷᠦᠬᠡ ᠠᠴᠠ ᠠᠵᠢᠯᠳᠠᠠ ᠬᠦᠯᠦᠰᠦᠯᠡᠵᠦ᠂ ᠬᠦᠮᠦᠨ ᠪᠦᠷᠢ ᠳᠤ ᠰᠠᠷ᠎ᠠ ᠶᠢᠨ 5000 ᠳᠦᠬᠦᠷᠢᠭ ᠤᠨ | ᠴᠠᠯᠢᠩ ᠤᠯᠭᠤᠵᠦ ᠪᠠᠶᠢᠨ᠎ᠠ᠃ | | ᠭᠤᠷᠪᠠᠳᠤᠭᠠᠷ ᠪᠠᠭᠴᠠ ︽ᠤᠴᠢ︾᠄ ᠡᠬᠦᠯᠳᠡᠷ ᠤᠨ ᠮᠠᠯ ᠤᠷᠤᠭᠤᠯᠤᠨ ᠮᠠᠯᠴᠢᠨ ᠳᠠᠷᠢᠶᠠᠴᠢᠨ ᠤ | ᠤᠷᠤᠯᠭ᠎ᠠ ᠶᠢ ᠨᠡᠮᠡᠭᠳᠡᠬᠦᠯᠪᠡ | ᠪᠢᠳᠠ ᠤᠯᠠᠭᠠᠨᠰᠢᠪᠠᠷᠳᠠᠢ ᠳᠤᠰᠬᠤᠨ ᠤ ᠳᠠᠪᠤᠳᠤᠭᠠᠷ ᠬᠤᠷᠰᠢᠶ᠎ᠠ ᠳᠤ ᠬᠦᠷᠪᠡᠯ ᠶᠠᠭ ᠰᠠᠶᠢᠬᠠᠠ ᠨᠠᠷᠢᠨ | ᠨᠤᠤᠰᠤᠳᠤ ᠬᠤᠨᠢᠨ ᠤ ᠬᠤᠴᠠ ᠬᠤᠪᠢᠶᠠᠭᠠᠳ ᠬᠦᠯ ᠬᠦᠬᠡᠷᠴᠡᠭ ᠪᠤᠯᠵᠦ ᠪᠠᠶᠢᠪᠠ᠃ ᠳᠠᠷᠢᠶᠠᠴᠢᠨ ᠳ᠋ᠤᠸᠠᠠ ᠵᠧᠩ | ᠴᠢᠩ ᠰᠢᠯᠢᠵᠦ ᠠᠪᠤᠬᠰᠠᠠ ᠬᠤᠴᠠ ᠪᠠᠨ ᠭᠤᠷᠪᠠᠠ ᠬᠦᠷᠳᠦᠳᠦ ᠲᠷᠠᠺᠲ᠋ᠤᠷ ᠲᠠᠭᠠᠨ ᠰᠠᠪᠠᠯᠠᠭᠠᠳ ᠬᠠᠷᠢᠬᠤ ᠪᠠᠷ | ᠪᠡᠯᠡᠳᠬᠡᠨ᠎ᠡ᠃ ᠳᠡᠷᠡ᠄ ︽ᠮᠠᠠ ᠤ ᠬᠢᠨ ᠤᠤᠯ ᠤᠨ ᠬᠤᠴᠠ ᠪᠠᠨ ᠨᠢᠬᠡᠨᠳᠡ ᠬᠤᠶᠠᠷ ᠵᠢᠯ ᠳᠠᠯᠪᠢᠬᠰᠠᠠ᠂ ᠡᠨᠡ ᠵᠢᠯ | ᠶᠠᠭ ᠰᠠᠶᠢᠬᠠᠠ ᠬᠤᠴᠠ ᠰᠤᠯᠢᠬᠤ ᠱᠠᠭᠠᠷᠳᠠᠯᠭ᠎ᠠ ᠲᠠᠢ ᠪᠠᠶᠢᠪᠠ᠂ ᠰᠠᠨᠠᠭᠠᠠ ᠠᠴᠠ ᠭᠠᠳᠠᠭᠤᠷ ᠳᠤᠰᠬᠤᠨ ᠳᠤ ᠰᠠᠭᠤᠭ᠎ᠠ | ᠠᠵᠢᠯᠯᠠᠬᠤ ᠠᠩᠬᠢ ᠠᠴᠠ ᠮᠠᠠ ᠳᠤ 800 ᠳᠦᠬᠦᠷᠢᠭ ᠤᠨ ᠨᠦᠬᠦᠪᠦᠷᠢ ᠲᠠᠢ ᠬᠤᠴᠠ ᠠᠪᠴᠢᠷᠠᠵᠦ ᠬᠤᠪᠢᠶᠠᠬᠰᠠᠠ ᠨᠢ | ᠴᠤᠬᠤᠮ ᠴᠤ ᠰᠠᠶᠢᠨ ᠤᠴᠢᠷ ᠪᠤᠯᠤᠯ᠎ᠠ︾ ᠬᠡᠵᠦ ᠠᠮᠠ ᠪᠠᠨ ᠬᠠᠮᠬᠢᠵᠦ ᠳᠡᠶᠢᠯᠬᠦ ᠦᠬᠡᠢ ᠪᠠᠶᠠᠷᠯᠠᠨ᠎ᠠ᠃ | ᠤᠯᠠᠭᠠᠨᠰᠢᠪᠠᠷᠳᠠᠢ ᠳᠤᠰᠬᠤᠨ ᠤ ᠶᠠᠳᠠᠭᠤ ᠬᠦᠴᠢᠷᠳᠡᠯᠳᠡᠢ ᠡᠷᠦᠬᠡ ᠳᠢᠶᠠᠠ ᠸᠧᠨ ᠵᠢᠶᠦ᠋ᠨ ᠴᠤ ᠨᠢᠬᠡ ᠬᠤᠴᠠ | ᠤᠯᠤᠭᠠᠳ ᠪᠠᠷᠢᠵᠦ ᠳᠠᠯᠪᠢᠬᠤ ᠪᠠᠨ ᠤᠯᠵᠦ ᠶᠠᠳᠠᠨ᠎ᠠ᠃ ᠳᠡᠷᠡ ᠪᠤᠯ 2016 ᠤᠨ ᠳᠤ ᠳᠠᠩᠰᠠᠯᠠᠭᠤᠯᠤᠬᠰᠠᠠ | ᠶᠠᠳᠠᠭᠤ ᠡᠷᠦᠬᠡ ᠶᠤᠮ᠃ 2016 ᠤᠨ ᠳᠤ ᠬᠤᠰᠢᠭᠤ ᠶᠠᠳᠠᠭᠤ ᠶᠢ ᠳᠡᠳᠬᠦᠬᠦ ᠠᠯᠪᠠᠠ ᠬᠡᠷ ᠠᠴᠠ ᠳᠡᠳᠡᠨ ᠤ ᠬᠢᠨ ᠢ | 20 ᠦᠷᠡᠵᠢᠯ ᠤᠨ ᠨᠠᠷᠢᠨ ᠨᠤᠤᠰᠤᠳᠤ ᠬᠤᠨᠢ ᠪᠠᠷ ᠳᠡᠮᠵᠢᠭᠰᠡᠡ ᠨᠢ ᠤᠳᠤ ᠦᠰᠦᠬᠡᠳ 70 ᠭᠠᠷᠤᠢ ᠳᠤᠯᠤᠭᠠᠢ | ᠪᠤᠯᠵᠦ ᠨᠢᠬᠡᠨᠳᠡ ᠶᠠᠳᠠᠭᠤ ᠠᠴᠠ ᠠᠩᠬᠢᠵᠢᠷᠠᠭᠰᠠᠠ ᠪᠠᠶᠢᠨ᠎ᠠ᠃ | ᠤᠯᠠᠭᠠᠨᠰᠢᠪᠠᠷᠳᠠᠢ ᠳᠤᠰᠬᠤᠨ ᠤ ᠨᠢᠬᠡᠳᠦᠬᠡᠷ ᠱᠦᠵᠢ ᠡᠷᠳᠡᠨᠢ ᠶᠢᠨ ᠬᠡᠯᠡᠬᠦ ᠪᠠᠷ᠂ ᠤᠯᠠᠭᠠᠨᠰᠢᠪᠠᠷᠳᠠᠢ ᠳᠤᠰᠬᠤᠨ | ᠤᠤᠯ ᠨᠢ ᠢᠮᠠᠭ᠎ᠠ ᠮᠠᠯᠵᠢᠬᠤ ᠪᠠᠷ ᠭᠤᠤᠯᠳᠠᠭᠤᠯᠵᠦ᠂ ᠡᠨᠡ ᠨᠢ ᠠᠮᠢ ᠠᠬᠤᠢ ᠶᠢᠨ ᠪᠦᠳᠦᠬᠡᠡ | ᠪᠠᠶᠢᠭᠤᠯᠤᠯᠳᠠ ᠲᠠᠢ ᠪᠠᠨ ᠳᠦᠢᠯ ᠤᠨ ᠡᠶ᠎ᠡ ᠵᠤᠬᠢᠴᠠᠯ ᠦᠬᠡᠢ ᠪᠠᠶᠢᠵᠠᠢ᠃ ᠳᠡᠷᠡ ᠳᠤᠰ ᠳᠤᠰᠬᠤᠨ ᠳᠤ ᠢᠷᠡᠭᠰᠡᠡ ᠤ | ᠳᠠᠷᠠᠭ᠎ᠠ ᠨᠠᠷᠢᠨ ᠨᠤᠤᠰᠤᠳᠤ ᠬᠤᠨᠢ ᠮᠠᠯᠵᠢᠬᠤ ᠶᠢ ᠶᠡᠭᠡ ᠪᠠᠷ ᠰᠤᠷᠳᠠᠯᠴᠢᠯᠠᠠ ᠰᠠᠨᠠᠭᠠᠴᠢᠯᠠᠵᠦ᠂ 2018 ᠤᠨ ᠳᠤ 8 | ᠬᠤᠴᠠ᠂ 2019 ᠤᠨ ᠳᠤ 12 ᠬᠤᠴᠠ᠂ ᠡᠨᠡ ᠵᠢᠯ 30 ᠬᠤᠴᠠ ᠤᠷᠤᠭᠤᠯᠵᠦ ᠪᠠᠶᠢᠭ᠎ᠠ ᠨᠢ ᠡᠨᠡ ᠠᠵᠢ᠃ | ᠡᠨᠡ ᠵᠢᠯ ᠤᠨ ᠬᠤᠪᠢᠶᠠᠬᠰᠠᠠ ᠬᠤᠴᠠ ᠨᠢ ᠬᠡᠳᠦ᠋ᠢᠪᠡᠷ ᠳᠦᠯᠬᠡ ᠪᠤᠯᠪᠠᠴᠤ ᠪᠡᠶ᠎ᠡ ᠪᠢᠯᠳᠠᠷ ᠶᠡᠭᠡ᠂ ᠠᠬᠠᠷ ᠨᠤᠤᠰᠤ ᠨᠢ | ᠤᠷᠳᠤ ᠨᠢᠬᠳᠠ ᠪᠠᠶᠢᠵᠦ ᠰᠠᠶᠢᠨ ᠬᠤᠴᠠ ᠪᠤᠯᠬᠤ ᠨᠢ ᠳᠤᠳᠤᠷᠬᠠᠢ ᠭᠠᠳᠠᠷᠯᠠᠭᠳᠠᠨ᠎ᠠ᠃ ᠡᠷᠳᠡᠨᠢ᠄ ︽ᠡᠨᠡ ᠬᠤᠴᠠ | ᠦᠨᠡᠡ ᠳᠡᠭᠡᠨ 1600 ᠳᠦᠬᠦᠷᠢᠭ᠂ ᠬᠤᠰᠢᠭᠤ ᠲᠠᠷᠢᠶᠠᠯᠠᠩ ᠮᠠᠯ ᠠᠵᠤ ᠠᠬᠤᠢ ᠶᠢᠨ ᠳᠤᠪᠴᠢᠶᠠᠠ ᠠᠴᠠ 800 | ᠳᠦᠬᠦᠷᠢᠭ ᠨᠦᠬᠦᠪᠦᠷᠢᠯᠡᠨ᠎ᠡ᠂ ᠳᠠᠬᠢᠪᠠᠯ ᠡᠨᠡ ᠬᠠᠪᠤᠷ ᠨᠢᠬᠡ ᠬᠤᠴᠠ 16 — 17 ᠵᠢᠩ ᠠᠬᠠᠷ ᠬᠠᠶᠢᠴᠢᠯᠠᠵᠦ᠂ | ᠨᠢᠳᠦᠨᠤᠨ ᠤ ᠠᠬᠠᠷ ᠨᠤᠤᠰᠤᠨ ᠤ ᠦᠨ᠎ᠡ ᠪᠠᠷ ᠪᠤᠯ 300 ᠳᠦᠬᠦᠷᠢᠭ ᠬᠦᠷᠦᠨ᠎ᠡ᠂ ᠢᠩᠬᠢᠪᠡᠯ ᠮᠠᠯᠴᠢᠨ ᠳᠠᠷᠢᠶᠠᠴᠢᠨ | ᠡᠷᠦᠬᠡ ᠦᠪᠡᠷ ᠢᠶᠠᠨ 500 ᠳᠦᠬᠦᠷᠢᠭ ᠯᠠ ᠭᠠᠷᠭᠠᠵᠦ ᠪᠠᠶᠢᠨ᠎ᠠ︾ ᠬᠡᠵᠦ ᠪᠠᠶᠢᠯ᠎ᠠ᠃ | ︽ᠤᠴᠢ︾ ᠯᠠ ᠪᠠᠶᠢᠪᠠᠯ ᠳᠦᠷᠡᠯᠵᠡᠬᠦ ᠨᠢ ᠯᠠᠪᠳᠠᠢ᠃ ᠤᠯᠠᠭᠠᠨᠰᠢᠪᠠᠷᠳᠠᠢ ᠳᠤᠰᠬᠤᠨ ᠤ ᠶᠠᠳᠠᠭᠤ ᠠᠴᠠ | ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠠ ᠤ ᠪᠠᠶᠠᠵᠢᠯ ᠤᠨ ︽ᠤᠴᠢ︾ ᠨᠢ ᠮᠠᠯᠴᠢᠨ | ᠳᠠᠷᠢᠶᠠᠴᠢᠳ ᠲᠠᠭᠠᠨ ᠪᠠᠶᠠᠵᠢᠯ ᠴᠢᠨᠡᠬᠡᠯᠢᠭᠵᠢᠯ ᠤᠨ ᠠᠯᠳᠠᠠ ᠵᠢᠯᠤᠭᠤ ᠠᠳᠬᠤᠭᠤᠯᠤᠨ᠎ᠠ ᠬᠡᠳᠡᠭ ᠲᠤ ᠪᠢᠳᠠ ᠳᠠᠶᠠᠭᠠᠷ | ᠢᠳᠡᠬᠡᠯ ᠲᠠᠢ ᠪᠠᠶᠢᠨᠠᠮ᠃ |