ᠦᠣᠰᠢᠨᠵᠣᠣ ᠭᠠᠴᠠᠭ᠎ᠠ ᠡᠷᠣᠭᠡ ᠳᠤᠨᠢ ᠳᠣᠬᠢᠷᠠᠭᠰᠠᠨ ᠳᠡᠳᠭᠦᠯᠲᠡ ᠪᠠᠷ ᠶᠠᠳᠠᠭᠤ ᠠᠴᠠ ᠠᠩᠬᠢᠵᠢᠷᠠᠭᠤᠯᠵᠣ ᠪᠠᠶᠢᠨ᠎ᠠ
ᠨᠡᠶᠢᠲᠡᠯᠡᠭᠰᠡᠨ ᠴᠠᠭ᠄
2020-04-07
     ᠦᠣᠰᠢᠨᠵᠣᠣ ᠪᠠᠯᠭᠠᠰᠣᠨ ᠤ ᠦᠣᠰᠢᠨᠵᠣᠣ ᠭᠠᠴᠠᠭ᠎ᠠ ᠶᠠᠳᠠᠭᠤ ᠡᠷᠣᠭᠡ ᠶᠢᠨ ᠪᠣᠳᠡᠳᠡᠢ ᠪᠡᠶᠢᠳᠡᠯ ᠳᠤ ᠳᠣᠬᠢᠷᠠᠭᠤᠯᠣᠨ ᠬᠦᠷᠣᠰᠣ ᠰᠢᠷᠣᠢ ᠶᠢ ᠰᠠᠶᠢᠵᠢᠷᠠᠭᠤᠯᠬᠤ᠂ ᠲᠠᠷᠢᠶᠠᠯᠠᠩ ᠤᠨ ᠪᠣᠳᠠᠰ ᠬᠦᠷᠭᠡᠬᠦ᠂ ᠶᠠᠳᠠᠭᠤ ᠡᠷᠣᠬᠡ ᠶᠢᠨ ᠠᠵᠣ ᠣᠶᠢᠯᠡᠰ ᠤᠨ ᠮᠡᠷᠭᠡᠵᠢᠯ ᠤᠨ ᠵᠢᠯᠣᠭᠤᠳᠣᠭᠴᠢ ᠳᠣᠮᠢᠯᠠᠬᠤ ᠵᠡᠷᠭᠡ ᠪᠣᠳᠠᠳᠡᠢ ᠠᠷᠭ᠎ᠠ ᠪᠠᠷ ᠶᠠᠳᠠᠭᠤ ᠠᠴᠠ ᠠᠩᠬᠢᠵᠢᠷᠠᠭᠤᠯᠬᠤ ᠪᠤᠭᠤᠮᠲᠠ ᠰᠢᠪᠳᠣᠯᠬᠤ ᠳᠠᠶᠢᠯᠠᠯᠳᠣᠭᠠᠨ ᠢ ᠰᠠᠶᠢᠳᠣᠷ ᠬᠢᠵᠣ ᠪᠠᠶᠢᠨ᠎ᠠ᠃      ᠶᠠᠳᠠᠭᠤ ᠠᠴᠠ ᠠᠩᠬᠢᠵᠢᠷᠠᠨ ᠪᠠᠳᠣᠳᠬᠠᠭᠳᠠᠵᠣ ᠪᠠᠶᠢᠭ᠎ᠠ ᠦᠣᠰᠢᠨᠵᠣᠣ ᠭᠠᠴᠠᠭᠠᠨ ᠤ ᠮᠠᠯᠴᠢᠨ ᠰᠡᠷᠭᠦᠯᠠᠩ ᠤᠨ  ᠬᠢᠨ600 ᠭᠠᠷᠣᠢ ᠮᠦ ᠪᠡᠯᠴᠢᠭᠡᠷ ᠳᠡᠭᠡᠷ᠎ᠡ 30 ᠮᠦ ᠶᠢᠨ ᠲᠠᠷᠢᠶᠠᠨ ᠭᠠᠵᠠᠷ ᠲᠠᠢ ᠪᠠᠶᠢᠳᠠᠭ᠃ ᠳᠡᠭᠦᠨ ᠤ ᠲᠠᠷᠢᠶᠠᠨ ᠭᠠᠵᠠᠷ ᠨᠢ ᠱᠠᠩᠳᠠ ᠭᠠᠵᠠᠷ ᠠᠴᠠ ᠪᠣᠯᠵᠤ ᠪᠣᠷᠣᠭᠠᠨ ᠬᠤᠷ᠎ᠡ ᠶᠡᠬᠡᠲᠠᠢ ᠵᠢᠯ ᠳᠤ ᠪᠠᠨ ᠲᠠᠷᠢᠶ᠎ᠠ ᠳᠦᠮᠣᠰᠣ ᠨᠢ ᠣᠰᠣᠳᠠᠭᠠᠳ ᠬᠤᠷᠢᠶᠠᠯᠲᠠ ᠮᠠᠭᠤᠳᠠᠢ ᠪᠠᠶᠢᠵᠠᠢ᠃ ᠡᠨ᠋ᠨ ᠬᠤᠶᠠᠷ ᠡᠳᠣᠷ ᠭᠠᠴᠠᠭᠠᠨ ᠤ ᠬᠢᠨ ᠮᠠᠯ ᠲᠠᠷᠢᠶᠠᠯᠠᠩ ᠤᠨ ᠮᠠᠰᠢᠨᠴᠢᠯᠠᠯᠳᠡ ᠶᠢᠨ ᠣᠶᠢᠯᠠᠴᠢᠯᠡᠭᠡᠨ ᠤ ᠠᠩᠬᠢ ᠶᠢ ᠳᠣᠮᠢᠯᠠᠵᠣ ᠰᠢᠪᠡᠷ ᠰᠢᠷᠣᠢ ᠣᠷᠣᠭᠤᠯᠣᠨ ᠬᠦᠷᠣᠰᠣ ᠶᠢ ᠨᠢ ᠰᠠᠶᠢᠵᠢᠷᠠᠭᠤᠯᠵᠦ ᠳᠡᠭᠰᠢᠯᠡᠨ ᠬᠡᠳᠣᠨ ᠡᠳᠣᠷ ᠠᠴᠠ ᠬᠠᠭᠠᠯᠪᠣᠷᠢᠯᠠᠵᠦ ᠲᠠᠷᠢᠬᠤ ᠳᠤ ᠪᠡᠯᠡᠬᠡᠨ ᠪᠣᠯᠭᠠᠪᠠ᠃      ᠮᠠᠯᠴᠢᠨ ᠰᠡᠷᠭᠦᠯᠡᠩ᠄ ︽ᠮᠢᠨᠦ ᠭᠠᠵᠠᠷ ᠲᠡᠭᠰᠢ ᠦᠬᠡᠢ᠂ ᠵᠠᠷᠢᠮ ᠭᠠᠵᠠᠷ ᠨᠢ ᠪᠠᠰᠠ ᠤᠰᠤ ᠲᠠᠢ᠃ ᠭᠠᠴᠠᠭᠠᠨ  ᠤ ᠵᠦᠪᠯᠡᠯ ᠤᠨ ᠬᠢᠨ ᠨᠠᠳᠠ ᠳᠤ ᠭᠠᠵᠠᠷ ᠤᠰᠤ ᠶᠢ ᠰᠠᠶᠢᠬᠠᠨ ᠲᠡᠭᠰᠢᠯᠡᠵᠦ ᠦᠭᠭᠦᠭᠰᠡᠨ ᠳᠤ ᠪᠢ ᠨᠠᠮ᠂ ᠨᠡᠶᠢᠭᠡᠮ  ᠳᠡᠭᠡᠨ ᠲᠤᠩ ᠶᠡᠭᠡ ᠲᠠᠯᠠᠷᠬᠠᠵᠤ ᠪᠠᠶᠢᠨ᠎ᠠ᠃ ᠬᠤᠰᠢᠭᠤ ᠵᠠᠰᠠᠭ ᠤᠨ ᠤᠷᠳᠤᠨ᠂ ᠭᠠᠴᠠᠭᠠᠨ ᠤ ᠵᠦᠪᠯᠡᠯ ᠨᠠᠮ᠎ᠠ ᠶᠢ ᠲᠡᠮᠵᠢᠵᠤ ᠵᠤᠷᠢᠭᠵᠢᠭᠤᠯᠤᠭᠰᠠᠨ ᠳᠤ ᠪᠢ ᠴᠦ ᠨᠡᠩ ᠢᠯᠡᠬᠦᠦ ᠴᠢᠷᠮᠠᠶᠢᠶ᠎ᠠ ᠭᠡᠵᠦ ᠪᠤᠳᠤᠵᠤ ᠪᠠᠶᠢᠨ᠎ᠠ︾ ᠬᠡᠪᠡ᠃      ᠦᠣᠰᠢᠨᠵᠣᠣ ᠭᠠᠴᠠᠭᠠᠨ ᠤ ᠮᠠᠯ ᠲᠠᠷᠢᠶᠠᠯᠠᠩ ᠤᠨ ᠮᠠᠰᠢᠨᠴᠢᠯᠠᠯᠳᠡ ᠶᠢᠨ ᠣᠶᠢᠯᠠᠴᠢᠯᠡᠭᠡᠨ ᠤ ᠠᠩᠬᠢ ᠨᠢ ᠬᠡᠳᠣᠨ ᠡᠳᠣᠷ ᠤᠨ ᠡᠮᠣᠨ᠎ᠡ ᠶᠠᠳᠠᠭᠤ ᠠᠴᠠ ᠠᠩᠬᠢᠵᠢᠷᠠᠨ ᠪᠠᠳᠣᠳᠬᠠᠭᠳᠠᠵᠣ ᠪᠠᠶᠢᠭ᠎ᠠ ᠮᠠᠯᠴᠢᠨ ᠤᠯᠠᠭᠠᠨᠴᠡᠴᠡᠭ ᠤᠨ 10 ᠭᠠᠷᠣᠢ ᠮᠦ ᠲᠠᠷᠢᠶᠠᠨ ᠭᠠᠵᠠᠷ ᠲᠤ ᠰᠢᠪᠡᠷ ᠰᠢᠷᠣᠢ ᠣᠷᠣᠭᠤᠯᠣᠨ ᠳᠡᠭᠰᠢᠯᠡᠵᠦ ᠥᠭᠭᠦᠭᠰᠡᠨ ᠤ ᠬᠠᠮᠲᠣ ᠭᠠᠴᠠᠭᠠᠨ ᠳᠤ ᠳᠣᠮᠢᠯᠠᠨ ᠰᠠᠭᠤᠭ᠎ᠠ ᠨᠢᠭᠡᠳᠣᠭᠡᠷ ᠱᠦᠵᠢ ᠪᠣᠯᠣᠨ ᠭᠠᠴᠠᠭᠠᠨ ᠤ ᠶᠠᠳᠠᠭᠤ ᠡᠷᠣᠭᠡ ᠶᠢᠨ ᠠᠵᠣ ᠣᠶᠢᠯᠡᠰᠵᠢᠭᠦᠯᠣᠯᠲᠡ ᠶᠢᠨ ᠮᠡᠷᠭᠡᠵᠢᠯ ᠤᠨ ᠵᠢᠯᠣᠭᠤᠳᠣᠭᠴᠢ ᠲᠡᠭᠦᠨ ᠳᠤ ᠬᠦᠷᠣᠰᠣ ᠰᠢᠷᠤᠢ ᠶᠢᠨ ᠬᠤᠪᠢᠷᠠᠯᠲᠡ ᠶᠢᠨ ᠪᠠᠶᠢᠳᠠᠯ᠂ ᠬᠦᠷᠣᠰᠣ ᠰᠢᠷᠣᠢ ᠳᠤᠨᠢ ᠳᠣᠬᠢᠷᠠᠭᠰᠠᠨ ᠳᠠᠷᠢᠮᠡᠯ ᠲᠠᠷᠢᠬᠤ ᠵᠡᠷᠭᠡ ᠮᠡᠷᠭᠡᠵᠢᠯ ᠤᠨ ᠵᠢᠯᠣᠭᠤᠳᠣᠯᠭ᠎ᠠ ᠬᠢᠪᠡ᠃      ᠦᠥᠰᠢᠨᠵᠤᠤ ᠭᠠᠴᠠᠭᠠᠨ ᠤ ᠶᠠᠳᠠᠭᠤ ᠠᠴᠠ ᠠᠩᠬᠢᠵᠢᠷᠠᠨ ᠪᠠᠳᠣᠳᠬᠠᠭᠳᠠᠵᠣ ᠪᠠᠶᠢᠭ᠎ᠠ 9 ᠡᠷᠦᠬᠡ ᠳᠤ ᠨᠡᠶᠢᠲᠡ 181 ᠮᠤ᠋ ᠤᠰᠤᠨ ᠭᠠᠵᠠᠷ ᠪᠠᠶᠢᠳᠠᠭ᠃ ᠡᠨ᠋ᠨ ᠬᠠᠪᠣᠷ ᠠᠴᠠ ᠡᠬᠢᠯᠡᠨ ᠠᠶᠢᠯ ᠪᠣᠯᠭᠠᠨ ᠤ ᠪᠣᠳᠡᠳᠦ ᠪᠠᠶᠢᠳᠡᠯ ᠳᠤ ᠨᠢ ᠵᠣᠬᠢᠴᠠᠭᠤᠯᠣᠨ ᠲᠠᠷᠢᠶᠠᠨ ᠭᠠᠵᠠᠷ ᠤᠨ ᠬᠦᠷᠦᠰᠦ ᠶᠢᠨ ᠴᠢᠨᠠᠷ ᠢ ᠰᠠᠶᠢᠵᠢᠷᠠᠭᠤᠯᠤᠨ ᠨᠠᠮ ᠤᠨ ᠡᠭᠦᠷ᠂ ᠬᠤᠷᠰᠢᠶᠠᠵᠢᠯ᠂ ᠶᠠᠳᠠᠭᠤ ᠡᠷᠦᠬᠡ ᠶᠢᠨ ᠠᠰᠢᠭ ᠲᠤᠰᠠ ᠶᠢᠨ ᠬᠤᠯᠪᠤᠭᠠᠯᠠᠭᠰᠠᠨ ᠲᠤᠭᠲᠠᠯᠴᠠᠭ᠎ᠠ ᠶᠢ ᠤᠯᠠᠮ ᠨᠢᠭᠡ ᠠᠯᠬᠤᠮ ᠭᠦᠨᠵᠡᠭᠡᠶᠢᠷᠡᠬᠦᠯᠵᠦ ᠶᠠᠳᠠᠭᠤ ᠡᠷᠦᠬᠡ ᠶᠢᠨ ᠬᠠᠪᠤᠷ ᠤᠨ ᠲᠠᠷᠢᠶᠠᠯᠠᠭ᠎ᠠ ᠳᠤ ᠬᠡᠷᠡᠭᠰᠡᠬᠦ ᠬᠦᠷᠦᠩᠬᠡ᠂ ᠪᠤᠷᠳᠤᠭᠤᠷ ᠢ ᠬᠠᠩᠭᠠᠨ ᠦᠨ᠎ᠡ ᠳᠦᠯᠣᠪᠣᠷᠢ ᠦᠬᠡᠢ ᠲᠠᠷᠢᠶᠠᠯᠠᠩ ᠤᠨ ᠮᠠᠰᠢᠨᠴᠢᠯᠠᠯᠲᠠ ᠶᠢᠨ ᠣᠶᠢᠯᠡᠴᠢᠯᠡᠭᠡ ᠬᠠᠩᠭᠠᠵᠦ ᠶᠠᠳᠠᠭᠤ ᠡᠷᠦᠬᠡ ᠪᠤᠯᠭᠠᠨ ᠳᠤ ᠬᠤᠶᠠᠷ ᠰᠢᠯᠢᠳᠡᠭ ᠨᠠᠮ ᠤᠨ ᠭᠡᠰᠢᠬᠦᠨ᠂ ᠬᠤᠶᠠᠷ ᠨᠡᠷ᠎ᠡ ᠵᠢᠱᠢᠶᠠᠴᠢ ᠡᠮᠡᠭᠲᠡᠢ ᠶᠢ ᠳᠣᠬᠢᠷᠠᠭᠤᠯᠤᠨ ᠬᠠᠪᠰᠣᠷᠣᠯᠭ᠎ᠠ ᠬᠢᠬᠦ ᠵᠡᠷᠭᠡ ᠪᠣᠳᠡᠳᠡᠢ ᠠᠷᠭ᠎ᠠ ᠬᠡᠮᠵᠢᠶ᠎ᠠ ᠪᠠᠷ ᠳᠠᠶᠢᠴᠢᠯᠠᠨ ᠳᠠᠭᠠᠭᠤᠯᠵᠣ ᠪᠠᠶᠢᠨ᠎ᠠ᠃        ᠬᠤᠰᠢᠭᠤ ᠦᠬᠡᠷᠡᠴᠢᠯᠡᠯᠲᠡ ᠬᠦᠭᠵᠢᠭᠦᠯᠣᠯᠲᠡ ᠶᠢᠨ ᠵᠦᠪᠯᠡᠯ ᠠᠴᠠ ᠦᠥᠰᠢᠨᠵᠦᠦ ᠭᠠᠴᠠᠭᠠᠨ ᠳᠤ ᠲᠣᠮᠢᠯᠠᠭᠰᠠᠨ ᠨᠢᠭᠡᠳᠦᠭᠡᠷ ᠱᠦᠵᠢ ᠨᠠᠷᠠᠨ᠄ ︽ᠡᠳᠡᠭᠡᠷ ᠬᠦᠮᠦᠰ ᠢ ᠵᠤᠬᠢᠶᠠᠨ ᠪᠠᠶᠢᠭᠤᠯᠳ ᠬᠠᠪᠤᠷ ᠤᠨ ᠲᠠᠷᠢᠶᠠᠯᠠᠭ᠎ᠠ  ᠠᠴᠠ ᠡᠬᠢᠯᠡᠭᠡᠳ ᠠᠷᠠᠴᠢᠯᠠᠭ᠎ᠠ᠂ ᠨᠠᠮᠤᠷ ᠤᠨ ᠬᠤᠷᠢᠶᠠᠯᠲᠠ ᠶᠢᠨ ᠪᠦᠬᠦᠶᠢᠯᠡ ᠶᠠᠪᠤᠴᠠ ᠳᠤ ᠮᠠᠨ ᠤ ᠨᠠᠮ ᠤᠨ ᠭᠡᠰᠢᠬᠦᠨ᠂ ᠭᠠᠴᠠᠭᠠᠨ ᠤ ᠺᠠᠳ᠋ᠷ᠂  ᠠᠵᠢᠯᠯᠠᠬᠤ ᠲᠤᠭᠤᠶᠢᠯᠠᠩ ᠤᠨ ᠬᠢᠨ ᠪᠦᠷ ᠢᠳᠡᠪᠬᠢᠲᠡᠢ ᠤᠷᠤᠯᠴᠠᠵᠤ ᠬᠡᠳᠦᠨ ᠶᠠᠳᠠᠭᠤ ᠡᠷᠦᠬᠡ ᠶᠢᠨ ᠲᠠᠷᠢᠶᠠᠯᠠᠩ ᠪᠤᠯᠤᠨ ᠮᠠᠯ ᠠᠵᠤ ᠠᠬᠤᠢ ᠶᠢᠨ ᠤᠷᠤᠯᠭ᠎ᠠ ᠶᠢ ᠪᠠᠲᠤᠯᠠᠵᠤ ᠶᠠᠳᠠᠭᠤ ᠠᠴᠠ ᠠᠩᠬᠢᠵᠢᠷᠠᠭᠤᠯᠬᠤ ᠪᠤᠭᠤᠮᠲᠠ ᠰᠢᠪᠳᠣᠯᠬᠤ ᠳᠠᠶᠢᠯᠠᠯᠳᠣᠭᠠᠨ ᠤ ᠢᠯᠠᠯᠲᠠ ᠶᠢ ᠤᠯᠬᠤ ᠪᠠᠷ ᠴᠢᠷᠮᠠᠶᠢᠵᠤ ᠪᠠᠶᠢᠨ᠎ᠠ︾ ᠬᠡᠪᠡ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号