ᠮᠠᠨ ᠤ ᠬᠤᠰᠢᠭᠤ ︽ᠭᠡᠭᠡᠨ ᠠᠶᠠᠯᠠᠯ︾ ᠠᠯᠪᠠᠨ ᠵᠢᠷᠤᠮ ᠤᠨ ᠡᠮᠴᠢᠯᠡᠭᠡᠨ ᠤ ᠰᠦᠢᠳᠭᠡᠯ ᠬᠤᠷᠢᠶᠠᠬᠤ ᠦᠭᠡᠢ ᠮᠠᠰᠠ ᠵᠠᠰᠠᠯ ᠬᠢᠭᠦ ᠠᠵᠢᠯᠯᠠᠭ᠎ᠠ ᠦᠷᠨᠢᠭᠦᠯᠵᠠᠢ
ᠨᠡᠶᠢᠲᠡᠯᠡᠭᠰᠡᠨ ᠴᠠᠭ᠄
2020-05-11
     5 ᠰᠠᠷ᠎ᠠ ᠶᠢᠨ 8 ᠤ ᠡᠳᠦᠷ ᠪᠤᠯ ︽ᠲᠡᠯᠡᠭᠡᠢ ᠶᠢᠨ ᠤᠯᠠᠭᠠᠨ ᠵᠠᠭᠠᠯᠮᠡᠶᠢᠳᠡᠨ︾ ᠤ ᠡᠳᠤᠷ ᠪᠤᠯᠤᠨ᠎ᠠ᠃ 73  ᠳᠠᠬᠢ ︽ᠲᠡᠯᠡᠭᠡᠢ ᠶᠢᠨ ᠤᠯᠠᠭᠠᠨ ᠵᠠᠭᠠᠯᠮᠡᠶᠢᠳᠡᠨ︾ ᠤ ᠡᠳᠤᠷ ᠢ ᠪᠡᠯᠭᠡᠯᠡᠭᠦ ᠵᠢᠴᠢ ᠤᠯᠣᠰ ᠤᠨ ᠡᠷᠡᠭᠦᠯ ᠮᠡᠨᠳᠤ ᠪᠠᠷ ᠶᠠᠳᠠᠭᠤ ᠶᠢ ᠲᠡᠳᠭᠦᠭᠦ ᠠᠵᠢᠯ ᠢ  ᠲᠤᠭᠤᠰᠢᠯᠠᠭᠤᠯᠬᠤ ᠶᠢᠨ ᠲᠦᠯᠥᠭᠡ ᠮᠠᠨ ᠤ ᠬᠤᠰᠢᠭᠤᠨ ᠤ ᠤᠯᠠᠭᠠᠨ ᠵᠠᠭᠠᠯᠮᠡᠶᠢᠳᠡᠨ ᠤ ᠨᠡᠶᠢᠭᠡᠮᠯᠢᠭ᠂ ᠠᠷᠡᠳ ᠤᠨ ᠡᠮᠨᠡᠯᠭᠡ ᠶᠢᠨ ᠬᠤᠷᠢᠶ᠎ᠠ ᠪᠤᠯᠤᠨ ᠤᠷᠳᠤᠰ ᠬᠤᠳᠠ ᠶᠢᠨ ᠶᠥᠩ ᠰᠢᠦᠢ ᠨᠢᠳᠤᠨ ᠰᠠᠯᠠᠭᠠᠨ ᠤ ᠡᠮᠨᠡᠯᠭᠡ ᠶᠢᠨ ᠬᠤᠷᠢᠶ᠎ᠡ ᠬᠠᠮᠳᠤᠷᠠᠨ ︽ᠭᠡᠭᠡᠨ ᠠᠶᠠᠯᠠᠯ︾ ᠠᠯᠪᠠᠨ ᠵᠢᠷᠤᠮ ᠤᠨ ᠡᠮᠴᠢᠯᠡᠭᠡᠨ ᠤ ᠰᠦᠢᠳᠬᠡᠯ ᠬᠤᠷᠢᠶᠠᠬᠤ ᠦᠭᠡᠢ ᠮᠠᠰᠠ ᠵᠠᠰᠠᠯ ᠬᠢᠭᠦ ᠠᠵᠢᠯᠯᠠᠭ᠎ᠠ ᠮᠠᠨ ᠤ ᠬᠤᠰᠢᠭᠤᠨ ᠳᠤ ᠶᠠᠪᠤᠭᠳᠠᠵᠦ ᠴᠠᠭᠠᠨ ᠬᠠᠷᠠᠩ ᠡᠪᠡᠳᠴᠢᠳᠡᠨ ᠳᠤ ᠭᠡᠷᠡᠯ ᠭᠡᠭᠡ ᠠᠪᠴᠢᠷᠠᠵᠠᠢ᠃
     ᠵᠠᠪᠠ ᠨᠠᠰᠤᠳᠠᠨ ᠴᠠᠭᠠᠨ ᠬᠠᠷᠠᠩ ᠡᠪᠡᠳᠴᠢᠨ ᠤᠷᠤᠭᠠᠳ ᠭᠡᠳᠤᠨ ᠵᠢᠯ ᠪᠤᠯᠵᠤ ᠮᠠᠰᠠ ᠵᠠᠰᠠᠯ ᠬᠢᠭᠦ ᠵᠠᠷᠤᠳᠠᠯ ᠨᠠᠯᠢᠶᠠᠳ ᠦᠨᠳᠤᠷ᠂ ᠬᠤᠯᠠ ᠵᠠᠮ ᠶᠠᠪᠤᠬᠤ ᠳᠤ ᠲᠦᠭᠦᠮ ᠦᠭᠡᠢ ᠵᠡᠷᠭᠡ ᠰᠢᠯᠳᠠᠭᠠᠨ ᠠᠴᠠ ᠡᠮᠨᠡᠭᠦᠯᠦᠭᠰᠡᠨ ᠦᠭᠡᠢ ᠪᠠᠶᠢᠵᠤ ᠡᠨᠡ ᠤᠳᠠᠭ᠎ᠠ ᠡᠭᠦᠳᠡᠨ ᠲᠡᠭᠡᠷ᠎ᠡ ᠢᠷᠡᠵᠦ ᠡᠮᠴᠢᠯᠡᠭᠦ ᠪᠤᠯᠤᠭᠰᠠᠨ ᠠᠴᠠ ᠲᠡᠭᠦᠨ ᠳᠤ ᠮᠠᠰᠢ ᠶᠡᠭᠡ ᠲᠦᠭᠦᠮ ᠢ ᠠᠪᠴᠢᠷᠠᠭᠰᠠᠨ ᠪᠠᠶᠢᠨ᠎ᠠ᠃      ᠡᠨᠡ ᠤᠳᠠᠭᠠᠨ ᠤ ᠠᠵᠢᠯᠯᠠᠭ᠎ᠠ ᠨᠢ ᠲᠤᠤᠷ᠎ᠠ ᠪᠠᠳᠤᠯᠠᠭᠠᠲᠤ ᠡᠷᠤᠭᠡ᠂ ᠲᠠᠪᠤᠨ ᠪᠠᠳᠤᠯᠠᠭᠠᠲᠤ ᠡᠷᠤᠭᠡ ᠵᠢᠴᠢ ᠡᠪᠡᠳᠴᠢᠨ ᠠᠴᠠ ᠪᠤᠯᠵᠤ ᠠᠮᠢᠳᠤᠷᠠᠯ ᠬᠦᠴᠢᠷᠳᠡᠯᠳᠡᠢ ᠪᠤᠯᠤᠭᠰᠠᠨ ᠬᠦᠮᠦᠰ ᠲᠤ ᠰᠦᠢᠳᠬᠡᠯ ᠬᠤᠷᠢᠶᠠᠬᠤ ᠦᠭᠡᠢ ᠪᠠᠷ ᠮᠠᠰᠠ ᠵᠠᠰᠠᠯ ᠬᠢᠵᠦ ᠦᠭᠭᠦᠭᠰᠡᠨ ᠤ ᠬᠠᠮᠳᠤ ᠪᠠᠰᠠ ᠡᠪᠡᠳᠴᠢᠳᠡᠨ ᠨᠢᠭᠡᠪᠤᠷᠢ ᠶᠢᠨ ᠪᠡᠶ᠎ᠡ ᠮᠠᠠᠬᠪᠣᠳ ᠤᠨ ᠪᠠᠶᠢᠳᠠᠯ ᠢ ᠦᠨᠳᠤᠰᠤᠯᠠᠨ ᠠᠳᠠᠯᠢ ᠪᠤᠰᠤ ᠤᠨᠤᠰᠢᠯᠠᠨ ᠡᠮᠨᠡᠭᠦ ᠲᠦᠰᠥᠯ ᠠᠪᠤᠭᠰᠠᠨ ᠪᠠᠶᠢᠨ᠎ᠠ᠃
     10 ᠡᠳᠤᠷ ᠤᠨ ᠬᠤᠭᠤᠴᠠᠭ᠎ᠠ ᠲᠠᠢ ︽ᠬᠡᠬᠡᠨ ᠠᠶᠠᠯᠠᠯ︾ ᠠᠯᠪᠠᠨ ᠵᠢᠷᠤᠮ ᠤᠨ ᠡᠮᠴᠢᠯᠡᠭᠡᠨ ᠤ ᠰᠦᠢᠳᠬᠡᠯ ᠬᠤᠷᠢᠶᠠᠬᠤ ᠦᠭᠡᠢ ᠮᠠᠰᠠ ᠵᠠᠰᠠᠯ ᠨᠢ ᠡᠮᠴᠢ ᠬᠦᠮᠦᠨ ᠤ ᠡᠨᠡᠷᠡᠩᠭᠦᠢ ᠰᠡᠳᠬᠢᠯ᠂ ᠲᠦᠭᠡᠮᠡᠯ ᠬᠠᠶᠢᠷ᠎ᠠ ᠶᠢ ᠢᠯᠡᠷᠡᠭᠦᠯᠦᠭᠰᠡᠨ ᠢᠶᠠᠷ ᠪᠠᠷᠠᠬᠤ ᠦᠭᠡᠢ ᠨᠢᠳᠤᠨ ᠡᠪᠡᠳᠴᠢᠳᠡᠨ ᠳᠤ ᠬᠠᠷᠠᠭᠠᠨ ᠤ ᠭᠡᠷᠡᠯ ᠭᠡᠭᠡ ᠶᠢ ᠤᠯᠭᠤᠭᠰᠠᠨ ᠪᠠᠶᠢᠨ᠎ᠠ᠃      ᠤᠯᠠᠭᠠᠨ ᠵᠠᠭᠠᠯᠮᠡᠶᠢᠳᠡᠨ ᠤ ᠨᠡᠶᠢᠭᠡᠮᠯᠢᠭ ᠤᠨ ᠨᠠᠮ ᠤᠨ ᠲᠤᠭᠤᠶᠢᠯᠡᠩ ᠤᠨ ᠪᠦᠷᠢᠯᠳᠤᠭᠦᠨ ᠬᠤᠪᠢᠰᠬᠠᠯᠴᠢ᠄ ︽ᠡᠨᠡ ᠣᠳᠠᠭ᠎ᠠ ᠮᠠᠨ ᠤ ᠬᠤᠰᠢᠭᠤᠨ ᠳᠤ ᠢᠷᠡᠭᠡᠳ ᠨᠠᠶᠢᠳᠠ 325 ᠬᠦᠮᠦᠨ ᠳᠤ ᠨᠢᠳᠤᠨ ᠪᠠᠶᠢᠴᠠᠭᠠᠯᠳᠠ ᠬᠢᠵᠦ᠂ 63 ᠴᠠᠭᠠᠨ  ᠬᠠᠷᠠᠩ ᠡᠪᠡᠳᠴᠢᠨ ᠲᠠᠢ ᠡᠪᠡᠳᠴᠢᠳᠡᠨ ᠢ ᠢᠯᠡᠷᠡᠭᠦᠯᠵᠦ ᠡᠭᠦᠨ ᠳᠤ 23 ᠡᠪᠡᠳᠴᠢᠳᠡᠨ ᠮᠠᠰᠢᠨ ᠲᠡᠷᠭᠡᠨ ᠳᠡᠭᠡᠷ᠎ᠡ ᠵᠠᠰᠠᠯ ᠬᠢᠯᠭᠡᠵᠦ 40 ᠡᠪᠡᠳᠴᠢᠳᠡᠨ ᠨᠢ ᠤᠷᠳᠤᠰ ᠬᠤᠳᠠ ᠶᠢᠨ ᠨᠢᠳᠤᠨ ᠡᠮᠨᠡᠯᠭᠡ ᠶᠢᠨ ᠬᠤᠷᠢᠶᠠᠨ  ᠳᠤ ᠤᠴᠢᠵᠤ ᠮᠠᠰᠠ ᠵᠠᠰᠠᠯ ᠬᠢᠯᠭᠡᠬᠦ ᠪᠠᠷ ᠪᠠᠶᠢᠨ᠎ᠠ︾ ᠬᠡᠪᠡ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号