ᠶᠠᠷᠦᠩᠭᠡᠢ ᠱᠦᠵᠢ ᠰᠢ ᠶᠢᠨ ᠫᠢᠡᠭ ᠠᠷᠪᠡᠨ ᠭᠤᠷᠪᠠᠳᠤᠭᠠᠷ ᠬᠤᠭᠤᠴᠠᠭᠠᠨ ᠤ ᠪᠦᠭᠦ ᠤᠯᠤᠰ ᠤᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠡᠯ ᠤᠨ ᠭᠤᠷᠪᠠᠳᠤᠭᠠᠷ ᠬᠤᠷᠡᠯ ᠤᠨ ᠦᠪᠤᠷ ᠮᠤᠩᠭᠤᠯ ᠤᠨ ᠲᠦᠯᠦᠭᠡᠯᠡᠭᠴᠢᠳ ᠤᠨ | ᠪᠦᠯᠭᠦᠮ ᠤᠨ ᠭᠢᠨᠡᠨ ᠵᠦᠪᠯᠡᠭᠦ ᠳᠤ ᠤᠷᠤᠯᠴᠠᠬᠤ ᠳᠠᠭᠠᠨ᠂ ᠠᠮᠢ ᠠᠬᠤᠢ ᠶᠢᠨ ᠪᠦᠳᠦᠭᠡᠨ ᠪᠠᠶᠢᠭᠤᠯᠤᠯᠳᠡ ᠶᠢ | ᠴᠢᠬᠤᠯᠠᠴᠢᠯᠡᠨ ᠲᠤᠷᠠᠳᠤᠬᠰᠡᠨ ᠪᠢᠯᠡ᠃ | ᠤᠷᠳᠤᠰ ᠬᠤᠳᠠ ᠤᠯᠤᠰ ᠤᠨ ᠭᠤᠤᠯ ᠮᠦᠷᠡᠨ ᠤ ᠲᠠᠷᠤᠭ᠎ᠠ ᠶᠢᠨ ᠠᠵᠢᠯ ᠤᠨ ᠵᠤᠷᠢᠭ ᠰᠠᠨᠠᠭ᠎ᠠ ᠶᠢ ᠭᠦᠢᠴᠡᠳ | ᠲᠤᠭᠤᠰᠢᠯᠠᠭᠤᠯᠵᠤ᠂ ᠮᠤᠷᠢᠨ ᠨᠢᠷᠤᠭᠤᠨ ᠲᠡᠭᠡᠷᠡᠭᠢ ᠨᠠᠭᠤᠷ ᠤᠨ ᠲᠠᠷᠤᠭ᠎ᠠ ᠵᠡᠷᠭᠡ ᠠᠮᠢᠳᠤᠯᠢᠭ ᠠᠵᠢᠯ ᠤᠨ ᠠᠷᠭ᠎ᠠ | ᠭᠡᠯᠪᠡᠷᠢ ᠪᠠᠷ ᠬᠠᠷᠢᠶ᠎ᠡ ᠲᠤᠭᠤᠷᠢᠭ ᠤᠨ ᠢᠶᠠᠨ ᠨᠠᠭᠤᠷ ᠴᠦᠭᠦᠷᠦᠮ ᠢ ᠲᠤᠭᠢᠳᠡᠢ ᠬᠠᠮᠠᠭᠠᠯᠠᠬᠰᠠᠭᠠᠷ ᠪᠤᠢ᠃ | ᠦᠤᠰᠢᠨ ᠬᠤᠰᠢᠭᠤᠨ ᠤ ᠲᠤᠭ ᠪᠠᠯᠭᠠᠰᠤᠨ ᠤ ᠲᠠᠷᠬᠠᠨᠯᠠᠮ᠎ᠠ ᠭᠠᠴᠠᠭᠠᠨ ᠤ ᠮᠠᠯᠴᠢᠨ ᠰᠤᠸᠠᠳᠢ᠂ ᠰᠡᠴᠤᠷᠡᠯᠳᠤ | ᠬᠤᠶᠠᠭᠤᠯᠡ ᠪᠠᠨ ᠦᠷᠯᠦᠭᠡ ᠪᠤᠯᠭᠠᠨ ᠮᠤᠷᠢᠨ ᠰᠠᠶᠢᠪᠤᠷ ᠢᠶᠠᠷ ᠠᠵᠢᠯ ᠳᠠᠭᠠᠨ ᠭᠠᠷᠳᠠᠭ᠃ ᠰᠤᠸᠠᠳᠢ ᠨᠠᠰᠤᠳᠡᠨ᠂ | ᠦᠨᠦ ᠵᠢᠯ ᠨᠠᠰᠤᠨ ᠰᠡᠭᠦᠳᠡᠷ ᠲᠡᠯ᠎ᠡ ᠶᠢ ᠲᠠᠪᠠᠭᠰᠡᠨ ᠴᠤ ᠪᠠᠶ᠎ᠡ ᠲᠡᠩᠭᠡᠭᠡ ᠰᠠᠶᠢᠨ ᠪᠠᠶᠢᠯ᠎ᠡ᠃ | ᠲᠡᠳᠡ ᠬᠤᠶᠠᠭᠤᠯᠡ ᠪᠣᠯ ᠡ᠊ᠨᠳᠡᠭᠢ ᠨᠠᠭᠤᠷ ᠤᠨ ᠲᠠᠷᠤᠭ᠎ᠠ ᠶᠤᠮ᠃ ᠬᠤᠶᠠᠭᠤᠯᠡ ᠶᠢᠨ ᠠᠵᠢᠯ ᠪᠤᠯ ᠲᠠᠷᠤᠢ | ᠲᠠᠷᠬᠠᠨᠯᠠᠮᠡ ᠭᠠᠴᠠᠭᠠᠨ ᠤ ᠬᠠᠷᠢᠶᠡᠨ ᠳᠤ ᠪᠠᠶᠢᠭ᠎ᠠ 8900 ᠮᠦ ᠲᠡᠯᠡᠪᠡᠢ ᠲᠠᠢ ᠪᠠᠶᠠᠨ ᠨᠠᠭᠤᠷ ᠢ ᠴᠠᠬᠳᠠᠨ | ᠪᠠᠶᠢᠴᠠᠭᠠᠬᠤ᠂ ᠡᠷᠭᠢᠨ ᠲᠤᠭᠤᠷᠢᠨ ᠤ ᠬᠤᠭ ᠨᠤᠪᠰᠢ ᠶᠢ ᠴᠡᠪᠡᠷᠯᠡᠭᠦ᠂ ᠨᠡᠭᠦᠳᠡᠯ ᠤᠨ ᠰᠢᠪᠠᠭᠤᠳ ᠢ ᠬᠠᠷᠠᠵᠤ | ᠬᠠᠮᠠᠭᠠᠯᠠᠬᠤ ᠵᠡᠷᠭᠡ ᠠᠵᠢᠯ ᠢ ᠬᠠᠷᠢᠭᠤᠴᠠᠳᠠᠭ᠃ | ᠪᠠᠶᠠᠨ ᠨᠠᠭᠤᠷ ᠢᠶᠠᠨ ᠡ᠊ᠨᠳᠡᠭᠢ ᠮᠠᠯᠴᠢᠳ ︽ᠡᠵᠢ ᠨᠠᠭᠤᠷ︾ ᠭᠡᠵᠤ ᠲᠤᠳᠤᠨᠤᠴᠢᠯᠠᠨ ᠨᠡᠷᠡᠯᠡᠳᠡᠭ᠃ ᠲᠤᠰ | ᠨᠠᠭᠤᠷ ᠢ ᠰᠠᠶᠢᠳᠤᠷ ᠬᠠᠮᠠᠭᠠᠯᠠᠬᠤ ᠨᠢ ᠲᠠᠷᠤᠢ ᠦᠵᠡᠰᠭᠦᠯᠡᠩᠳᠤ ᠰᠠᠶᠢᠬᠠᠨ ᠭᠡᠷ ᠤᠷᠤᠨ ᠢᠶᠠᠨ ᠰᠠᠭᠢᠨ ᠬᠠᠮᠠᠭᠠᠯᠠᠵᠤ | ᠪᠠᠶᠢᠭ᠎ᠠ ᠠᠴᠢ ᠬᠤᠯᠪᠤᠬᠳᠠᠯᠳᠤ ᠦᠢᠯᠠ ᠠᠵᠢᠯᠯᠠᠭ᠎ᠠ ᠭᠡᠵᠤ ᠦᠵᠡᠭᠰᠡᠨ ᠰᠤᠸᠠᠳᠢ᠂ ᠰᠠᠴᠤᠷᠠᠯᠳᠤ ᠬᠤᠶᠠᠭᠤᠯᠠ | 2016 ᠤᠨ ᠠᠴᠠ ᠲᠤᠬᠠᠢ ᠶᠢᠨ ᠭᠠᠵᠠᠷ ᠤᠨ ᠰᠢᠨ᠎ᠠ ᠴᠠᠭ ᠦᠶ᠎ᠠ ᠶᠢᠨ ᠪᠤᠯᠪᠠᠰᠤᠨ ᠢ ᠦᠢᠯᠡᠳᠦᠯᠭᠡᠵᠢᠭᠦᠯᠭᠦ | ᠦᠢᠯᠡᠴᠢᠯᠡᠭᠡᠨ ᠤ ᠠᠩᠭᠢ ᠳᠤ ᠰᠠᠶᠢᠨ ᠲᠤᠷ᠎ᠠ ᠠᠴᠠ ᠪᠠᠨ ᠤᠷᠤᠯᠴᠠᠵᠤ᠂ ᠮᠤᠷᠢᠨ ᠨᠢᠷᠤᠭᠤᠨ ᠲᠡᠭᠡᠷᠡᠭᠢ ︽ | ᠨᠠᠭᠤᠷ ᠤᠨ ᠲᠠᠷᠤᠭ᠎ᠠ︾ ᠪᠤᠯᠵᠤ᠂ ᠪᠠᠶᠠᠨ ᠨᠠᠭᠤᠷ ᠢ ᠴᠠᠬᠳᠠᠨ ᠬᠠᠮᠠᠭᠠᠯᠠᠵᠤ᠂ ᠠᠮᠢ ᠠᠬᠤᠢ ᠶᠢᠨ ᠰᠠᠶᠢᠵᠢᠷᠠᠯᠳᠠ ᠳᠤ | ᠵᠢᠳᠭᠦᠵᠤ ᠢᠷᠡᠵᠡᠢ᠃ | ᠦᠤᠰᠢᠨ ᠬᠤᠰᠢᠭᠤᠨ ᠤ ᠲᠤᠭ ᠪᠠᠯᠭᠠᠰᠤᠨ ᠤ ᠲᠠᠷᠬᠠᠨᠯᠠᠮ᠎ᠠ ᠭᠠᠴᠠᠭᠠᠨ ᠤ ᠮᠠᠯᠴᠢᠨ ᠰᠤᠸᠠᠳᠢ ᠰᠤᠷᠪᠤᠯᠵᠢᠯᠠᠭ᠎ᠠ | ᠭᠦᠯᠢᠶᠡᠭᠦ ᠳᠡᠭᠡᠨ᠂ ᠪᠢ ᠪᠤᠯ ᠶᠠᠭ ᠡᠨᠡ ᠨᠤᠳᠤᠭ ᠤᠨ ᠭᠦᠮᠦᠨ᠂ ᠡᠨᠡ ᠨᠤᠳᠤᠭ ᠲᠤ ᠲᠦᠷᠦᠵᠤ ᠦᠰᠦᠭᠰᠡᠨ᠂ | ᠨᠤᠳᠤᠭ ᠤᠰᠤ ᠪᠠᠨ ᠬᠠᠮᠠᠭᠠᠯᠠᠵᠤ᠂ ᠠᠮᠢ ᠠᠬᠤᠢ ᠪᠠᠨ ᠰᠠᠶᠢᠵᠢᠷᠠᠭᠤᠯᠬᠤ ᠪᠤᠯ ᠪᠢᠳᠠᠨ ᠤ ᠭᠢᠭᠦ ᠵᠤᠭᠢᠰᠳᠠᠢ ᠠᠵᠢᠯ | ᠭᠡᠵᠤ ᠶᠠᠷᠢᠵᠤ ᠪᠠᠶᠢᠯ᠎ᠠ᠃ | ᠦᠤᠰᠢᠨ ᠬᠤᠰᠢᠭᠤᠨ ᠤ ᠲᠤᠭ ᠪᠠᠯᠭᠠᠰᠤᠨ ᠤ ᠲᠠᠷᠬᠠᠨᠯᠠᠮ᠎ᠠ ᠭᠠᠴᠠᠭᠠᠨ ᠤ ᠮᠠᠯᠴᠢᠨ ᠰᠠᠴᠤᠷᠠᠯᠳᠤ᠄ ︽ | ᠶᠡᠷᠦᠩᠭᠡᠢ ᠱᠦᠵᠢ ᠰᠢ ᠶᠢᠨ ᠫᠢᠡᠭ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠶᠢ ᠰᠠᠶᠢᠳᠤᠷ ᠭᠢᠭᠦ ᠭᠡᠷᠡᠭᠳᠡᠢ ᠭᠡᠵᠤ | ᠴᠢᠬᠤᠯᠠᠴᠢᠯᠠᠬᠰᠠᠨ ᠶᠤᠮ᠃ ᠤᠷᠴᠢᠨ ᠠᠬᠤᠢ ᠴᠡᠪᠠᠷ ᠪᠤᠯᠪᠠᠯ ᠭᠦᠮᠦᠨ ᠤ ᠰᠡᠳᠭᠢᠯ ᠴᠦ ᠲᠡᠨᠢᠭᠦᠨ ᠰᠢᠳᠠ᠂ ᠡᠨᠡ | ᠠᠵᠢᠯ ᠳᠠᠭᠠᠨ ᠪᠢ ᠲᠤᠷᠠᠳᠠᠢ᠂ ᠦᠷᠭᠦᠯᠵᠢᠯᠠᠨ ᠰᠠᠶᠢᠨ ᠭᠢᠨ᠎ᠠ︾ ᠭᠡᠵᠤ ᠶᠠᠷᠢᠯ᠎ᠠ᠃ | ᠮᠤᠷᠢ ᠤᠨᠤᠵᠤ ᠨᠠᠭᠤᠷ ᠢ ᠪᠦᠳᠦᠨ ᠨᠢᠭᠡ ᠴᠠᠬᠳᠠᠨ ᠲᠤᠭᠤᠷᠢᠭᠠᠳ ᠢᠷᠡᠭᠦ ᠳᠤ ᠬᠤᠷᠢᠭᠠᠳ ᠭᠠᠵᠠᠷ ᠠᠶᠠᠯᠠᠳᠠᠭ | ᠃ ᠵᠤᠭᠠᠴᠠᠯ ᠤᠨ ᠭᠦᠭᠵᠢᠶᠠᠨᠳᠤ ᠤᠯᠠᠷᠢᠯ ᠢᠶᠠᠷ ᠡᠳᠦᠷ ᠲᠤ ᠬᠤᠶᠠᠷ ᠤᠳᠠᠭ᠎ᠠ ᠴᠠᠬᠳᠠᠨ ᠲᠤᠭᠤᠷᠢᠵᠤ ᠴᠡᠪᠡᠷᠯᠡᠳᠡᠭ᠃ | ᠭᠡᠪᠡᠴᠦ ᠲᠡᠳᠡ ᠬᠤᠶᠠᠭᠤᠯᠠ ᠪᠠᠨ ᠶᠡᠷᠦ ᠨᠢ ᠭᠦᠴᠢᠷ ᠲᠠᠢ᠂ ᠤᠢᠢᠳᠬᠠᠷ ᠲᠠᠢ ᠭᠡᠵᠤ ᠰᠠᠨᠠᠳᠠᠭ ᠦᠭᠡᠢ᠃ | ᠮᠤᠷᠢᠨ ᠨᠢᠷᠤᠭᠤᠨ ᠲᠡᠭᠡᠷᠡᠭᠢ ᠭᠤᠤᠯ ᠨᠠᠭᠤᠷ ᠤᠨ ᠲᠠᠷᠤᠭ᠎ᠠ ᠶᠢᠨ ᠲᠦᠷᠢᠮ ᠪᠤᠯ ᠤᠷᠳᠤᠰ ᠬᠤᠳᠠ ᠶᠢᠨ ᠪᠦᠭᠦ | ᠠᠷᠠᠳ ᠤᠨ ᠤᠷᠤᠯᠴᠠᠯᠭ᠎ᠠ ᠲᠠᠢ ᠭᠤᠤᠯ ᠨᠠᠭᠤᠷ ᠢ ᠬᠠᠮᠠᠭᠠᠯᠠᠬᠤ᠂ ᠤᠰᠤ ᠠᠷᠪᠢᠯᠠᠬᠤ᠂ ᠤᠰᠤ ᠭᠠᠮᠨᠠᠬᠤ᠂ ᠤᠰᠤ | ᠵᠠᠰᠠᠬᠤ ᠠᠵᠢᠯ ᠤᠨ ᠨᠢᠭᠡ ᠴᠤᠮᠬᠠᠳᠬᠠᠯ ᠪᠤᠯᠤᠨ᠎ᠠ᠃ ᠭᠤᠤᠯ ᠨᠠᠭᠤᠷ ᠤᠨ ᠲᠠᠷᠤᠭ᠎ᠠ ᠶᠢᠨ ᠲᠦᠷᠢᠮ ᠢ ᠪᠦᠭᠦ | ᠲᠠᠯ᠎ᠠ ᠪᠠᠷ ᠭᠡᠷᠡᠭᠵᠢᠭᠦᠯᠦᠭᠰᠡᠨ ᠠᠴᠠ ᠨᠠᠭᠠᠰᠢ᠂ ᠤᠷᠳᠤᠰ ᠬᠤᠳᠠ ᠠᠮᠢ ᠠᠬᠤᠢ ᠶᠢ ᠤᠷᠢᠳ ᠢᠶᠠᠷ ᠪᠤᠳᠤᠯᠭᠢᠯᠠᠨ᠂ | ᠪᠤᠭᠢᠷᠳᠤᠯ ᠦᠭᠡᠢ ᠭᠦᠭᠵᠢᠯᠳᠠ ᠪᠠᠷ ᠤᠳᠤᠷᠢᠳᠤᠮᠵᠢ ᠪᠤᠯᠭᠠᠬᠰᠠᠨ ᠭᠦᠭᠵᠢᠯᠳᠠ ᠶᠢᠨ ᠰᠡᠳᠭᠢᠴᠠ ᠪᠠᠷ ᠤᠰᠤᠨ ᠤ ᠡᠭᠢ | ᠰᠤᠷᠪᠤᠯᠵᠢ ᠶᠢ ᠰᠠᠶᠢᠳᠤᠷ ᠬᠠᠮᠠᠭᠠᠯᠠᠵᠤ᠂ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠰᠠᠶᠢᠳᠤᠷ | ᠠᠭᠢᠭᠤᠯᠤᠭᠰᠠᠭᠠᠷ ᠢᠷᠡᠭᠰᠡᠨ ᠪᠠᠶᠢᠨ᠎ᠠ᠃ | |