ᠮᠤᠩᠭᠤᠯᠴᠤᠳ ᠤᠨ ᠪᠢᠳᠡᠭᠦᠯᠡᠭᠦ ᠶᠤᠰᠤ
ᠨᠡᠶᠢᠲᠡᠯᠡᠭᠰᠡᠨ ᠴᠠᠭ᠄
2020-06-18
     ᠪᠢᠳᠡᠭᠦᠨ ᠤ ᠳᠤᠬᠠᠢ ᠡᠯ᠎ᠠ ᠤᠯᠤᠰ ᠦᠨᠳᠤᠰᠤᠳᠠᠨ ᠳᠤ ᠠᠳᠠᠯᠢ ᠪᠤᠰᠤ ᠳᠠᠳᠬᠠᠯ ᠲᠠᠢ ᠪᠠᠶᠢᠳᠠᠭ᠃ ᠠᠮᠧᠷᠢᠺᠠᠴᠤᠳ ᠪᠢᠳᠡᠭᠦᠨ ᠤ ᠰᠦᠨᠢ ᠰᠤᠭᠳᠤᠳᠠᠯ᠎ᠠ ᠠᠷᠢᠭᠢ ᠤᠤᠭᠤᠳᠠᠭ᠃ ᠢᠨᠳᠢᠶᠠᠨᠴᠤᠳ ᠪᠢᠳᠡᠭᠦᠨ ᠳᠤ ︽ᠲᠦᠳᠡᠭ ᠤᠨ ᠦᠳᠡᠰᠢᠯᠡᠭᠡ︾ ᠭᠢᠵᠤ ᠲᠠᠭᠤᠯᠠᠵᠤ ᠪᠦᠵᠢᠭᠯᠡᠨ ᠬᠠᠭᠤᠴᠢᠨ ᠬᠤᠪᠴᠠᠰᠤ ᠬᠤᠨᠠᠷ ᠢᠶᠠᠨ ᠰᠢᠳᠠᠭᠠᠳᠠᠭ ᠶᠤᠮ᠃ ᠮᠤᠩᠭᠤᠯᠴᠤᠳ ᠦᠭᠡᠯᠵᠢᠨ ᠰᠠᠷ᠎ᠠ ᠶᠢᠨ ᠭᠤᠴᠢᠨ ᠤ ᠡᠳᠤᠷ ᠢᠶᠠᠷ ᠰᠡᠭᠦᠯ ᠬᠤᠷᠢᠶᠠᠪᠠᠯ ︽ᠪᠢᠳᠡᠭᠦᠨ︾ ᠭᠡᠵᠤ ᠂ ᠨᠢᠭᠡ ᠡᠳᠤᠷ ᠳᠤᠳᠠᠭᠤ ᠪᠤᠯ ︽ᠲᠠᠰᠤᠷᠬᠠᠢ ᠬᠤᠷᠢ ᠶᠢᠰᠤᠨ︾ ᠭᠡᠳᠡᠭ᠃ ᠪᠢᠳᠡᠭᠦᠨ ᠳᠤ ᠠᠯᠢᠪᠠ ᠠᠵᠢᠯ ᠤᠨ ᠰᠠᠭᠦᠯ ᠢ ᠬᠤᠷᠢᠶᠠᠳᠠᠭ᠃ ᠨᠤᠮ ᠲᠠᠢ ᠭᠦᠮᠦᠨ ᠨᠤᠮ ᠪᠢᠴᠢᠭ ᠢᠶᠠᠨ ᠪᠢᠳᠡᠭᠦᠯᠡᠭᠦ᠂ ᠡᠮᠴᠢ ᠭᠦᠮᠦᠨ ᠡᠮ ᠲᠠᠩ ᠢᠶᠠᠨ ᠪᠢᠳᠡᠭᠦᠯᠡᠭᠦ᠂ ᠡᠮᠡᠭᠳᠠᠢ ᠭᠦᠮᠦᠨ ᠵᠠᠭᠦᠤ ᠤᠳᠠᠰᠤ ᠪᠠᠨ ᠪᠢᠳᠡᠭᠦᠯᠡᠭᠦ ᠶᠤᠰᠤᠳᠠᠢ᠃ ᠪᠢᠳᠡᠭᠦᠨ ᠳᠤ ᠲᠠᠭᠢᠯ ᠵᠤᠯᠠ ᠡᠷᠭᠦᠭᠦ ᠂ ᠲᠣᠶ᠋ᠢᠩ ᠲᠦᠯᠠᠰᠢ ᠲᠥᠯᠡᠬᠦ᠂ ᠪᠢᠳᠡᠭᠦᠤ ᠳᠤᠯᠤᠭᠠᠢ ᠵᠠᠭᠠᠵᠤ᠂ ᠪᠢᠳᠡᠭᠦᠤ ᠬᠤᠭᠤᠯᠠ ᠢᠳᠡᠭᠦ᠂ ᠪᠢᠳᠡᠭᠦᠤ ᠦᠭᠡ ᠭᠡᠯᠡᠵᠤ ᠪᠢᠳᠡᠭᠦᠤ ᠰᠦᠨᠢ ᠰᠠᠭᠤᠬᠤ ᠵᠡᠷᠭᠡ ᠠᠭᠤᠯᠭ᠎ᠠ ᠨᠤᠭᠤᠳ ᠪᠠᠭᠳᠠᠵᠤ ᠪᠠᠶᠢᠳᠠᠭ᠃     ᠮᠤᠩᠭᠤᠯᠴᠤᠳ ᠪᠢᠳᠡᠭᠦᠨ ᠤ ᠡᠳᠤᠷ ᠲᠤ ᠬᠠᠭᠤᠴᠢᠳ ᠤᠡᠭᠭᠤᠨ᠂ ᠤᠪᠤᠭ᠎ᠠ ᠤᠷᠤᠳ ᠲᠤ ︽ᠦᠭᠯᠢᠭᠡ ᠦᠭᠴᠤ︾ ᠲᠠᠭᠢᠯ ᠲᠠᠶᠢᠯᠭ᠎ᠠ ᠲᠠᠯᠪᠢᠵᠤ ᠵᠠᠯᠪᠠᠷᠢᠨ ᠮᠦᠷᠭᠦᠳᠡᠭ᠃     ᠬᠠᠭᠤᠴᠢᠳ ᠤᠨ ᠲᠠᠭᠢᠯᠭ᠎ᠠ ᠳᠤ ᠬᠤᠨᠢᠨ ᠤ ᠬᠠᠷ᠎ᠠ ᠨᠢᠷᠤᠭᠤ᠂ ᠬᠠᠷ᠎ᠠ ᠰᠠᠭᠡᠷ᠂ ᠪᠤᠭᠤᠨᠢ ᠬᠠᠪᠢᠰᠤ ᠵᠡᠷᠭᠡ ᠶᠢ ᠲᠠᠪᠤᠰᠤ ᠦᠭᠡᠢ ᠤᠰᠤᠨ ᠳᠤ ᠴᠢᠨᠠᠵᠤ ᠲᠠᠯᠪᠢᠳᠠᠭ᠃ ᠲᠠᠭᠢᠪᠠᠯ ᠠᠷᠢᠭᠢ ᠲᠠᠷᠠᠰᠤ᠂ ᠠᠮᠳᠠᠳᠤ ᠢᠳᠡᠭᠡᠨ ᠪᠦᠭᠦᠨ ᠠᠴᠠ ᠲᠠᠭᠡᠵᠢᠯᠠᠵᠤ᠂ ᠠᠷᠴᠠ ᠭᠦᠵᠢ ᠲᠠᠷᠢᠭᠦᠳᠠᠨ ᠰᠠᠩ ᠭᠡᠨᠭᠰᠢᠭᠦᠤ ᠲᠠᠯᠪᠢᠵᠤ ᠲᠠᠭᠢᠯᠭ᠎ᠠ ᠲᠠᠯᠪᠢᠭᠠᠳ᠂ ᠲᠦᠷᠪᠡᠨ ᠵᠦᠭ ᠨᠠᠢᠮᠠᠨ ᠵᠤᠪᠭᠢᠰ ᠢᠶᠠᠷ ᠰᠠᠴᠤᠯᠢ ᠡᠷᠭᠦᠵᠤ ︽ᠦᠡᠭᠭᠡᠶᠢᠭᠰᠡᠨ ᠲᠦᠡᠭᠭᠡᠶᠢᠭᠰᠡᠨ ᠶᠠᠭᠤᠮ᠎ᠠ ᠪᠠᠶᠢᠪᠠᠯ ᠴᠠᠳᠤᠭᠠᠳ ᠶᠠᠪᠤ︾ ᠭᠡᠵᠤ ᠳᠤᠶ᠋ᠢᠩ ᠲᠦᠯᠠᠰᠢ ᠲᠦᠯᠠᠳᠡᠭ᠃     ᠪᠢᠳᠡᠭᠦᠨ ᠤ ᠰᠦᠨᠢ ︽ᠪᠢᠳᠡᠭᠦᠤ ᠳᠤᠯᠤᠭᠠᠢ︾ ᠴᠢᠨᠠᠵᠤ ᠢᠳᠡᠳᠡᠭ᠃ ᠢᠳᠡᠭᠦ ᠳᠤ ᠨᠢᠭᠡ ᠳᠤᠯᠤᠭᠠᠢ ᠶᠢᠨ ᠬᠤᠶᠠᠷ ᠴᠢᠭᠢ ᠶᠢ ᠡᠷᠭᠡᠪᠰᠢ ᠨᠢᠭᠡ ᠭᠦᠮᠦᠨ ᠢᠳᠡᠳᠡᠭ᠃ ᠲᠠᠩᠨᠠᠢ ᠶᠢ ︽ᠤᠷᠠᠨ ᠳᠠᠩᠨᠠᠢ︾ ᠭᠡᠵᠤ ᠬᠠᠮᠤᠭ ᠤᠨ ᠤᠳᠬᠤᠨ ᠳᠠᠭᠠᠨ ᠱᠠᠩᠨᠠᠵᠤ᠂ ᠤᠬᠠᠭᠠᠨ ᠰᠠᠨᠠᠭ᠎ᠠ ᠰᠠᠷᠭᠦᠯᠠᠩ᠂ ᠤᠷᠠᠨ ᠰᠠᠶᠢᠬᠠᠨ ᠬᠤᠭᠤᠯᠠᠢ ᠲᠠᠢ ᠪᠤᠯᠤᠭᠠᠷᠠᠢ ᠭᠡᠵᠤ ᠢᠷᠤᠭᠡᠳᠡᠭ᠃ ᠤᠷᠳᠤᠰ ᠲᠤ ᠪᠢᠳᠡᠭᠦᠨ ᠤ ᠡᠳᠤᠷ ᠪᠠᠰᠠ ᠪᠤᠤᠰᠠ᠂ ᠪᠠᠩᠰᠢ ᠵᠡᠷᠭᠡ ᠶᠢᠨ ︽ᠪᠢᠳᠡᠭᠦᠤ ᠬᠤᠭᠤᠯᠠ︾ ᠭᠢᠵᠤ ᠢᠳᠡᠳᠡᠭ᠃ ᠰᠤᠨᠢᠷᠬᠠᠯᠳᠠᠢ ᠨᠢ ᠪᠤᠤᠰᠠ᠂ ᠪᠠᠩᠰᠢ ᠳᠠᠭᠠᠨ ᠪᠠᠰᠠ ᠨᠢᠭᠤᠴᠠ ᠪᠠᠷ ᠴᠠᠢ᠂ ᠲᠠᠪᠤᠰᠤ᠂ ᠰᠢᠭᠢᠷ᠂ ᠴᠢᠪᠠᠭ᠎ᠠ᠂ ᠤᠳᠠᠰᠤ᠂ ᠮᠦᠡᠭᠭᠦᠨ ᠵᠤᠭᠤᠰ ᠵᠡᠷᠭᠡ ᠶᠢᠨ ᠵᠦᠢᠯ ᠭᠢᠵᠤ ᠪᠠᠷᠢᠨ᠎ᠠ᠃ ᠲᠠᠭᠡᠭᠡᠳ ᠤᠳᠠᠰᠤ ᠲᠠᠢ ᠪᠠᠩᠰᠢ ᠢᠳᠡᠪᠠᠯ ᠤᠷᠳᠤ ᠨᠠᠰᠤᠯᠠᠬᠤ᠂ ᠵᠤᠭᠤᠰ ᠲᠠᠢ ᠪᠠᠩᠰᠢ ᠢᠳᠡᠪᠠᠯ ᠪᠠᠶᠠᠨ ᠶᠠᠪᠤᠬᠤ ᠭᠡᠭᠦᠴᠢᠯᠠᠨ ᠭᠡᠨ ᠨᠢ ᠤᠯᠠᠨ ᠢᠳᠡᠪᠠᠯ ᠰᠠᠶᠢᠨ ᠭᠡᠵᠡᠭᠡᠨ ᠭᠦᠭᠡᠷᠤᠨ ᠨᠠᠭᠠᠳᠴᠤ ᠪᠠᠯᠭᠡᠳᠡᠳᠡᠭ᠃ ᠡᠨᠡ ᠨᠢ ᠢᠰᠫᠠᠨᠢ ᠭᠦᠮᠤᠨ ᠤ ᠪᠢᠳᠡᠭᠦᠨ ᠤ ᠰᠦᠨᠢ ᠦᠵᠤᠮ ᠪᠤᠯᠢᠶᠠᠯᠳᠤᠵᠤ ᠢᠳᠡᠭᠦ ᠨᠠᠭᠠᠳᠤᠮ ᠲᠠᠢ ᠲᠦᠰᠤᠭᠡ ᠲᠠᠢ ᠪᠠᠶᠢᠳᠠᠭ᠃     ᠪᠢᠳᠡᠭᠦᠨ ᠳᠤ ᠶᠠᠭᠤᠮ᠎ᠠ ᠪᠤᠯᠭᠠᠨ ᠢ ᠪᠢᠳᠡᠭᠦᠯᠡᠭᠦ ᠠᠭᠤᠯᠭ᠎ᠠ ᠲᠠᠢ᠂ ᠬᠠᠭᠤᠴᠢᠨ ᠥᠭᠡᠨ ᠳᠤ ᠰᠢᠨ᠎ᠠ ᠬᠠᠭᠤᠴᠢᠨ ᠵᠢᠯ ᠤᠨ ᠵᠠᠪᠰᠠᠷ ᠴᠢᠳᠭᠦᠷ ᠰᠠᠮᠠᠭᠤᠷᠠᠳᠠᠭ ᠭᠡᠰᠡᠨ ᠬᠡᠯᠡᠯᠭᠡ ᠲᠠᠢ ᠳᠤᠯᠠ ᠤᠭᠤᠷ ᠢᠶᠠᠨ ᠭᠦᠷᠳᠡᠯ᠎ᠠ ᠪᠤᠳᠠᠭ᠎ᠠ ᠪᠠᠷ ᠲᠦᠭᠦᠷᠭᠡᠵᠤ ᠶᠠᠭᠤᠮ᠎ᠠ ᠪᠤᠯᠭᠠᠨ ᠲᠠᠭᠡᠷ᠎ᠠ ᠤᠯᠠᠭᠠᠨ ᠴᠠᠭᠠᠰᠤ ᠪᠠᠷ ᠪᠠᠯᠭᠡᠳᠤ ᠦᠭᠡ ᠪᠢᠴᠢᠵᠤ ᠨᠠᠭᠠᠳᠠᠭ᠃ ᠨᠤᠬᠠᠢ ᠪᠠᠨ ᠭᠦᠷᠳᠡᠯ᠎ᠠ ᠴᠠᠭᠠᠨ ᠪᠤᠳᠠᠭ᠎ᠠ ᠪᠠᠷ ᠰᠠᠶᠢᠨ ᠴᠠᠳᠬᠠᠳᠠᠭ᠃     ᠪᠢᠳᠡᠭᠦᠨ ᠤ ᠰᠦᠨᠢ ᠳ᠋ᠸᠡᠭ ᠵᠤᠯᠠ ᠤᠨᠳᠠᠷᠠᠭᠠᠳᠠᠭ ᠦᠭᠡᠢ᠂ ᠬᠤᠨᠤᠭ ᠵᠤᠯᠠ ᠡᠷᠭᠦᠭᠦ ᠪᠠ ᠭᠠᠳᠠᠨ᠎ᠠ ᠪᠠᠨ ᠳ᠋ᠸᠡᠭᠯᠤ ᠡᠯᠭᠦᠵᠤ ᠪᠠᠶᠢᠳᠠᠭ᠃ ᠪᠢᠳᠡᠭᠦᠨ ᠤ ᠰᠦᠨᠢ ᠲᠠᠭᠢᠯ ᠵᠤᠯᠠ ᠪᠠᠯᠠᠳᠭᠡᠭᠦ᠂ ᠰᠢᠨ᠎ᠠ ᠬᠤᠪᠴᠠᠰᠤ ᠰᠤᠯᠢᠬᠤ᠂ ᠲᠠᠭᠡᠵᠢ ᠰᠠᠪᠠ ᠲᠦᠭᠦᠭᠡᠷᠭᠦ ᠭᠡᠳ ᠪᠤᠵᠢᠭᠢᠨᠠᠯᠳᠤᠭᠰᠠᠭᠠᠷ ᠪᠠᠶᠢᠭᠠᠳ ᠶᠠᠷᠤ ᠨᠢ ᠤᠨᠳᠠᠳᠠᠭ ᠦᠭᠡᠢ᠃ ᠡᠨᠡ ᠨᠢ ᠶᠠᠫᠤᠨ ᠭᠦᠮᠤᠨ ᠤ ᠪᠢᠳᠡᠭᠦᠨ ᠤ ᠰᠦᠨᠢ ᠪᠦᠭᠦᠳᠡᠭᠡᠷ ᠵᠤᠤᠬ᠎ᠠ ᠪᠠᠨ ᠳᠤᠭᠤᠷᠢᠵᠤ ︽ᠨᠠᠰᠤ ᠰᠠᠭᠢᠬᠤ︾᠎ ᠲᠠᠢ ᠦᠢᠷᠠᠯᠴᠠᠭ᠎ᠠ ᠪᠠᠶᠢᠳᠠᠭ᠃ ᠴᠠᠭ ᠡᠷᠢᠨ ᠤ ᠭᠦᠭᠵᠢᠯ᠂ ᠠᠵᠤ ᠠᠮᠢᠳᠤᠷᠠᠯ ᠤᠨ ᠰᠠᠶᠢᠵᠢᠷᠠᠯ ᠢ ᠲᠠᠭᠠᠯᠳᠤᠨ ᠪᠢᠳᠡᠭᠦᠨ ᠤ ᠰᠦᠨᠢ ᠶᠢᠨ ᠤᠳᠬ᠎ᠠ ᠠᠭᠤᠯᠭ᠎ᠠ ᠳᠤᠩ ᠪᠠᠶᠠᠯᠢᠭ ᠪᠤᠯᠵᠠᠢ᠃ ᠪᠢᠳᠡᠭᠦᠨ ᠤ ᠰᠦᠨᠢ ᠭᠤᠤᠯᠳᠠᠭᠤ ᠭᠡᠷ ᠲᠠᠶᠠᠭᠠᠷ ᠢᠶᠠᠨ ᠴᠤᠭᠯᠠᠷᠠᠨ ᠠᠮᠳᠠᠳᠤ ᠢᠳᠡᠭᠡᠨ ᠤᠢᠷᠤᠵᠤ ᠰᠢᠮᠠᠳᠤ ᠠᠷᠢᠭᠢ ᠪᠠᠨ ᠭᠡᠮᠨᠠᠵᠤ ᠲᠦᠪ ᠤᠨ ᠲᠧᠯᠸᠢᠰ ᠬᠤᠷᠢᠶᠠᠨ ᠤ ︽ᠴᠠᠭᠠᠨ ᠰᠠᠷ᠎ᠠ ᠶᠢᠨ ᠦᠳᠡᠰᠢᠯᠡᠭᠡ︾᠎ ᠶᠢ ᠰᠤᠨᠢᠷᠬᠠᠵᠤ᠂ ᠭᠦᠷ ᠭᠦᠭᠵᠢᠶᠠᠨ ᠲᠠᠢ ᠰᠢᠨᠠᠯᠡᠴᠡᠭᠡᠨ ᠬᠠᠷᠢᠯᠴᠠᠨ ᠰᠢᠨ᠎ᠠ ᠶᠢᠨ ᠪᠠᠶᠠᠷ ᠭᠦᠷᠭᠡᠳᠡᠭ᠃     ᠪᠢᠳᠡᠭᠦᠨ ᠳᠤ ᠪᠠᠰᠠ ᠴᠡᠭᠡᠷ ᠬᠤᠷᠢᠭ᠎ᠠ ᠴᠤ ᠴᠦᠭᠡᠨ ᠪᠤᠰᠤ ᠪᠠᠶᠢᠳᠠᠭ᠃ ᠠᠷᠢᠭᠢ ᠤᠤᠭᠤᠵᠤ ᠱᠠᠯ ᠰᠤᠭᠳᠤᠬᠤ ᠦᠭᠡᠢ᠂ ᠶᠡᠭᠡ ᠪᠠᠭ᠎ᠠ ᠳᠤᠤᠭᠠᠷᠬᠤ ᠦᠭᠡᠢ᠂ ᠮᠠᠯ ᠤᠨᠤᠭ᠎ᠠ ᠪᠠᠨ ᠭᠡᠭᠡᠷ᠎ᠠ ᠭᠠᠳᠠᠨ᠎ᠠ ᠬᠤᠨᠤᠭᠤᠯᠬᠤ ᠦᠭᠡᠢ᠂ ᠤᠰᠤ ᠤᠭᠢᠶᠠᠳᠠᠰᠤᠨ ᠤ ᠵᠦᠢᠯ ᠢ ᠭᠠᠳᠠᠭᠰᠢᠯᠠᠭᠤᠯᠳᠠᠭ ᠦᠭᠡᠢ᠂ ᠦᠯᠤᠰᠭᠦᠯᠠᠩ ᠬᠤᠨᠤᠬᠤ ᠪᠠ ᠠᠶᠢᠯ ᠳᠤ ᠬᠤᠨᠤᠬᠤ ᠶᠢ ᠴᠠᠭᠡᠷᠯᠡᠨ᠎ᠠ᠃ ᠪᠢᠳᠡᠭᠦᠨ ᠤ ᠰᠦᠨᠢ ᠬᠤᠪᠴᠠᠰᠤ ᠬᠤᠨᠠᠷ ᠪᠠ ᠬᠤᠭᠤᠰᠤᠨ ᠰᠠᠪᠠ ᠰᠠᠭᠤᠯᠠᠭ᠎ᠠ ᠶᠢ ᠭᠠᠳᠠᠨ᠎ᠠ ᠬᠤᠨᠤᠭᠤᠯᠬᠤ ᠦᠭᠡᠢ᠂ ᠡᠭᠦᠳᠠ ᠠᠯᠳᠠᠯᠠᠬᠤ᠂ ᠦᠰᠤ ᠰᠠᠮᠨᠠᠬᠤ᠂ ᠳᠤᠯᠢᠨ ᠳᠤ ᠵᠢᠰᠤ ᠪᠠᠨ ᠦᠵᠡᠭᠦ ᠵᠡᠷᠭᠡ ᠶᠢ ᠪᠦᠷ ᠴᠡᠭᠡᠷᠯᠡᠳᠡᠭ᠃ ᠵᠡᠷᠢᠮ ᠭᠠᠵᠠᠷ ᠪᠢᠳᠡᠭᠦᠨ ᠤ ᠦᠳᠡᠰᠢ ᠦᠭᠡᠷ ᠤᠨ ᠬᠡᠪᠳᠠᠷᠢ ᠦᠵᠠᠵᠤ ᠴᠠᠭ ᠵᠢᠯ ᠢ ᠰᠢᠨᠵᠢᠳᠡᠭ ᠵᠠᠩᠰᠢᠯ ᠪᠤᠢ᠃ ᠵᠠᠷᠢᠮ ᠭᠠᠵᠠᠷ ᠪᠠᠰᠠ ︽ᠵᠠᠮ ᠮᠠᠨᠠᠭᠠᠴᠢ︾ ᠭᠡᠵᠤ ᠳᠤᠰᠬᠠᠢ ᠭᠦᠮᠦᠨ ᠪᠠᠶᠢᠵᠤ᠂ ᠪᠢᠳᠡᠭᠦᠨ ᠰᠦᠨᠢ ᠭᠠᠭᠴᠠᠭᠠᠷ ᠶᠠᠪᠤᠵᠤ᠂ ᠭᠤᠷᠪᠠᠨ ᠵᠠᠮ ᠤᠨ ᠠᠭᠤᠯᠠᠷ ᠲᠠᠭᠡᠷ᠎ᠠ ᠮᠤᠷᠢᠨ ᠬᠤᠮᠤᠯ ᠤᠪᠤᠭᠠᠯᠠᠨ ᠳᠤᠭᠤᠢ ᠰᠠᠭᠤᠵᠤ᠂ ᠴᠠᠭ ᠵᠢᠯ᠂ ᠪᠤᠷᠤᠭᠠᠨ ᠬᠤᠷ᠎ᠠ᠂ ᠭᠦᠮᠤᠨ ᠠᠮᠢᠳᠠᠨ ᠤ ᠢᠷᠡᠭᠦ ᠵᠢᠯ ᠳᠤ ᠶᠠᠭᠤ ᠪᠤᠯᠬᠤ ᠶᠢ ᠰᠢᠨᠵᠢᠵᠤ ᠳᠤᠩᠭᠠᠳᠠᠭ ᠴᠤ ᠪᠤᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号