ᠰᠢᠷᠬᠤᠰᠤᠨ ᠪᠠᠯᠭᠠᠰᠤ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠠᠮᠤᠭ ᠤᠨ ᠡᠮᠦᠨ᠎ᠡ | ᠪᠡᠶ᠎ᠡ ᠳᠤ ᠪᠠᠶᠢᠷᠢᠯᠠᠵᠤ᠂ ᠦᠪᠦᠷ ᠮᠤᠩᠭᠤᠯ ᠱᠠᠨᠰᠢ ᠨᠢᠩᠰᠢᠶᠠ ᠶᠢᠨ ᠠᠵᠤ ᠠᠬᠤᠢ ᠶᠢᠨ ᠬᠦᠭᠵᠢᠯᠳᠡ ᠶᠢᠨ | ᠭᠤᠷᠪᠠᠯᠵᠢᠨ ᠪᠦᠰᠡ ᠶᠢᠨ ᠲᠦᠪ ᠲᠤ ᠪᠠᠶᠢᠷᠢᠰᠢᠨ ᠵᠡᠭᠦᠨ ᠡᠮᠦᠨᠡᠭᠦᠷ ᠢᠶᠠᠨ ᠱᠠᠨᠰᠢ ᠮᠤᠵᠢ ᠶᠢᠨ ᠾᠧᠩ ᠱᠠᠨ ᠰᠢᠶᠠᠨ | ᠪᠤᠯᠤᠨ ᠵᠢᠩᠪᠢᠶᠠᠨ ᠰᠢᠶᠠᠨ ᠲᠠᠢ ᠬᠦᠷᠰᠢᠯᠡᠵᠦ ᠪᠠᠶᠢᠭ᠎ᠠ ᠶᠣᠮ᠃ ᠪᠠᠷᠠᠭᠤᠨ ᠬᠤᠶᠢᠭᠤᠷ ᠢᠶᠠᠨ ᠰᠦᠯᠳᠡ ᠰᠤᠮᠦ ᠲᠠᠢ | ᠵᠠᠭᠠᠭᠯᠠᠳᠠᠭ᠃ 2005 ᠤᠨ ᠤ 10 ᠰᠠᠷ᠎ᠠ ᠳᠤ ᠤᠤᠯ ᠤᠨ ᠨᠠᠷᠢᠡᠭᠤᠤᠯ ᠪᠠᠯᠭᠠᠰᠤ ᠪᠤᠯᠤᠨ ᠤᠷᠳᠤᠪᠡᠶ᠎ᠡ ᠰᠢᠶᠠᠩ ᠢ | ᠨᠡᠶᠢᠯᠡᠬᠦᠯᠵᠦ ᠰᠢᠷᠬᠤᠰᠤᠨ ᠪᠠᠯᠭᠠᠰᠤ ᠶᠢ ᠪᠠᠶᠢᠭᠤᠯᠪᠠ᠃ ᠬᠠᠲᠤᠨ ᠭᠤᠤᠯ ᠤᠨ ᠨᠢᠬᠡᠳᠤᠬᠡᠷ ᠳᠡᠰ ᠤᠨ ᠰᠠᠯᠪᠤᠷᠢ | ᠤᠷᠤᠰᠬᠠᠯ ᠪᠤᠯᠬᠤ ᠤᠳᠠ ᠶᠢᠨ ᠭᠤᠣᠯ ︵ᠰᠢᠷᠬᠤᠰᠤᠨ ᠭᠤᠤᠯ︶ ᠡᠨᠡᠬᠦᠷ ᠬᠦᠨᠳᠡᠯᠡᠨ ᠤᠷᠤᠰᠤᠨ ᠦᠩᠭᠡᠷᠴᠣ | ᠪᠠᠶᠢᠳᠠᠭ ᠠᠴᠠ ᠰᠢᠷᠬᠤᠰᠤᠨ ᠪᠠᠯᠭᠠᠰᠤ ᠬᠡᠮᠡᠨ ᠨᠡᠷᠡᠶᠢᠳᠴᠦ᠂ ᠤᠭ ᠠᠴᠠ ᠪᠠᠨ ︽ᠪᠤᠭᠤᠮᠲᠠ ᠶᠢᠨ ᠭᠠᠳᠠᠨᠠᠬᠢ | ᠵᠢᠶᠠᠩᠨᠠᠨ︾ ᠬᠡᠮᠡᠬᠦ ᠰᠠᠶᠢᠬᠠᠨ ᠴᠤᠯᠠ ᠲᠠᠢ ᠪᠢᠯᠡ᠃ ᠪᠦᠬᠦ ᠪᠠᠯᠭᠠᠰᠤ ᠶᠢᠨ ᠶᠡᠷᠤᠩᠬᠡᠢ ᠲᠠᠯᠠᠪᠠᠢ ᠨᠢ 1353.4 | ᠳᠡᠭᠰᠢ ᠲᠦᠷᠪᠡᠯᠵᠢᠨ ᠺᠢᠯᠤᠮᠧᠲᠷ᠂ ᠬᠠᠷᠢᠶᠠᠨ ᠳᠤᠨᠢ 14 ᠵᠠᠰᠠᠭ ᠵᠠᠬᠢᠷᠭᠠᠨ ᠤ ᠲᠤᠰᠬᠤᠨ᠂ 1 ᠨᠡᠶᠢᠬᠡᠮ ᠲᠤᠭᠤᠷᠢᠭ | ᠂ 142 ᠲᠠᠷᠢᠶᠠᠯᠠᠯ ᠮᠠᠯᠵᠢᠯ ᠤᠨ ᠬᠤᠷᠰᠢᠶ᠎ᠠ ᠲᠠᠢ᠂ ᠶᠡᠷᠦᠩᠬᠡᠢ ᠬᠦᠮᠦᠨ ᠠᠮᠠ ᠨᠢ 13181 ᠡᠷᠦᠬᠡ 36542 | ᠬᠦᠮᠦᠨ ᠲᠠᠢ᠂ ᠪᠠᠶᠢᠩᠭᠤ ᠰᠠᠭᠤᠭ᠎ᠠ ᠬᠦᠮᠦᠨ ᠠᠮᠠ ᠨᠢ 7461 ᠡᠷᠦᠬᠡ 20460 ᠬᠦᠮᠦᠨ ᠪᠤᠢ᠃ 2017 | ᠤᠨ ᠤ ᠬᠦᠮᠦᠨ ᠳᠤᠮᠳᠠᠴᠢ ᠶᠢᠨ ᠴᠡᠪᠡᠷ ᠤᠷᠤᠯᠭ᠎ᠠ 1.74 ᠲᠦᠮᠡᠨ ᠲᠦᠭᠦᠷᠢᠭ ᠲᠤ ᠭᠦᠷᠴᠠᠢ᠃ | ᠰᠢᠷᠬᠤᠰᠣᠨ ᠪᠠᠯᠠᠭᠠᠰᠣ ᠨᠢ ᠨᠡᠭᠦᠷᠡᠰᠤ᠂ ᠬᠡᠢ᠂ ᠤᠰᠤᠨ ᠡᠬᠢ ᠪᠠᠶᠠᠯᠢᠭ ᠡᠯᠪᠡᠭ ᠳᠡᠯᠪᠡᠭ ᠪᠠᠶᠢᠵᠣ᠂ ᠤᠷᠳᠤᠰ | ᠬᠤᠲᠠ ᠶᠢᠨ ᠲᠠᠸᠠᠷ ᠤᠨ ᠠᠮᠤ ᠪᠤᠳᠠᠭ᠎ᠠ ᠪᠤᠯᠤᠨ ᠲᠠᠷᠢᠶᠠᠯᠠᠩ ᠮᠠᠯ ᠠᠵᠤ ᠠᠬᠤᠢ ᠶᠢᠨ ᠪᠦᠳᠦᠭᠡᠭᠳᠡᠬᠦᠨ ᠤ | ᠦᠢᠯᠡᠳᠪᠦᠷᠢᠯᠡᠯ ᠤᠨ ᠴᠢᠬᠤᠯᠠ ᠪᠣᠯᠬᠤ ᠰᠠᠭᠤᠷᠢᠨ ᠭᠠᠵᠠᠷ᠂ ᠰᠢᠨ᠎ᠠ ᠮᠠᠶ᠋ᠢᠭ ᠤᠨ ᠡᠨᠧᠷᠬᠢ ᠶᠢᠨ ᠬᠦᠨᠳᠦ ᠬᠢᠮᠢ ᠶᠢᠨ | ᠠᠵᠤ ᠤᠶᠢᠯᠡᠳᠪᠤᠷᠢ ᠶᠢᠨ ᠠᠵᠤ ᠤᠶᠢᠯᠡᠰ ᠢ ᠬᠦᠭᠵᠢᠭᠦᠯᠬᠦ ᠴᠢᠬᠤᠯᠠ ᠰᠠᠭᠤᠷᠢᠨ ᠭᠠᠵᠠᠷ ᠪᠤᠯᠤᠨ᠎ᠠ᠃ ᠤᠷᠳᠤᠰ | ᠬᠤᠲᠠ ᠶᠢᠨ 18 ᠭᠤᠤᠯᠳᠠᠯᠭᠠᠳᠤ ᠠᠵᠤ ᠤᠶᠢᠯᠡᠳᠪᠦᠷᠢ ᠶᠢᠨ ᠬᠦᠷᠢᠶᠡᠯᠡᠩ ᠲᠣᠭᠤᠷᠢᠭ ᠤᠨ ᠨᠢᠭᠡ ᠪᠤᠯᠬᠤ | ᠨᠠᠷᠢᠡᠭᠤᠤᠯ ᠠᠵᠤ ᠤᠶᠢᠯᠡᠳᠪᠤᠷᠢ ᠶᠢᠨ ᠬᠦᠷᠢᠶᠡᠯᠡᠩ ᠲᠣᠭᠤᠷᠢᠭ ᠠᠳᠡ ᠪᠠᠶᠢᠷᠢᠰᠢᠵᠤ᠂ ᠪᠠᠶᠢᠭᠠᠯᠢ ᠶᠢᠨ ᠰᠢᠳᠠᠮᠠᠬᠠᠢ | ᠬᠡᠢ ᠶᠢᠨ ᠬᠠᠶᠢᠨ ᠲᠣᠳᠣᠯᠠᠭᠰᠠᠨ ᠬᠠᠳᠠᠭᠠᠯᠠᠭᠳᠠᠴᠠ ᠨᠢ 1000 ᠳ᠋ᠦᠩᠰᠢᠭᠤᠷ ᠪᠤᠰᠤᠭ᠎ᠠ ᠳᠦᠷᠪᠡᠯᠵᠢᠨ ᠮᠧᠲᠷ᠂ | ᠨᠡᠭᠦᠷᠡᠰᠤᠨ ᠤ ᠬᠠᠳᠠᠭᠠᠯᠠᠭᠳᠠᠴᠠ ᠨᠢ 340 ᠳ᠋ᠦᠩᠰᠢᠭᠤᠷ ᠲᠣᠠ ᠳᠤ ᠬᠦᠷᠴᠡᠢ᠃ ᠪᠦᠬᠦ ᠪᠠᠯᠭᠠᠰᠣᠨ ᠤ ᠲᠠᠷᠢᠶᠠᠨ | ᠭᠠᠵᠠᠷ ᠤᠨ ᠲᠠᠯᠠᠪᠠᠢ 36.7 ᠭᠠᠷᠤᠢ ᠲᠦᠮᠡᠨ ᠮᠤ᠋᠂ ᠪᠡᠯᠴᠢᠬᠡᠷ ᠤᠨ ᠳᠠᠯᠠᠪᠠᠢ 49.7 ᠲᠦᠮᠡᠨ ᠮᠤ᠋᠂ ᠣᠶᠢᠲᠤ | ᠭᠠᠵᠠᠷ ᠤᠨ ᠳᠠᠯᠠᠪᠡᠢ 1109.6 ᠲᠦᠮᠡᠨ ᠮᠤ᠋ ᠪᠠᠶᠢᠵᠣ ᠣᠢ ᠰᠢᠭᠤᠢ ᠶᠢᠨ ᠪᠦᠷᠬᠦᠴᠡ ᠨᠣᠷᠮ᠎ᠠ ᠨᠢ 44.3% ᠳᠤ | ᠬᠦᠷᠴᠣ᠂ ᠣᠷᠭᠤᠮᠠᠯ ᠤᠨ ᠪᠦᠷᠬᠦᠴᠡ ᠨᠣᠷᠮ᠎ᠠ ᠨᠢ 82.8% ᠬᠦᠷᠪᠠ᠃ ᠤᠰᠤᠨ ᠤ ᠡᠬᠢ ᠰᠤᠷᠪᠤᠯᠵᠢ ᠡᠯᠪᠡᠭ | ᠳᠡᠯᠪᠡᠭ᠂ ᠦᠪᠡᠷᠲᠡᠭᠡᠨ ᠵᠠᠰᠠᠬᠤ ᠤᠷᠤᠨ ᠤ ᠪᠠᠷᠠᠭᠤᠨ ᠪᠡᠶ᠎ᠡ ᠶᠢᠨ ᠬᠠᠮᠤᠭ ᠤᠨ ᠶᠡᠭᠡ ᠤᠰᠤᠨ ᠴᠦᠬᠦᠷᠦᠮ — | ᠪᠠᠲᠤ ᠶᠢᠨ ᠲᠣᠬᠤᠢ ᠶᠢᠨ ᠣᠰᠣᠨ ᠴᠦᠬᠦᠷᠦᠮ ᠪᠠᠶᠢᠵᠤ᠂ ᠳᠡᠬᠦᠨ ᠤ ᠬᠠᠮᠤᠭ ᠤᠨ ᠶᠡᠭᠡ ᠪᠠᠭᠲᠠᠭᠠᠮᠵᠢ ᠨᠢ 1.03 | ᠳ᠋ᠦᠩᠰᠢᠭᠤᠷ ᠪᠤᠰᠤᠭ᠎ᠠ ᠳᠦᠷᠪᠡᠯᠵᠢᠨ ᠮᠧᠲᠷ᠂ ᠠᠰᠢᠭᠯᠠᠵᠤ ᠪᠤᠯᠬᠤ ᠤᠰᠤᠨ ᠤ ᠡᠬᠢ ᠰᠤᠷᠪᠤᠯᠵᠢ ᠶᠢᠨ ᠶᠡᠷᠤᠩᠬᠡᠢ | ᠬᠡᠮᠵᠢᠶ᠎ᠡ 1.5 ᠳ᠋ᠦᠩᠰᠢᠭᠤᠷ ᠪᠤᠰᠤᠭ᠎ᠠ ᠳᠦᠷᠪᠡᠯᠵᠢᠨ ᠮᠧᠲᠷ ᠲᠤ ᠬᠦᠷᠳᠡᠭ᠃ ᠵᠠᠮ ᠬᠠᠷᠢᠯᠴᠠᠭᠠᠨ ᠤ ᠳᠤᠤᠷ | ᠱᠤᠭᠤᠮ ᠬᠦᠭᠵᠢᠵᠤ᠂ ᠳᠠᠪᠴᠠᠭ ᠠᠴᠠ ᠵᠠᠩᠭᠤᠲᠤ ᠭᠦᠷᠬᠦ ᠵᠠᠮ᠂ ᠲᠦᠩᠽᠢ ᠠᠴᠠ ᠴᠠᠩ ᠴᠢᠩ ᠤᠨ ᠬᠤᠶᠠᠳᠤᠭᠠᠷ | ᠴᠡᠪᠡᠷᠰᠢᠬᠦᠯᠬᠦ ᠤᠶᠢᠯᠡᠳᠪᠤᠷᠢ ᠬᠦᠷᠬᠦ ᠵᠠᠮ ᠪᠤᠯᠤᠨ ᠨᠠᠷᠢᠡᠭᠤᠤᠯ ᠠᠴᠠ ᠪᠠᠲᠦ ᠶᠢᠨ ᠳᠤᠬᠤᠢ ᠭᠦᠷᠬᠦ ᠵᠠᠮ ᠨᠢ ᠦᠦᠰᠢᠨ | ᠬᠤᠰᠢᠭᠤᠨ ᠤ ᠡᠮᠦᠨ᠎ᠡ ᠬᠠᠭᠠᠯᠭ᠎ᠠ ᠶᠢᠨ ᠴᠢᠬᠤᠯᠠ ᠵᠠᠮ ᠱᠤᠭᠤᠮ ᠪᠤᠯᠵᠤ᠂ ᠠᠭᠤᠷᠬᠠᠢ ᠶᠢᠨ ᠤᠷᠤᠨ ᠢ ᠬᠤᠯᠪᠤᠵᠤ | ᠪᠠᠶᠢᠭ᠎ᠠ ᠭᠠᠯᠠᠭᠤᠲᠤ ᠠᠴᠠ ᠳ᠋ᠠ ᠼᠣᠣ ᠸᠠᠨ ᠭᠦᠷᠬᠦ ᠨᠢᠭᠡᠳᠦᠭᠡᠷ ᠳᠡᠰ ᠤᠨ ᠵᠠᠰᠠᠮᠠᠯ ᠵᠠᠮ ᠲᠡᠷᠭᠡ ᠨᠡᠪᠲᠡᠷᠡᠵᠤ᠂ ᠪᠦᠬᠦ | ᠪᠠᠯᠭᠠᠰᠤᠨ ᠤ 14 ᠵᠠᠰᠠᠭ ᠵᠠᠬᠢᠷᠭᠠᠨ ᠤ ᠳᠤᠰᠬᠤᠨ ᠳᠤ ᠴᠦᠮ ᠳᠤᠰᠤᠨ ᠵᠠᠮ ᠨᠡᠪᠲᠡᠷᠡᠵᠠᠢ᠃ | ᠤᠷᠴᠢᠮ ᠤᠨ ᠵᠢᠯ ᠠᠴᠠ ᠰᠢᠷᠬᠤᠰᠤᠨ ᠪᠠᠯᠭᠠᠰᠤ ᠨᠢ ᠬᠦᠳᠡᠭᠡ ᠳᠣᠰᠬᠤᠨ ᠢ ᠬᠦᠭᠵᠢᠬᠦᠯᠥᠨ ᠮᠠᠨᠳᠣᠭᠤᠯᠬᠤ | ᠪᠠᠶᠢᠯᠳᠣᠬᠤ ᠪᠣᠳᠣᠯᠭ᠎ᠠ ᠶᠢ ᠬᠦᠨᠵᠡᠬᠡᠢ ᠠᠬᠢᠭᠤᠯᠣᠨ ᠮᠠᠯ ᠳᠠᠷᠢᠶᠠᠯᠠᠩ ᠠᠵᠣ ᠠᠬᠤᠢ ᠶᠢᠨ ᠬᠠᠩᠭᠠᠯᠭ᠎ᠠ ᠶᠢᠨ ᠳᠠᠯ᠎ᠠ | ᠪᠦᠳᠦᠴᠡ ᠶᠢᠨ ᠴᠢᠨᠡᠷᠳᠡᠢ ᠦᠬᠡᠷᠡᠴᠢᠯᠡᠯᠳᠡ ᠪᠠᠷ ᠭᠤᠣᠯ ᠱᠤᠭᠤᠮ ᠪᠣᠯᠭᠠᠨ ᠸᠠᠩ ᠶᠣᠣ ᠸᠠᠨ ᠳᠣᠰᠬᠤᠨ᠂ ᠣᠳᠠ | ᠶᠢᠨ ᠭᠤᠣᠯ ᠳᠣᠰᠬᠤᠨ ᠵᠡᠷᠬᠡ 2 ᠳᠣᠰᠬᠤᠨ ᠢ ᠵᠢᠯᠣᠭᠤᠳᠣᠨ ︽ᠳᠠᠷᠢᠵᠣ ᠳᠡᠵᠢᠬᠡᠬᠦ ᠶᠢ ᠣᠶᠠᠯᠳᠣᠭᠤᠯᠣᠭᠰᠠᠨ︾ | ᠳᠠᠷᠢᠶᠠᠯᠠᠩ ᠠᠵᠣ ᠠᠬᠤᠢ ᠶᠢᠨ ᠬᠦᠭᠵᠢᠯᠳᠡ ᠶᠢᠨ ᠬᠡᠯᠪᠠᠷᠢ ᠶᠢ ᠶᠡᠬᠡᠪᠡᠷ ᠳᠡᠯᠬᠡᠷᠡᠬᠦᠯᠵᠣ ︽ᠨᠢᠬᠡ ᠪᠦᠰᠠ ᠨᠢᠬᠡ | ᠬᠦᠷᠢᠶᠠᠯᠠᠩ ᠨᠢᠬᠡ ᠣᠷᠣᠨ︾ ᠤ ᠠᠵᠣ ᠣᠶᠢᠯᠡᠰ ᠤᠨ ᠬᠦᠭᠵᠢᠯᠳᠡ ᠶᠢᠨ ᠬᠡᠯᠪᠠᠷᠢ ᠪᠠᠶᠢᠳᠠᠯ ᠢ ᠢᠳᠡᠪᠬᠢᠳᠡᠢ | ᠪᠦᠳᠦᠬᠡᠨ ᠪᠠᠶᠢᠭᠤᠯᠪᠠ᠃ ᠣᠳᠣ ᠦᠶ᠎ᠡ ᠶᠢᠨ ᠮᠠᠯ ᠳᠠᠷᠢᠶᠠᠯᠠᠩ ᠤᠨ ᠠᠵᠣ ᠠᠬᠤᠢ ᠶᠢᠨ ᠬᠤᠯᠪᠣᠭᠠᠳᠣ ᠴᠣᠭᠴᠠ ᠶᠢ | ᠪᠠᠶᠢᠭᠤᠯᠪᠠ᠃ ᠬᠤᠯᠪᠣᠭᠠᠳᠣ ᠴᠣᠭᠴᠠ ᠳᠤ 5 ᠳᠣᠯᠣᠭᠠᠶᠢᠯᠠᠭᠴᠢ ᠠᠵᠣ ᠠᠬᠤᠶᠢᠯᠡᠯ᠂ 2 ᠮᠦᠩᠬᠦᠨ ᠬᠦᠢᠯᠬᠡᠬᠡᠨ ᠤ | ᠪᠠᠶᠢᠭᠤᠯᠣᠮᠵᠢ᠂ 8 ᠳᠣᠰᠬᠠᠶᠢᠵᠢᠭᠰᠠᠨ ᠬᠤᠷᠰᠢᠶᠠᠵᠢᠯ ᠪᠠ ᠵᠠᠷᠢᠮ ᠬᠡᠷ ᠪᠦᠯᠢ ᠶᠢᠨ ᠮᠠᠯᠴᠢᠨ ᠳᠠᠷᠢᠶᠠᠴᠢᠨ ᠡᠷᠦᠬᠡ | ᠪᠠᠭᠳᠠᠵᠣ ︽ᠳᠣᠯᠣᠭᠠᠶᠢᠯᠠᠭᠴᠢ ᠠᠵᠣ ᠠᠬᠤᠶᠢᠯᠡᠯ + ᠳᠣᠰᠬᠠᠶᠢᠵᠢᠭᠰᠠᠨ ᠬᠤᠷᠰᠢᠶᠠᠵᠢᠯ + ᠮᠠᠯᠴᠢᠨ ᠳᠠᠷᠢᠶᠠᠴᠢᠨ | ᠡᠷᠦᠬᠡ︾ ᠶᠢᠨ ᠬᠡᠯᠪᠠᠷᠢ ᠶᠢ ᠠᠰᠢᠭᠯᠠᠨ ᠳᠠᠷᠢᠶᠠᠯᠠᠩ ᠤᠨ ᠡᠳ᠋ ᠪᠠᠷᠠᠭ᠎ᠠ ᠶᠢ ᠨᠢᠬᠡᠳᠣᠯᠳᠡᠢ ᠬᠤᠳᠠᠯᠳᠣᠨ ᠠᠪᠬᠤ᠂ | ᠳᠠᠷᠢᠶᠠᠯᠠᠩ ᠤᠨ ᠪᠦᠳᠦᠬᠡᠭᠳᠡᠬᠦᠨ ᠢ ᠬᠡᠪᠴᠢᠶᠠᠵᠢᠬᠦᠯᠥᠨ ᠳᠠᠷᠢᠬᠤ᠂ ᠵᠠᠬᠢᠶᠠᠯᠠᠭ᠎ᠠ ᠪᠠᠷ ᠪᠣᠷᠣᠯᠠᠭᠤᠯᠬᠤ᠂ ᠳᠠᠷᠢᠶᠠᠯᠠᠩ | ᠤᠨ ᠣᠶᠢᠯᠡᠴᠢᠯᠡᠭᠡ ᠶᠢ ᠴᠣᠭᠴᠠᠵᠢᠭᠤᠯᠬᠤ ᠬᠡᠯᠪᠠᠷᠢ ᠶᠢᠨ ᠠᠵᠣ ᠣᠶᠢᠯᠡᠰ ᠤᠨ ᠬᠡᠯᠬᠢᠶᠠᠵᠢᠯ ᠢ ᠪᠣᠢ ᠪᠣᠯᠭᠠᠵᠣ ︽ | ᠦᠷᠳᠡᠭ ᠢ ᠪᠠᠭᠤᠷᠠᠭᠤᠯᠣᠨ ᠦᠷ᠎ᠡ ᠪᠦᠳᠣᠮᠵᠢ ᠶᠢ ᠨᠡᠮᠡᠭᠳᠡᠬᠦᠯᠥᠨ ᠶᠠᠰᠣ ᠴᠢᠨᠡᠷ ᠢ ᠳᠡᠬᠡᠭᠰᠢᠯᠡᠬᠦᠯᠵᠣ ᠪᠦᠬᠦᠳᠡᠬᠡᠷ ᠢᠶᠠᠨ | ᠴᠢᠨᠡᠬᠡᠯᠢᠭᠵᠢᠬᠦ︾ ᠬᠦᠭᠵᠢᠯᠳᠡ ᠶᠢᠨ ᠬᠠᠷᠠᠯᠳᠠ ᠳᠤ ᠬᠦᠷᠴᠣ ᠪᠠᠳᠣᠳᠬᠠᠨ ᠳᠡᠮᠵᠢᠵᠣ ᠪᠠᠶᠢᠭ᠎ᠠ ᠶᠠᠳᠠᠭᠤ | ᠬᠦᠴᠢᠷᠳᠡᠯᠳᠡᠢ ᠡᠷᠦᠬᠡ ᠶᠢ ᠬᠤᠯᠪᠣᠭᠠᠳᠣ ᠴᠣᠭᠴᠠ ᠳᠤ ᠣᠷᠣᠭᠤᠯᠵᠣ ᠣᠷᠣᠯᠭ᠎ᠠ ᠶᠢ ᠨᠡᠮᠡᠭᠳᠡᠬᠦᠯᠬᠦ ᠪᠦᠳᠣᠮᠵᠢᠳᠣ | ᠳᠣᠭᠳᠠᠯᠴᠠᠭ᠎ᠠ ᠶᠢ ᠪᠠᠶᠢᠭᠤᠯᠵᠣ ᠮᠠᠯᠴᠢᠨ ᠳᠠᠷᠢᠶᠠᠴᠢᠨ ᠬᠤᠯᠪᠣᠭᠠᠳᠣ ᠴᠣᠭᠴᠠ ᠪᠠᠷ ᠳᠠᠮᠵᠢᠭᠤᠯᠣᠨ ᠵᠢᠯ ᠪᠦᠷᠢ ᠮᠣ᠋ | ᠪᠣᠯᠭᠠᠨ ᠳᠡᠬᠡᠷ᠎ᠡ 200 ᠲᠦᠬᠦᠷᠢᠭ ᠤᠨ ᠦᠷᠳᠡᠭ ᠢ ᠠᠷᠪᠢᠯᠡᠵᠣ ᠬᠦᠮᠦᠨ ᠳᠣᠮᠳᠠᠴᠢ ᠶᠢᠨ ᠣᠷᠣᠯᠭ᠎ᠠ ᠶᠢ 3000 | ᠲᠦᠬᠦᠷᠢᠭ ᠪᠣᠯᠭᠠᠨ ᠨᠡᠮᠡᠭᠳᠡᠬᠦᠯᠪᠠ᠃ ᠮᠠᠯ ᠳᠠᠷᠢᠶᠠᠯᠠᠩ ᠤᠨ ᠣᠶᠢᠯᠡᠰ ᠤᠨ ᠪᠦᠳᠦᠴᠡ ᠶᠢ ᠬᠦᠨᠵᠡᠬᠡᠶᠢᠷᠡᠬᠦᠯᠥᠨ | ᠳᠣᠬᠢᠷᠠᠭᠤᠯᠪᠠ᠃ 36.7 ᠲᠦᠮᠡᠨ ᠮᠣ᠋ ᠳᠠᠷᠢᠶ᠎ᠠ ᠳᠠᠷᠢᠵᠣ ᠣᠰᠣ ᠠᠷᠪᠢᠯᠠᠬᠤ ᠣᠰᠣᠯᠠᠯᠭᠠ ᠶᠢ 1 ᠲᠦᠮᠡᠨ ᠮᠣ᠋ | ᠬᠡᠷᠡᠭᠵᠢᠬᠦᠯᠵᠣ ᠦᠨᠳᠣᠷ ᠪᠠᠷᠢᠮᠵᠢᠶᠠᠳᠣ ᠳᠠᠷᠢᠶᠠᠨ ᠭᠠᠵᠠᠷ ᠢ 1.9 ᠲᠦᠮᠡᠨ ᠮᠣ᠋ ᠴᠤᠭᠴᠠᠵᠢᠭᠤᠯᠣᠨ ᠨᠢᠬᠡᠳᠬᠡᠵᠣ ᠠᠮᠣ | ᠪᠣᠳᠠᠭ᠎ᠠ᠂ ᠠᠵᠣ ᠠᠬᠤᠢ ᠶᠢᠨ ᠳᠠᠷᠢᠮᠠᠯ᠂ ᠪᠣᠷᠳᠣᠭᠠᠨ ᠳᠠᠷᠢᠮᠠᠯ ᠤᠨ ᠬᠠᠷᠢᠴᠠᠯ ᠢ 55᠄18᠄27 ᠪᠣᠯᠭᠠᠪᠠ᠃ | ᠣᠷᠳᠣᠪᠠᠶᠠ ᠳᠣᠰᠬᠤᠨ ᠨᠢ ᠦᠪᠣᠷ ᠮᠣᠩᠭᠤᠯ ᠤᠨ ᠳ᠋ᠢᠩ ᠱᠦᠨ ᠮᠠᠯ ᠳᠠᠷᠢᠶᠠᠯᠠᠩ ᠠᠵᠣ ᠠᠬᠤᠢ ᠶᠢᠨ ᠨᠡᠬᠡᠬᠡᠯᠳᠡ | ᠶᠢᠨ ᠬᠢᠵᠠᠭᠠᠷᠳᠣ ᠺᠣᠮᠫᠠᠨᠢ ᠳᠤ ᠲᠦᠰᠢᠭᠯᠡᠨ ᠦᠨᠳᠣᠷ ᠪᠦᠳᠣᠮᠵᠢᠳᠣ ᠵᠢᠱᠢᠶᠠᠴᠢ ᠬᠦᠷᠢᠶᠠᠯᠠᠩ ᠣᠷᠣᠨ ᠢ ᠪᠦᠳᠦᠬᠡᠨ | ᠪᠠᠶᠢᠭᠤᠯᠪᠠ᠃ ᠳᠣᠭᠠᠷ ᠤᠨ ᠳᠣᠬᠤᠢ ᠳᠣᠰᠬᠤᠨ ᠱᠠᠨᠳᠦ᠋ᠩ ᠤᠨ ᠣᠰᠣᠨ ᠨᠡᠬᠡᠬᠡᠯᠳᠡ ᠶᠢᠨ ᠪᠦᠯᠥᠭᠯᠡᠯ᠂ ᠦᠪᠣᠷ | ᠮᠣᠩᠭᠤᠯ ᠤᠨ ᠰᠢᠨ ᠨᠥᠩ ᠹᠠ ᠳᠠᠷᠢᠶᠠᠯᠠᠩ ᠠᠵᠣ ᠠᠬᠤᠢ ᠶᠢᠨ ᠬᠦᠭᠵᠢᠬᠦᠯᠥᠯᠳᠡ ᠶᠢᠨ ᠬᠢᠵᠠᠭᠠᠷᠳᠣ ᠺᠣᠮᠫᠠᠨᠢ ᠶᠢ | ᠣᠷᠣᠭᠤᠯᠣᠨ ᠠᠪᠴᠢᠷᠠᠵᠣ 1000 ᠮᠣ᠋ ᠳᠠᠷᠢᠶᠠᠨ ᠭᠠᠵᠠᠷ ᠢ ᠯᠠᠵᠣᠣ ᠳᠠᠷᠢᠬᠤ ᠰᠠᠭᠤᠷᠢᠨ ᠭᠠᠵᠠᠷ ᠪᠣᠯᠭᠠᠪᠠ᠃ | ᠳᠠᠷᠢᠵᠣ ᠳᠡᠵᠢᠬᠡᠬᠦ ᠣᠶᠠᠯᠳᠣᠭᠤᠯᠣᠨ ᠡᠷᠬᠢᠯᠳᠣᠬᠦᠯᠥᠨ ᠬᠦᠭᠵᠢᠬᠦᠯᠬᠦ ᠶᠢ ᠠᠬᠢᠭᠤᠯᠵᠣ 50 ᠠᠯᠠᠰᠢᠨ ᠦᠬᠡᠷ | ᠳᠡᠵᠢᠬᠡᠭᠰᠡᠨ ᠡᠷᠦᠬᠡ ᠶᠢ 5᠂ 300 ᠭᠠᠭ᠋ᠠᠢ ᠳᠡᠵᠢᠬᠡᠭᠰᠡᠨ ᠡᠷᠦᠬᠡ ᠶᠢ 5᠂ 300 ᠠᠴᠠ ᠳᠡᠬᠡᠭᠰᠢ ᠠᠯᠠᠰᠢᠨ ᠬᠤᠨᠢ | ᠳᠡᠵᠢᠬᠡᠭᠰᠡᠨ ᠡᠷᠦᠬᠡ ᠶᠢ 10 ᠳᠠᠮᠵᠢᠨ ᠬᠦᠭᠵᠢᠬᠦᠯᠪᠠ᠃ ᠦᠪᠣᠷ ᠮᠣᠩᠭᠤᠯ ᠤᠨ ᠰᠢᠶᠦ᠋ᠨ ᠮᠧᠩ ᠦᠬᠡᠷ ᠤᠨ | ᠣᠶᠢᠯᠡᠰ ᠤᠨ ᠬᠢᠵᠠᠭᠠᠷᠳᠣ ᠺᠣᠮᠫᠠᠨᠢ 2000 ᠠᠯᠠᠰᠢᠨ ᠦᠬᠡᠷ ᠳᠡᠵᠢᠬᠡᠨ ᠳᠠᠷᠭᠤᠯᠠᠭᠤᠯᠬᠤ ᠲᠦᠷᠥᠯ ᠵᠣᠶᠢᠯ ᠢ | ᠣᠷᠣᠭᠤᠯᠣᠨ ᠠᠪᠴᠢᠷᠠᠵᠣ ᠦᠪᠣᠷ ᠮᠣᠩᠭᠤᠯ ᠤᠨ ᠬᠤᠣ ᠱᠠᠨ ᠬᠤᠣ ᠱᠦᠢ ᠮᠠᠯ ᠳᠠᠷᠢᠶᠠᠯᠠᠩ ᠤᠨ ᠣᠶᠢᠯᠡᠰ ᠤᠨ | ᠬᠢᠵᠠᠭᠠᠷᠳᠣ ᠺᠣᠮᠫᠠᠨᠢ ᠶᠢᠨ ᠲᠥᠮᠡᠨ ᠡᠬᠦᠯᠳᠡᠷ ᠤᠨ ᠭᠠᠭ᠋ᠠᠢ ᠶᠢᠨ ᠳᠡᠵᠢᠬᠡᠪᠣᠷᠢ ᠶᠢᠨ ᠲᠦᠷᠥᠯ ᠵᠣᠶᠢᠯ ᠢ ᠣᠷᠣᠭᠤᠯᠣᠨ | ᠠᠪᠴᠢᠷᠠᠵᠣ ᠦᠪᠣᠷ ᠮᠣᠩᠭᠤᠯ ᠤᠨ ᠭᠠᠭ᠋ᠠᠢ ᠶᠢᠨ ᠡᠮᠴᠢ ᠮᠠᠯ ᠠᠵᠤ ᠠᠬᠤᠢ ᠶᠢᠨ ᠬᠢᠵᠠᠭᠠᠷᠳᠣ ᠺᠣᠮᠫᠠᠨᠢ ᠶᠢᠨ ᠠᠷᠪᠠᠨ | ᠲᠥᠮᠡᠨ ᠭᠠᠭ᠋ᠠᠢ ᠶᠢᠨ ᠳᠡᠵᠢᠬᠡᠪᠣᠷᠢ ᠶᠢᠨ ᠲᠦᠷᠥᠯ ᠵᠣᠶᠢᠯ ᠢ ᠣᠷᠣᠭᠤᠯᠣᠨ ᠠᠪᠴᠢᠷᠠᠪᠠ᠃ ᠳᠠᠸᠡᠷ ᠤᠨ ᠳᠡᠮᠳᠡᠭᠳᠣ | ᠶᠢᠨ ᠪᠠᠶᠢᠯᠳᠣᠬᠤ ᠪᠣᠳᠣᠯᠭ᠎ᠠ ᠶᠢ ᠳᠡᠯᠬᠡᠷᠡᠬᠦᠯᠵᠤ ︽ᠬᠤᠩ ᠹᠧᠩ ᠡᠯᠳᠡᠪ ᠲᠥᠷᠥᠯ ᠤᠨ ᠠᠮᠣ︾ ᠶᠢᠨ ᠳᠠᠸᠡᠷ ᠤᠨ | ᠳᠡᠮᠳᠡᠭᠳᠣ ᠢ ᠳᠠᠩᠰᠠᠯᠠᠭᠤᠯᠵᠣ ᠰᠢᠷᠬᠤᠰᠣᠨ ᠭᠤᠣᠯ ᠤᠨ ᠮᠠᠯ ᠳᠠᠷᠢᠶᠠᠯᠠᠩ ᠤᠨ ᠨᠡᠬᠡᠬᠡᠯᠳᠡ ᠶᠢᠨ ᠬᠢᠵᠠᠭᠠᠷᠳᠣ ᠺᠣᠮᠫᠠᠨᠢ | ᠨᠢ ᠦᠪᠣᠷ ᠮᠣᠩᠭᠤᠯ ᠤᠨ ᠮᠠᠯ ᠳᠠᠷᠢᠶᠠᠯᠠᠩ ᠠᠵᠣ ᠠᠬᠤᠢ ᠶᠢᠨ ᠠᠵᠣ ᠣᠶᠢᠯᠡᠰᠵᠢᠬᠦᠯᠥᠯᠳᠡ ᠶᠢᠨ ᠭᠤᠣᠯᠳᠠᠯᠭᠠᠳᠣ | ᠳᠣᠯᠣᠭᠠᠶᠢᠯᠠᠭᠴᠢ ᠠᠵᠣ ᠠᠬᠤᠶᠢᠯᠡᠯ ᠢᠶᠠᠷ ᠦᠨᠡᠯᠡᠭᠳᠡᠪᠠ᠃ ᠠᠳᠠ ᠳᠤᠮᠳᠠᠳᠤ ᠤᠯᠤᠰ ᠴᠢᠨᠠᠭᠰᠢᠯᠠᠪᠡᠯ ᠠᠽᠢᠶ᠎ᠠ ᠲᠢᠪ | ᠤᠨ ᠬᠠᠮᠤᠭ ᠤᠨ ᠶᠡᠭᠡ ᠡᠯᠡᠰᠦᠷᠬᠡᠭ ᠭᠠᠵᠠᠷ ᠤᠨ ᠭᠤᠤ ᠬᠠᠪᠴᠢᠯ ᠪᠠᠶᠢᠵᠤ ᠳᠤᠮᠳᠠᠳᠤ ᠤᠯᠤᠰ ᠶᠢᠨ ᠬᠠᠮᠤᠭ ᠠᠩᠬᠠᠨ | ᠤ ᠬᠦᠮᠦᠨ ᠤ ᠰᠢᠳᠤᠨ ᠶᠠᠰᠤᠨ ᠤ ᠴᠢᠯᠠᠭᠤᠵᠢᠮᠠᠯ ᠢ ᠮᠠᠯᠲᠠᠨ ᠭᠠᠷᠭᠠᠵᠤ᠂ ᠥᠩᠭᠡᠷᠡᠭᠰᠡᠨ ᠳᠤ ︽ᠪᠤᠷᠤᠳᠤᠬᠤᠢ ᠶᠢᠨ | ᠬᠦᠮᠦᠨ︾ ︵ᠤᠷᠳᠤᠰ ᠬᠦᠮᠦᠨ︶ ᠦᠶ᠎ᠡ ᠤᠯᠠᠷᠢᠨ ᠤᠷᠤᠰᠢᠨ ᠠᠮᠢᠳᠦᠷᠠᠵᠤ ᠪᠠᠶᠢᠭᠰᠠᠨ ᠠᠴᠠ ᠳᠡᠯᠡᠬᠡᠢ ᠳᠤ | ᠠᠯᠳᠠᠷᠰᠢᠭᠰᠠᠨ ᠰᠢᠷᠬᠤᠰᠤᠨ ᠰᠤᠶᠤᠯ ᠪᠤᠢ ᠪᠣᠯᠪᠠ᠃ ᠤᠷᠳᠤᠰ ᠤᠨ ᠬᠠᠮᠤᠭ ᠠᠩᠬᠠᠨ ᠤ ᠨᠢᠭᠡ ᠪᠦᠯᠦᠭ ᠡᠪ ᠬᠠᠮᠲᠤ | ᠨᠠᠮ ᠤᠨ ᠬᠡᠰᠢᠬᠦᠳ ᠪᠤᠯᠦᠨ ᠬᠠᠮᠤᠭ ᠠᠩᠬᠠᠨ ᠤ ᠨᠠᠮ ᠤᠨ ᠪᠠᠭ᠎ᠠ ᠳᠤᠭᠤᠶᠢᠯᠠᠩ ᠠᠳᠡ ᠪᠣᠢ ᠪᠣᠯᠵᠣ᠂ | ᠬᠤᠪᠢᠰᠬᠠᠯᠳᠤ ᠰᠤᠶᠤᠯ ᠤᠨ ᠭᠡᠷᠡᠯᠲᠤ ᠲᠡᠤᠬᠡ ᠶᠢ ᠪᠢᠴᠢᠭᠯᠡᠵᠠᠢ᠃ ᠦᠪᠡᠷᠮᠢᠴᠠ ᠣᠨᠴᠠᠯᠢᠭᠳᠣ ᠪᠠᠶᠢᠭᠠᠯᠢ ᠶᠢᠨ ᠭᠠᠵᠠᠷ | ᠵᠦᠢ ᠶᠢᠨ ᠣᠷᠴᠢᠨ ᠳᠣᠭᠤᠷᠢᠨ ᠪᠠ ᠬᠦᠨ ᠵᠣᠵᠠᠭᠠᠨ ᠳᠡᠤᠬᠡᠨ ᠰᠣᠶᠣᠯ ᠤᠨ ᠦᠯᠡᠳᠡᠭᠳᠡᠯ ᠳᠤ ᠳᠦᠰᠢᠭᠯᠡᠨ ᠳᠡᠣᠬᠡ | ᠰᠣᠶᠣᠯ ᠤᠨ ᠵᠢᠭᠤᠯᠴᠢᠯᠡᠯ᠂ ᠰᠠᠯᠠᠬᠦᠴᠡᠯ ᠪᠠᠶ᠎ᠠ ᠰᠣᠪᠢᠯᠠᠯᠭᠠ᠂ ᠬᠤᠪᠢᠰᠬᠠᠯ ᠤᠨ ᠵᠢᠭᠤᠯᠴᠢᠯᠡᠯ ᠵᠡᠷᠬᠡ | ᠭᠤᠣᠯᠳᠠᠯᠭᠠᠳᠠᠢ ᠬᠦᠭᠵᠢᠬᠦᠯᠵᠣ ᠪᠠᠶᠢᠨ᠎ᠠ᠃ ᠳᠡᠣᠬᠡ ᠰᠣᠶᠣᠯ ᠤᠨ ᠳᠠᠯ᠎ᠠ ᠪᠠᠷ ᠰᠢᠷᠬᠤᠰᠣ ᠰᠣᠶᠣᠯ ᠵᠢᠭᠤᠯᠴᠢᠯᠡᠯ ᠤᠨ | ᠨᠠᠷᠠᠳᠣ ᠳᠡᠮᠳᠡᠭᠳᠣ ᠢ ᠲᠦᠪᠯᠠᠷᠠᠬᠦᠯᠥᠨ ᠬᠦᠭᠵᠢᠬᠦᠯᠵᠤ ︽ᠨᠢᠬᠡ ᠭᠤᠣᠯ ᠭᠤᠷᠪᠠᠨ ᠬᠦᠷᠢᠶᠠᠯᠠᠩ︾ ᠤᠨ ᠰᠣᠶᠣᠯ | ᠵᠢᠭᠤᠯᠴᠢᠯᠡᠯ ᠤᠨ ᠠᠵᠣ ᠣᠶᠢᠯᠡᠰ ᠤᠨ ᠪᠦᠰᠠ ᠶᠢᠨ ᠲᠥᠯᠥᠪᠵᠢᠬᠦᠯᠬᠡ ᠪᠦᠳᠦᠬᠡᠨ ᠪᠠᠶᠢᠭᠤᠯᠣᠯᠳᠠ ᠶᠢ ᠢᠳᠡᠪᠬᠢᠳᠡᠢ | ᠬᠦᠭᠵᠢᠬᠦᠯᠵᠣ ᠰᠢᠷᠬᠤᠰᠣ ᠦᠵᠡᠮᠵᠢ ᠶᠢᠨ ᠣᠷᠣᠨ ᠢ ᠣᠯᠣᠰ ᠤᠨ AAAA ᠳᠠᠰ ᠤᠨ ᠵᠢᠭᠤᠯᠴᠢᠯᠡᠯ ᠤᠨ ᠦᠵᠡᠮᠵᠢ | ᠶᠢᠨ ᠣᠷᠣᠨ ᠪᠣᠯᠭᠠᠨ ᠳᠠᠪᠰᠢᠬᠦᠯᠵᠣ ᠰᠢᠷᠬᠤᠰᠣ ᠣᠯᠣᠰ ᠤᠨ ᠳᠠᠰ ᠤᠨ ᠴᠡᠴᠡᠷᠯᠢᠭ ᠢᠶᠠᠷ ᠵᠦᠪᠰᠢᠶᠠᠷᠡᠬᠦᠯᠵᠣ | ᠰᠢᠷᠬᠤᠰᠣ ᠰᠠᠯᠠᠬᠦᠴᠡᠯ ᠪᠠᠶ᠎ᠠ ᠰᠣᠪᠢᠯᠠᠯᠭᠠ ᠶᠢᠨ ᠳᠠᠷᠢᠶᠠᠯᠠᠩ ᠤᠨ ᠬᠥᠷᠢᠶᠠᠯᠠᠩ ᠨᠢ ᠪᠦᠬᠦ ᠣᠯᠣᠰ ᠤᠨ ᠳᠠᠷᠢᠶᠠᠯᠠᠩ | ᠠᠵᠣ ᠠᠬᠤᠢ ᠪᠣᠯᠣᠨ ᠬᠦᠳᠡᠭᠡ ᠨᠣᠳᠤᠭ ᠤᠨ ᠪᠣᠯᠪᠠᠰᠣᠨ ᠰᠣᠷᠳᠠᠯ ᠤᠨ ᠵᠢᠭᠤᠯᠴᠢᠯᠡᠯ ᠤᠨ ᠵᠢᠱᠢᠶᠠᠴᠢ ᠴᠡᠭ ᠢᠶᠠᠷ | ᠦᠨᠡᠯᠡᠭᠳᠡᠪᠠ᠃ ᠰᠠᠯᠠᠬᠦᠴᠡᠯ ᠪᠠᠶ᠎ᠠ ᠰᠣᠪᠢᠯᠠᠯᠭᠠ ᠶᠢᠨ ᠵᠢᠭᠤᠯᠴᠢᠯᠡᠯ ᠤᠨ ᠳᠠᠯ᠎ᠠ ᠪᠠᠷ ᠸᠠᠩ ᠶᠣᠣ ᠸᠠᠨ ᠳᠣᠰᠬᠤᠨ ᠤ | ᠨᠣᠭᠤ ᠭᠠᠵᠠᠷ ᠤᠨ ᠰᠠᠭᠤᠷᠢᠨ ᠭᠠᠵᠠᠷ ᠤᠨ ᠲᠦᠬᠦᠬᠡᠷᠣᠮᠵᠢ ᠶᠢᠨ ᠪᠦᠳᠦᠬᠡᠨ ᠪᠠᠶᠢᠭᠤᠯᠣᠯᠳᠠ ᠶᠢᠨ ᠲᠦᠷᠥᠯ ᠵᠣᠶᠢᠯ | ᠨᠢ ᠬᠤᠰᠢᠭᠤ ᠵᠠᠰᠠᠭ ᠤᠨ ᠣᠷᠳᠣᠨ ᠤ ᠪᠠᠶᠢᠩᠭᠤ ᠶᠢᠨ ᠶᠠᠪᠣᠳᠠᠯ ᠤᠨ ᠬᠤᠷᠠᠯ ᠢᠶᠠᠷ ᠳᠡᠮᠵᠢᠵᠣ ᠰᠢᠷᠬᠤᠰᠣᠨ | ᠪᠠᠯᠭᠠᠰᠣᠨ ᠤ ᠳᠠᠷᠢᠶᠠᠯᠠᠩ ᠤᠨ ᠶᠡᠷᠦᠩᠬᠡᠶᠢᠯᠡᠭᠰᠡᠨ ᠴᠣᠭᠴᠠ ᠶᠢᠨ ᠪᠦᠳᠦᠬᠡᠨ ᠪᠠᠶᠢᠭᠤᠯᠣᠯᠳᠠ ᠶᠢ ᠢᠳᠡᠪᠬᠢᠳᠡᠢ | ᠠᠬᠢᠭᠤᠯᠪᠠ᠃ ᠬᠤᠪᠢᠰᠬᠠᠯ ᠤᠨ ᠵᠢᠭᠤᠯᠴᠢᠯᠡᠯ ᠤᠨ ᠳᠠᠯ᠎ᠠ ᠪᠠᠷ ᠦᠣᠰᠢᠨ ᠬᠤᠰᠢᠭᠤᠨ ᠤ ᠨᠠᠮ ᠤᠨ ᠪᠠᠶᠢᠭᠤᠯᠣᠯᠳᠠ | ᠶᠢᠨ ᠬᠦᠮᠦᠵᠢᠯ ᠤᠨ ᠰᠠᠭᠤᠷᠢᠨ ᠭᠠᠵᠠᠷ ᠵᠦᠪᠰᠢᠶᠠᠷᠡᠭᠳᠡᠨ ᠡᠮᠣᠨᠠᠬᠢ ᠬᠤᠭᠤᠴᠠᠭᠠᠨ ᠤ ᠵᠢᠷᠤᠭ ᠲᠥᠯᠥᠪᠯᠡᠭᠡ ᠶᠢᠨ | ᠠᠵᠢᠯ ᠢ ᠬᠢᠵᠣ ᠳᠠᠭᠤᠰᠬᠠᠪᠠ᠃ 1949 ᠣᠨ ᠤ ᠨᠠᠮᠣᠷ ᠤᠨ ᠰᠡᠬᠦᠯᠴᠢ ᠶᠢᠨ ᠬᠤᠰᠢᠭᠤ ᠨᠠᠮ ᠤᠨ ᠬᠤᠷᠢᠶᠠᠨ ᠤ | ᠠᠯᠪᠡᠨ ᠬᠡᠷ ᠤᠨ ᠬᠠᠭᠤᠴᠢᠨ ᠪᠠᠭᠤᠷᠢ᠂ ᠨᠠᠷᠢᠠᠭᠤᠣᠯ ᠤᠨ ᠨᠠᠮ ᠤᠨ ᠪᠠᠭ᠎ᠠ ᠳᠣᠭᠤᠶᠢᠯᠠᠩ ᠤᠨ ᠬᠠᠭᠤᠴᠢᠨ ᠪᠠᠭᠤᠷᠢ | ᠵᠡᠷᠬᠡ ᠬᠤᠪᠢᠰᠬᠠᠯ ᠤᠨ ᠡᠬᠢ ᠪᠠᠶᠠᠯᠢᠭ ᠤᠨ ᠬᠦᠨᠵᠡᠬᠡᠢ ᠠᠭᠤᠳᠠᠯᠪᠠ᠃ ᠪᠠᠳᠣ ᠶᠢᠨ ᠳᠣᠬᠤᠢ ᠶᠢᠨ ᠳᠣᠰᠬᠤᠨ ᠤ | ᠪᠦᠬᠦ ᠣᠯᠣᠰ ᠤᠨ ᠬᠦᠳᠡᠭᠡ ᠳᠣᠰᠬᠤᠨ ᠤ ᠵᠢᠭᠤᠯᠴᠢᠯᠡᠯ ᠤᠨ ᠭᠤᠣᠯᠳᠠᠯᠭᠠᠳᠣ ᠳᠣᠰᠬᠤᠨ ᠢᠶᠠᠷ ᠰᠣᠩᠭᠤᠭᠳᠠᠵᠣ | 2019 ᠣᠨ ᠤ ᠬᠦᠯᠢᠶᠠᠨ ᠵᠣᠴᠢᠯᠠᠭᠰᠠᠨ ᠵᠢᠭᠤᠯᠴᠢᠯᠠᠭᠰᠠᠳ ᠢ 12 ᠲᠦᠮᠡᠨ ᠬᠦᠮᠦᠨ ᠣᠳᠠᠭ᠎ᠠ ᠵᠣᠴᠢᠯᠠᠵᠣ | ᠵᠢᠭᠤᠯᠴᠢᠯᠡᠯ ᠤᠨ ᠡᠵᠡᠩᠨᠡᠯᠳᠡ ᠶᠢᠨ ᠣᠷᠣᠯᠭ᠎ᠠ ᠶᠢ 800 ᠲᠦᠮᠡᠨ ᠲᠦᠬᠦᠷᠢᠭ ᠪᠠᠶᠠᠯᠡᠬᠦᠯᠪᠠ᠃ | ᠪᠦᠬᠦ ᠳᠠᠯ᠎ᠠ ᠪᠠᠷ ᠨᠠᠮ ᠢ ᠴᠢᠩᠭ᠎ᠠ ᠵᠠᠰᠠᠬᠤ ᠡᠯ᠎ᠡ ᠲᠦᠷᠥᠯ ᠤᠨ ᠱᠠᠭᠠᠷᠳᠠᠯᠭ᠎ᠠ ᠶᠢ ᠡᠷᠡᠰ ᠨᠠᠶᠢᠳᠠᠪᠣᠷᠢᠵᠢᠭᠤᠯᠵᠣ | ︽ᠳᠠᠪᠤ ᠶᠢ ᠪᠠᠭᠤᠯᠭᠠᠨ ᠵᠢᠷᠭᠤᠭ᠎ᠠ ᠶᠢ ᠬᠦᠷᠬᠡᠬᠦ︾ ᠺᠠᠳ᠋ᠷᠴᠣᠳ ᠤᠨ ᠭᠠᠴᠠᠭ᠎ᠠ ᠳᠣᠰᠬᠤᠨ ᠳᠤ ᠰᠠᠭᠤᠵᠣ ᠠᠶᠢᠯ | ᠡᠷᠦᠬᠡ ᠳᠤ ᠬᠦᠨᠵᠡᠬᠡᠶᠢᠷᠡᠬᠦ ᠬᠠᠮᠢᠶᠠᠷᠣᠯᠳᠠ ᠶᠢᠨ ᠠᠵᠢᠯ ᠢ ᠬᠦᠨᠵᠡᠬᠡᠢ ᠠᠬᠢᠭᠤᠯᠵᠣ ᠣᠯᠠᠨ ᠲᠦᠮᠡᠨ ᠤ ︽ᠬᠠᠮᠤᠭ | ᠰᠠᠬᠦᠯᠴᠢ ᠶᠢᠨ ᠨᠢᠬᠡ ᠺᠢᠯᠣᠮᠧᠲᠷ ᠤᠨ ᠠᠰᠠᠭᠤᠳᠠᠯ ᠪᠠ ᠣᠯᠠᠨ ᠲᠦᠮᠡᠨ ᠤ ᠳᠣᠰ ᠪᠠᠶ᠎ᠠ ᠶᠢᠨ ᠠᠰᠢᠭ ᠳᠣᠰᠠ ᠲᠠᠢ | ᠬᠤᠯᠪᠣᠭᠳᠠᠭᠰᠠᠨ ᠪᠣᠳᠠᠳᠣ ᠠᠰᠠᠭᠤᠳᠠᠯ ᠢ ᠬᠦᠴᠦᠯᠡᠨ ᠰᠢᠢᠳᠪᠣᠷᠢᠯᠡᠵᠣ ᠰᠣᠷᠳᠠᠯ ᠤᠨ ᠪᠠᠶᠢᠭᠤᠯᠣᠯᠳᠠ ᠶᠢ | ᠪᠠᠶᠢᠩᠭᠤᠵᠢᠭᠤᠯᠬᠤ ᠪᠦᠳᠣᠮᠵᠢᠳᠣ ᠳᠣᠭᠳᠠᠯᠴᠠᠭ᠎ᠠ ᠶᠢ ᠠᠬᠢᠭᠤᠯᠪᠠ᠃ ᠨᠠᠮ ᠤᠨ ᠪᠠᠶᠢᠭᠤᠯᠠᠯᠳᠠ ᠶᠢᠨ ᠵᠢᠯᠣᠭᠤᠳᠣᠮᠵᠢ | ᠶᠢᠨ ᠣᠶᠢᠯᠡᠳᠣᠯ ᠢ ᠳᠠᠰᠣᠷᠠᠯᠳᠡ ᠦᠬᠡᠢ ᠴᠢᠩᠭᠠᠳᠬᠠᠵᠣ ᠨᠠᠮ ᠤᠨ ᠬᠡᠰᠢᠬᠦᠨ ᠢ ᠵᠢᠯᠣᠭᠤᠳᠣᠨ ᠬᠦᠳᠡᠭᠡ ᠳᠣᠰᠬᠤᠨ | ᠤ ᠴᠢᠨᠡᠬᠡᠯᠢᠭᠵᠢᠬᠦ ᠲᠦᠷᠥᠯ ᠵᠣᠶᠢᠯ ᠢ ᠳᠣᠯᠣᠭᠠᠶᠢᠯᠠᠨ ᠰᠢᠨ᠎ᠡ ᠶᠢ ᠡᠬᠦᠳᠬᠦ᠂ ᠳᠠᠭᠠᠭᠤᠯᠥᠨ ᠬᠢᠬᠦ ᠪᠠ ᠵᠣᠬᠢᠴᠠᠭᠤᠯᠣᠨ | ᠬᠢᠵᠣ ᠨᠠᠮ ᠤᠨ ᠪᠠᠶᠢᠭᠤᠯᠣᠯᠳᠠ ᠪᠠ ᠠᠵᠣ ᠠᠬᠤᠢ ᠨᠡᠶᠢᠬᠡᠮ ᠤᠨ ᠬᠠᠷᠢᠯᠴᠠᠨ ᠠᠬᠢᠭᠤᠯᠣᠨ ᠬᠦᠭᠵᠢᠭᠰᠡᠨ ᠰᠢᠨ᠎ᠡ | ᠪᠠᠶᠢᠳᠠᠯ ᠢᠯᠡᠷᠡᠪᠠ᠃ | ᠬᠤᠶᠢᠰᠢᠳᠠ ᠮᠠᠨ ᠤ ᠪᠠᠯᠭᠠᠰᠣ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ | ᠣᠨᠴᠠᠯᠢᠭ ᠲᠠᠢ ᠨᠡᠶᠢᠬᠡᠮ ᠵᠢᠷᠣᠮ ᠤᠨ ᠦᠵᠡᠯ ᠰᠠᠨᠠᠭ᠎ᠠ ᠪᠠᠷ ᠵᠢᠯᠣᠭᠤᠳᠣᠭᠤᠯᠣᠨ 3 — 5 ᠵᠢᠯ ᠤᠨ ᠬᠤᠭᠤᠴᠠᠭᠠᠨ | ᠳᠤ ᠰᠢᠷᠬᠤᠰᠣᠨ ᠪᠠᠯᠭᠠᠰᠣ ᠶᠢ ᠣᠷᠳᠣᠰ ᠤᠨ ᠪᠠᠷᠠᠭᠤᠨ ᠪᠠᠶ᠎ᠠ ᠶᠢᠨ ᠣᠷᠣᠨ ᠤ ᠣᠳᠣ ᠦᠶ᠎ᠠ ᠶᠢᠨ ᠳᠠᠷᠢᠶᠠᠯᠠᠩ ᠤᠨ | ᠬᠦᠭᠵᠢᠯᠳᠡ ᠶᠢᠨ ᠵᠢᠱᠢᠶᠠᠴᠢ ᠪᠠᠯᠭᠠᠰᠣ᠂ ᠦᠪᠣᠷ ᠮᠣᠩᠭᠤᠯ ᠤᠨ ᠡᠮᠣᠨ᠎ᠠ ᠬᠠᠭᠠᠯᠭ᠎ᠠ ᠶᠢᠨ ᠦᠨᠳᠣᠰᠣᠳᠠᠨ ᠤ | ᠦᠪᠡᠷᠳᠡᠬᠡᠨ ᠵᠠᠰᠠᠬᠤ ᠳᠠᠪᠠᠭᠤᠯᠢᠭ ᠬᠦᠴᠦᠨ ᠪᠦᠬᠦᠢ ᠴᠣᠩᠬᠤᠪᠴᠢ ᠪᠣᠯᠭᠠᠵᠣ ︽ᠴᠢᠨᠡᠷ ᠰᠠᠶᠢᠳᠠᠢ ᠬᠦᠭᠵᠢᠯᠳᠡ ᠶᠢ | ᠲᠦᠯᠬᠢᠨ ᠠᠬᠢᠭᠤᠯᠵᠣ ᠨᠣᠮᠢᠨ ᠳᠠᠩᠰᠤᠭ ᠬᠦᠭᠵᠢᠨ ᠮᠠᠨᠳᠣᠯᠳᠠ ᠶᠢ ᠪᠠᠶᠡᠯᠡᠬᠦᠯᠬᠦ︾ ᠳᠤ ᠰᠢᠷᠬᠤᠰᠣᠨ ᠤ ᠬᠦᠴᠦᠨ | ᠢᠶᠠᠨ ᠨᠠᠮᠠᠷᠢᠯᠠᠨ᠎ᠠ᠃ | | |