ᠰᠦᠯᠳᠡ ᠰᠤᠮᠤ ᠨᠢ ᠮᠠᠯ ᠠᠵᠤ ᠠᠬᠤᠢ ᠪᠠᠷ ᠭᠤᠣᠯ ᠪᠣᠯᠭᠠᠭᠰᠠᠨ ᠥᠪᠡᠷᠮᠢᠴᠡ ᠣᠨᠴᠠᠯᠢᠭ ᠲᠠᠢ ᠮᠠᠯᠵᠢᠬᠤ | ᠰᠤᠮᠤ ᠪᠠᠶᠢᠵᠤ ᠦᠤᠰᠢᠨ ᠬᠤᠰᠢᠭᠤᠨ ᠤ ᠪᠠᠷᠠᠭᠤᠨ ᠡᠮᠤᠨ᠎ᠡ ᠪᠡᠶ᠎ᠡ ᠳᠤ ᠪᠠᠶᠢᠷᠢᠯᠠᠨ ᠵᠡᠬᠦᠨ ᠳᠠᠯ᠎ᠠ ᠪᠠᠷ ᠢᠶᠠᠨ | ᠭᠠᠯᠠᠭᠤᠳᠣ ᠪᠠᠯᠭᠠᠰᠣ ᠲᠠᠢ ᠵᠠᠯᠭᠠᠯᠳᠣᠵᠣ ᠡᠮᠣᠨ᠎ᠠ ᠳᠠᠯ᠎ᠠ ᠪᠠᠷ ᠢᠶᠠᠨ ᠰᠢᠷᠬᠤᠰᠣᠨ ᠪᠠᠯᠭᠠᠰᠣ ᠲᠠᠢ ᠬᠦᠷᠰᠢᠯᠡᠨ | ᠪᠠᠷᠠᠭᠤᠨ ᠳᠠᠯ᠎ᠠ ᠪᠠᠷ ᠢᠶᠠᠨ ᠣᠳᠤᠭ ᠤᠨ ᠡᠮᠣᠨᠠᠳᠣ ᠬᠤᠰᠢᠭᠤ ᠲᠠᠢ ᠰᠠᠪᠠ ᠨᠠᠶᠢᠯᠡᠵᠣ ᠬᠤᠶᠢᠳᠣ ᠳᠠᠯ᠎ᠠ ᠪᠠᠷ ᠢᠶᠠᠨ | ᠣᠳᠤᠭ ᠬᠤᠰᠢᠭᠤ ᠲᠠᠢ ᠬᠦᠷᠰᠢᠯᠡᠵᠣ ᠪᠠᠶᠢᠨ᠎ᠠ᠃2005 ᠤᠨ ᠤ ᠨᠠᠮᠤᠷ ᠤᠤᠯ ᠤᠨ ᠲᠤᠯᠢ ᠪᠠᠯᠭᠠᠰᠤ᠂ ᠱᠠᠷᠯᠢᠭ | ᠪᠠᠯᠭᠠᠰᠤ ᠶᠢ ᠨᠡᠶᠢᠯᠡᠭᠦᠯᠦᠭᠡᠳ ᠤᠳᠤ ᠶᠢᠨ ᠰᠦᠯᠳᠡ ᠰᠤᠮᠤ ᠭᠡᠵᠤ ᠨᠡᠷᠡᠯᠡᠭᠰᠡᠨ ᠶᠤᠮ᠃ ᠨᠤᠳᠤᠭ ᠳᠡᠪᠢᠰᠭᠡᠷ ᠤᠨ | ᠶᠡᠷᠤᠩᠬᠡᠢ ᠲᠠᠯᠠᠪᠡᠢ ᠨᠢ 3150 ᠳᠡᠭᠰᠢ ᠲᠦᠷᠪᠠᠯᠵᠢᠨ ᠺᠢᠯᠣᠮᠧᠲᠷ ᠪᠠᠶᠢᠵᠤ᠂ ᠪᠦᠬᠦ ᠬᠤᠰᠢᠭᠤᠨ ᠤ ᠨᠤᠳᠤᠭ | ᠲᠡᠪᠢᠰᠭᠡᠷ ᠤᠨ ᠲᠠᠯᠠᠪᠡᠢ ᠶᠢᠨ 27 % ᠶᠢ ᠡᠵᠡᠯᠡᠨ 12247 ᠬᠦᠮᠤᠨ ᠠᠮᠠ ᠲᠠᠢ ᠪᠠᠶᠢᠵᠤ᠂ ᠡᠭᠦᠨ ᠳᠤ ᠮᠤᠩᠭᠤᠯ | ᠦᠨᠳᠤᠰᠤᠳᠡᠨ ᠤ ᠬᠦᠮᠤᠨ ᠠᠮᠠ ᠨᠢ 8365 ᠪᠠᠶᠢᠵᠤ ᠰᠦᠯᠳᠡ ᠰᠤᠮᠤ ᠨᠢ 11 ᠭᠠᠴᠠᠭ᠎ᠠ ᠲᠤᠰᠬᠤᠨ᠂ 54 | ᠮᠠᠯᠵᠢᠯ ᠲᠠᠷᠢᠶᠠᠯᠠᠯ ᠤᠨ ᠬᠤᠷᠰᠢᠶ᠎ᠠ ᠪᠠᠷ ᠪᠦᠷᠢᠯᠳᠦᠭᠰᠡᠨ ᠪᠠᠶᠢᠳᠠᠭ᠃ ᠳᠣᠰ ᠰᠣᠮᠣᠨ ᠳᠤ ᠪᠠᠶᠢᠭᠠᠯᠢ ᠶᠢᠨ ᠰᠢᠳᠠᠮᠠᠬᠠᠢ | ᠬᠡᠢ᠂ ᠨᠡᠬᠦᠷᠠᠰᠣ᠂ ᠴᠢᠯᠠᠭᠤᠨ ᠳᠣᠰᠣ᠂ ᠬᠦᠷᠢᠨ ᠸᠠᠭᠠᠷ ᠤᠨ ᠨᠠᠩᠬᠢ᠂ ᠬᠦᠪᠰᠣᠬᠡᠷ ᠰᠢᠷᠦᠢ᠂ ᠴᠠᠭᠠᠨ ᠴᠣᠬᠤᠢ᠂ | ᠬᠠᠶᠢᠷᠬᠠᠭ ᠵᠡᠷᠬᠡ ᠡᠬᠢ ᠪᠠᠶᠠᠯᠢᠭ ᠤᠨ ᠬᠠᠳᠠᠭᠠᠯᠠᠭᠳᠠᠴᠠ ᠲᠠᠢ ᠪᠠᠶᠢᠳᠠᠭ᠃ ᠪᠠᠷᠢᠮᠵᠢᠶᠠᠳᠣ ᠨᠣᠳᠤᠭ ᠪᠡᠯᠴᠢᠬᠡᠷ 220 | ᠲᠦᠮᠡᠨ ᠮᠣ᠋᠂ ᠣᠶᠢᠳᠣ ᠭᠠᠵᠠᠷ 230 ᠲᠦᠮᠡᠨ ᠮᠣ᠋᠂ ᠣᠰᠣᠨ ᠭᠠᠵᠠᠷ 18 ᠲᠦᠮᠡᠨ ᠮᠣ᠋ ᠪᠠᠶᠢᠨ᠎ᠠ᠃ | ᠰᠦᠯᠳᠡ ᠰᠣᠮᠣ ᠪᠣᠯ ︽ᠭᠤᠷᠪᠠ ᠶᠢ ᠬᠦᠳᠡᠭᠡ ᠪᠠᠭᠤᠯᠭᠠᠬᠤ︾ ᠰᠣᠶᠣᠯ ᠤᠨ ᠣᠯᠠᠮᠵᠢᠯᠠᠨ ᠵᠠᠯᠭᠠᠮᠵᠢᠯᠠᠬᠤ | ᠭᠠᠵᠠᠷ ᠤᠨ ᠨᠢᠬᠡ ᠪᠠᠶᠢᠵᠣ᠂ ᠮᠦᠨ ᠴᠤ ᠦᠪᠡᠷᠳᠡᠭᠡᠨ ᠵᠠᠰᠠᠬᠤ ᠤᠷᠤᠨ ᠤ ᠠᠩᠬᠠᠨ ᠤ ᠪᠦᠯᠦᠭ ᠬᠤᠪᠢᠰᠬᠠᠯ ᠤᠨ | ᠰᠠᠭᠤᠷᠢᠨ ᠭᠠᠵᠠᠷ ᠤᠨ ᠨᠢᠭᠡ ᠪᠤᠯᠬᠤ ᠶᠤᠮ᠃ ᠣᠯᠠᠨ ᠵᠢᠯ ᠤᠨ ᠬᠦᠭᠵᠢᠯᠳᠡ ᠪᠠᠷ ᠳᠠᠮᠵᠢᠭᠠᠳ ᠴᠠᠭᠠᠨ ᠰᠦᠯᠳᠡ | ᠶᠢᠨ ᠳᠠᠬᠢᠯᠭ᠎ᠠ᠂ ᠨᠡᠬᠦᠳᠠᠯ ᠰᠣᠶᠣᠯ ᠠᠮᠢ ᠠᠬᠤᠢ᠂ ᠣᠪᠣᠭᠠᠨ ᠰᠣᠶᠣᠯ᠂ ᠱᠠᠰᠢᠨ ᠰᠣᠷᠳᠠᠬᠤᠨ᠂ ᠬᠤᠪᠢᠰᠬᠠᠯ ᠤᠨ | ᠰᠣᠶᠣᠯ᠂ ᠪᠠᠶᠢᠭᠠᠯᠢ ᠶᠢᠨ ᠦᠵᠡᠮᠵᠢ᠂ ᠣᠳᠣ ᠦᠶ᠎ᠡ ᠶᠢᠨ ᠮᠠᠯ ᠳᠠᠷᠢᠶᠠᠯᠠᠩ ᠠᠵᠣ ᠠᠬᠤᠢ ᠶᠢᠨ ᠪᠠᠶᠠᠴᠢᠯᠡᠨ | ᠣᠶᠢᠯᠠᠭᠠᠬᠤ ᠣᠶᠢᠯᠡᠰ ᠪᠠᠷ ᠭᠤᠣᠯ ᠪᠣᠯᠭᠠᠭᠰᠠᠨ ᠰᠣᠳᠣᠨ ᠵᠢᠭᠤᠯᠴᠢᠯᠡᠯ ᠤᠨ ᠠᠵᠣ ᠣᠶᠢᠯᠡᠰ ᠢ ᠠᠩᠬ᠎ᠠ ᠠᠯᠬᠤᠮ | ᠪᠦᠷᠢᠯᠳᠦᠬᠦᠯᠪᠠ᠃ | |