ᠰᠠᠴᠡᠠ᠄ ᠡᠵᠢ ᠮᠠᠳᠤ ᠡᠭᠡᠴᠢ
ᠨᠡᠶᠢᠲᠡᠯᠡᠭᠰᠡᠨ ᠴᠠᠭ᠄
2020-06-29
     13 ᠨᠠᠰᠤᠲᠠᠶ ᠪᠠᠶᠢᠬᠤ ᠳᠤᠨᠢ ᠡᠴᠢᠭᠡ ᠨᠢ ᠡᠪᠡᠳᠴᠢᠨ ᠢᠶᠠᠷ ᠨᠠᠰᠤ ᠪᠠᠷᠠᠵᠥ︔ 20 ᠨᠠᠰᠤ ᠬᠥᠷᠬᠦ ᠳᠤ ᠡᠵᠢ ᠨᠢ ᠬᠡᠲᠦᠷᠬᠡᠢ ᠶᠠᠳᠠᠷᠠᠭᠰᠠᠨ ᠠᠴᠠ ᠪᠣᠯᠵᠤ ᠵᠢᠷᠦᠬᠡᠨ ᠪᠤᠯᠴᠢᠩ ᠳᠤᠨᠢ ᠴᠢᠰᠤ ᠳᠤᠲᠠᠭᠳᠠᠨ ᠨᠠᠰᠤ ᠪᠠᠷᠠᠵᠤ᠂ ᠤᠶᠤᠨ ᠤᠬᠠᠭᠠᠨ ᠵᠡᠮᠳᠡᠭ 18 ᠨᠠᠰᠤᠲᠠᠢ ᠶᠡᠭᠡ ᠥᠬᠢᠨ ᠳᠡᠭᠦᠦ ᠪᠣᠯᠤᠨ 16 ᠨᠠᠰᠤᠲᠠᠢ ᠪᠠᠭ᠎ᠠ ᠥᠬᠢᠨ ᠳᠡᠭᠦᠦ ᠨᠢ ᠬᠠᠷᠠᠭᠠᠯᠵᠠᠬᠤ ᠬᠥᠮᠥᠨ ᠥᠭᠡᠢ ᠥᠯᠡᠳᠡᠭᠰᠡᠡ ᠁ ᠡᠶᠢᠮᠦᠷᠬᠦᠤ ᠪᠠᠶᠢᠳᠠᠯ ᠤᠨ ᠡᠮᠦᠨ᠎ᠡ᠂ ᠦᠤᠰᠢᠨ ᠬᠤᠰᠢᠭᠤᠨ ᠤ ᠦᠤᠰᠢᠨᠵᠤᠤ ᠪᠠᠯᠭᠠᠰᠤ ᠶᠢᠨ ᠦᠤᠰᠢᠨᠵᠤᠤ ᠭᠠᠴᠠᠭᠠᠨ ᠤ ᠮᠠᠯᠴᠢᠨ ᠰᠡᠴᠡᠨ ᠬᠤᠶᠠᠷ ᠥᠬᠢᠨ ᠳᠡᠭᠦᠤ ᠪᠠᠨ ᠬᠠᠷᠠᠭᠠᠯᠵᠠᠬᠤ ᠬᠠᠷᠢᠭᠤᠴᠠᠯᠭ᠎ᠠ ᠶᠢ ᠵᠣᠷᠢᠭᠲᠠᠶ ᠪᠠᠷ ᠡᠭᠦᠷᠭᠡᠯᠡᠡ ᠠᠪᠴᠥ᠂ ᠠᠤᠭ᠎ᠠ ᠬᠠᠶᠢᠷ᠎ᠠ ᠪᠠ ᠡᠭᠦᠷᠭᠡᠯᠡᠯ ᠢᠶᠠᠷ ᠡᠨᠡ ᠬᠦ ᠪᠦᠷᠢᠨ ᠪᠤᠰᠤ ᠭᠡᠷ ᠪᠦᠯᠢ ᠶᠢ ᠲᠤᠯᠭᠠᠭᠤᠷᠢᠯᠠᠠ ᠠᠪᠣᠭᠰᠠᠠ ᠪᠢᠯᠠ᠃ ᠰᠡᠴᠡᠠ ᠵᠢᠷᠭᠤᠳᠤᠭᠠᠷ ᠬᠤᠭᠤᠴᠠᠭᠠᠨ ᠤ ᠤᠷᠳᠤᠰ ᠬᠤᠳᠠ ᠶᠢᠨ ᠨᠠᠰᠤᠲᠠᠨ ᠢᠶᠠᠨ ᠬᠥᠡᠳᠥᠯᠡᠡ ᠲᠦᠷᠦᠯ ᠰᠠᠳᠤᠨ ᠢᠶᠠᠨ ᠬᠠᠶᠢᠷᠠᠯᠠᠬᠤ ᠶᠣᠰᠣ ᠰᠤᠷᠲᠠᠬᠤᠨ ᠤ ᠵᠢᠱᠢᠶᠡᠴᠢ ᠪᠠᠷ ᠦᠨᠡᠯᠡᠭᠳᠡᠭᠰᠡᠡ ᠪᠠᠶᠢᠨ᠎ᠠ᠃
     ᠶᠡᠭᠡ ᠥᠬᠢᠨ ᠳᠡᠭᠦᠦ ᠤᠯᠠᠭᠠᠨᠭᠡᠷᠡᠯ ᠨᠢ ᠬᠡᠳᠦᠨ ᠰᠠᠷ᠎ᠠ ᠲᠠᠢ ᠪᠠᠶᠢᠬᠤ ᠳᠤᠨᠢ ᠤᠯᠠᠭᠠᠨ ᠨᠣᠳ ᠲᠣᠭᠤᠯᠪᠣᠷᠢᠯᠠᠵᠣ ᠬᠠᠯᠠᠭᠤᠷᠠᠭᠠᠳ ᠪᠠᠭᠤᠷᠠᠬᠤ ᠦᠭᠡᠢ ᠠᠴᠠ ᠪᠣᠯᠵᠣ ᠤᠶᠤᠨ ᠴᠢᠳᠠᠪᠤᠷᠢ ᠶᠢᠨ ᠨᠢᠭᠡᠳᠦᠭᠡᠷ ᠳᠡᠰ ᠤᠨ ᠵᠡᠮᠳᠡᠭ ᠪᠣᠯᠣᠭᠰᠠᠠ ᠪᠠᠶᠢᠨ᠎ᠠ᠃ ᠨᠠᠰᠤᠨ ᠤ ᠨᠡᠮᠡᠭᠳᠡᠬᠦ ᠶᠢ ᠳᠠᠭᠠᠯᠳᠤᠨ ᠶᠡᠭᠡ ᠥᠬᠢᠨ ᠳᠡᠭᠦᠦ ᠶᠢᠨ ᠬᠢᠨᠢ ᠡᠪᠡᠳᠴᠢᠨ ᠡᠭᠦᠰᠬᠦ ᠲᠤᠭ᠎ᠠ ᠨᠢ ᠴᠦ ᠲᠠᠰᠤᠷᠠᠯᠲᠠ ᠦᠭᠡᠢ ᠨᠡᠮᠡᠭᠳᠡᠵᠦ᠂ ᠦᠷᠭᠦᠯᠵᠢ ᠡᠮᠨᠡᠯᠭᠡ ᠳᠤ ᠰᠠᠭᠤᠵᠤ ᠡᠮᠴᠢᠯᠡᠭᠦᠯᠬᠦ ᠴᠢᠬᠤᠯᠠᠲᠠᠢ ᠪᠣᠯᠵᠣ᠂ ᠡᠪᠡᠳᠴᠢᠨ ᠤ ᠪᠠᠶᠢᠳᠠᠯ ᠬᠦᠨᠳᠦ ᠦᠶ᠎ᠡ ᠳᠤ ᠪᠠᠰᠠ ᠠᠪᠤᠷᠠᠯᠳᠠ ᠶᠢᠨ ᠴᠢᠨᠠᠷᠲᠠᠢ ᠡᠮᠨᠡᠨ ᠵᠠᠰᠠᠯᠳᠠ ᠬᠢᠳᠡᠭ᠃ ᠭᠡᠷ ᠲᠡᠭᠡᠨ ᠵᠠᠮ ᠬᠠᠷᠢᠯᠴᠠᠭᠠᠨ ᠤ ᠪᠠᠭᠠᠵᠢ ᠦᠭᠡᠶ ᠪᠣᠯᠬᠤᠷ ᠤᠳᠠᠭ᠎ᠠ ᠪᠣᠯᠭᠠᠠ ᠡᠪᠡᠳᠴᠢᠨ ᠦᠵᠡᠭᠦᠯᠬᠦ ᠳᠤ ᠰᠡᠴᠡᠨ ᠬᠡᠤᠬᠡᠨ ᠳᠡᠭᠦᠤ ᠣᠯᠠᠭᠠᠠᠭᠡᠷᠡᠯ ᠢ ᠪᠠᠨ ᠡᠭᠦᠷᠴᠦ ᠡᠮᠨᠡᠯᠭᠡ ᠳᠤ ᠣᠴᠢᠳᠠᠭ ᠪᠠᠶᠢᠨ᠎ᠠ᠃ 40 ᠭᠠᠷᠤᠶ ᠺᠢᠯᠣᠮᠧᠲᠷ ᠤᠨ ᠡᠪᠡᠳᠴᠢᠨ ᠦᠵᠡᠭᠦᠯᠬᠦ ᠵᠠᠮ ᠳᠡᠭᠡᠷ᠎ᠡ ᠰᠡᠴᠡᠨ ᠬᠡᠴᠢᠨᠡᠨ ᠬᠥᠯᠥᠰᠥ ᠤᠷᠤᠰᠬᠠᠵᠥ᠂ ᠬᠡᠴᠢᠨᠡᠨ ᠤᠳᠠᠭ᠎ᠠ ᠣᠶᠢᠴᠢᠵᠣ ᠣᠨᠠᠬᠰᠠᠨ ᠢ ᠪᠦᠦ ᠮᠡᠳᠡ᠂ ᠤᠳᠠᠭ᠎ᠠ ᠳᠠᠷᠠᠭᠠᠯᠠᠨ ᠡᠷᠯᠢᠭ ᠬᠠᠭᠠᠨ ᠤ ᠭᠠᠷ ᠠᠴᠠ ᠥᠬᠢᠨ ᠳᠡᠭᠦᠦ ᠶᠢᠨ ᠢᠶᠠᠨ ᠠᠮᠢ ᠨᠠᠰᠤ ᠶᠢ ᠪᠤᠯᠢᠶᠠᠨ ᠠᠪᠴᠢᠷᠠᠭᠰᠠᠠ ᠪᠠᠶᠢᠨ᠎ᠠ᠃      ᠥᠬᠢᠨ ᠳᠡᠭᠦᠦ ᠣᠯᠠᠭᠠᠠᠭᠡᠷᠡᠯ ᠨᠢ ᠵᠢᠯ ᠲᠤᠷᠰᠢ ᠬᠥᠳᠡᠯᠭᠡᠭᠡᠨ ᠬᠢᠵᠦ ᠴᠢᠳᠠᠬᠤ ᠦᠭᠡᠢ ᠪᠣᠯᠬᠤᠷ ᠪᠡᠶ᠎ᠡ ᠶᠢᠨ ᠡᠯ᠎ᠡ ᠵᠦᠢᠯ ᠤᠨ ᠴᠢᠳᠠᠪᠤᠷᠢ ᠨᠢ ᠲᠠᠰᠤᠷᠠᠯᠲᠠ ᠦᠭᠡᠢ ᠮᠠᠭᠤᠳᠠᠵᠠᠢ᠂ ᠡᠬᠦᠨ ᠳᠤ ᠰᠡᠴᠡᠨ ᠨᠢᠭᠡᠨ ᠮᠣᠩᠭᠤᠯ ᠡᠮᠴᠢ ᠶᠢᠨ ᠲᠡᠨᠳᠡ ᠠᠴᠠ ᠢᠯᠢᠵᠦ ᠨᠤᠬᠤᠯᠠᠬᠤ ᠮᠡᠷᠭᠡᠵᠢᠯ ᠢ ᠰᠤᠷᠴᠤ᠂ ᠡᠳᠦᠷ ᠪᠦᠷᠢ ᠥᠬᠢᠨ ᠳᠡᠭᠦᠦ ᠳᠡᠭᠡᠨ ᠬᠤᠶᠠᠷ ᠤᠳᠠᠭ᠎ᠠ ᠢᠯᠢᠵᠦ ᠨᠤᠬᠤᠯᠠᠠ ᠥᠭᠴᠥ᠂ ᠥᠬᠢᠨ ᠳᠡᠭᠦᠦ ᠶᠢᠨ ᠢᠶᠠᠨ ᠪᠤᠯᠴᠢᠩ ᠨᠢ ᠠᠪᠴᠢᠬᠤ ᠶᠢ ᠰᠡᠷᠭᠡᠶᠢᠯᠡᠵᠥ ᠴᠢᠳᠠᠪᠠ᠃      2005 ᠣᠨ ᠤ ᠬᠠᠪᠤᠷ ᠤᠨ ᠤᠯᠠᠷᠢᠯ ᠤᠨ ᠨᠢᠭᠡ ᠤᠳᠠᠭᠠᠨ ᠤ ᠡᠪᠡᠳᠴᠢᠨ ᠪᠣᠯ ᠤᠯᠠᠭᠠᠨᠭᠡᠷᠡᠯ ᠤᠨ ᠬᠠᠮᠤᠭ ᠤᠨ ᠬᠦᠨᠳᠦ ᠡᠪᠡᠳᠴᠢᠯᠡᠭᠰᠡᠡ ᠨᠢᠭᠡ ᠣᠳᠠᠭ᠎ᠠ ᠪᠣᠯᠤᠨ᠎ᠠ᠃ ᠡᠮᠴᠢ ᠠᠴᠠ᠄ ︽ᠡᠷᠡᠮᠡᠯᠵᠡᠯ ᠦᠭᠡᠢ ᠪᠣᠯᠵᠠᠢ᠂ ᠬᠠᠷᠢᠭᠠᠳ ᠬᠤᠶᠢᠨᠠᠬᠢ ᠤᠴᠢᠷ ᠢ ᠨᠢ ᠪᠡᠯᠡᠳᠬᠡ︾ ᠭᠡᠵᠡᠢ᠃ ᠢᠡᠭᠬᠢᠭᠡᠳ ᠰᠡᠴᠡᠨ ᠠᠷᠭ᠎ᠠ ᠪᠤᠰᠤ ᠡᠮ ᠪᠤᠯᠤᠨ ᠥᠬᠢᠨ ᠳᠡᠭᠦᠦ ᠪᠠᠨ ᠠᠪᠴᠥ ᠭᠡᠷ ᠲᠡᠭᠡᠨ ᠬᠠᠷᠢᠪᠡ᠃ ᠭᠡᠷ ᠲᠡᠭᠡᠨ ᠬᠠᠷᠢᠭᠰᠠᠨ ᠤ ᠳᠠᠷᠠᠭᠠᠬᠢ ᠬᠤᠶᠠᠷ ᠰᠠᠷ᠎ᠠ ᠭᠠᠷᠤᠶ ᠶᠢᠨ ᠬᠤᠭᠤᠴᠠᠭᠠᠨ ᠳᠤ ᠤᠯᠠᠭᠠᠨᠭᠡᠷᠡᠯ ᠨᠢᠭᠡ ᠡᠮᠬᠦ ᠬᠤᠭᠤᠯᠠ ᠴᠤ ᠢᠳᠡᠭᠰᠡᠨ ᠦᠭᠡᠢ᠂ ᠰᠡᠴᠡᠨ ᠡᠳᠦᠷ ᠪᠦᠷᠢ ᠥᠬᠢᠨ ᠲᠡᠭᠦᠥ ᠪᠠᠨ ᠰᠢᠩᠭᠡᠨ ᠶᠡᠭᠦᠯᠡᠬᠦ ᠬᠤᠭᠤᠯᠠᠢ ᠪᠠᠷ ᠥᠨᠢᠶᠡᠡ ᠰᠥ ᠶᠢ ᠠᠷᠪᠠᠨ ᠬᠡᠳᠦᠨ ᠤᠳᠠᠭ᠎ᠠ ᠲᠡᠵᠢᠭᠡᠳᠡᠭ ᠪᠠᠶᠢᠨ᠎ᠠ᠃ ᠥᠬᠢᠨ ᠳᠡᠭᠦᠦ ᠪᠠᠨ ᠬᠠᠭᠤᠷᠠᠢ ᠲᠠᠭᠠᠯᠠᠮᠵᠢᠲᠠᠢ ᠪᠠᠶᠢᠯᠭᠠᠬᠤ ᠶᠢᠨ ᠲᠥᠯᠥᠭᠡ ᠰᠡᠴᠡᠠ ᠡᠳᠦᠷ ᠪᠦᠷᠢ ᠪᠦᠬᠦ ᠪᠡᠶ᠎ᠡ ᠶᠢ ᠨᠢ ᠬᠤᠶᠠᠷ ᠤᠳᠠᠭ᠎ᠠ ᠤᠬᠢᠶᠠᠵᠤ ᠥᠭᠭᠦᠭᠡᠳ ᠣᠷᠣᠶ ᠳᠤᠨᠢ ᠥᠬᠢᠨ ᠳᠡᠭᠦᠤ ᠶᠢᠨ ᠢᠶᠠᠨ ᠳᠡᠷᠭᠡᠳᠡ ᠤᠨᠲᠠᠵᠥ ᠂ ᠬᠥᠳᠡᠯᠵᠥ ᠪᠠᠷᠢᠬᠤ ᠴᠢᠮᠡᠭᠡ ᠭᠠᠷᠪᠠᠯ ᠰᠡᠴᠡᠨ ᠲᠠᠷᠣᠢ ᠳᠤᠨᠢ ᠪᠣᠰᠴᠥ ᠦᠨᠢᠶᠡᠨ ᠰᠥ ᠪᠠᠷ ᠲᠡᠵᠢᠬᠡᠵᠥ ᠰᠢᠭᠡᠰᠦᠨ ᠥᠮᠥᠳᠥ ᠶᠢ ᠨᠢ ᠰᠣᠯᠢᠵᠥ ᠥᠭᠳᠡᠭ᠃ ᠰᠡᠴᠡᠨ ᠤ ᠨᠠᠷᠢᠨ ᠨᠢᠮᠪᠡᠢ ᠰᠤᠪᠢᠯᠠᠯᠳᠠ ᠪᠠᠷ ᠣᠷᠣ ᠲᠡᠭᠡᠷ᠎ᠡ ᠰᠠᠷ᠎ᠠ ᠭᠠᠷᠣᠢ ᠬᠡᠪᠲᠡᠭᠰᠡᠨ ᠤᠯᠠᠭᠠᠨᠭᠡᠷᠡᠯ ᠪᠠᠰᠠ ᠨᠢᠭᠡ ᠤᠳᠠᠭ᠎ᠠ ᠠᠶᠤᠯ ᠲᠦᠭᠰᠢᠭᠦᠷᠢ ᠠᠴᠠ ᠮᠤᠯᠲᠤᠷᠠᠭᠰᠠᠨ ᠪᠥᠭᠡᠳ ᠪᠡᠶ᠎ᠡ ᠨᠢ ᠬᠠᠴᠢᠨ ᠰᠣᠨᠢᠨ ᠦᠨᠦᠷ ᠲᠤ ᠪᠠᠷᠢᠭᠳᠠᠵᠤ᠂ ᠮᠢᠬ᠎ᠠ ᠨᠢ ᠴᠣᠭᠤᠷᠠᠵᠣ ᠭᠡᠮᠳᠥᠭᠰᠡᠡ ᠥᠭᠡᠢ᠃
     ᠰᠠᠴᠠᠠ 27 ᠵᠢᠯ ᠤᠨ ᠲᠤᠷᠰᠢ ᠶᠡᠭᠡ ᠥᠬᠢᠨ ᠲᠡᠭᠦᠥ ᠣᠯᠠᠭᠠᠠᠭᠡᠷᠡᠯ ᠢᠶᠠᠨ ᠨᠠᠷᠢᠨ ᠨᠢᠮᠪᠠᠢ ᠰᠠᠶᠢᠬᠠᠠ ᠬᠠᠷᠠᠭᠠᠯᠵᠠᠭᠰᠠᠭᠠᠷ ᠢᠷᠡᠭᠰᠡᠡ ᠪᠠᠶᠢᠨ᠎ᠠ᠃ ᠵᠠᠷᠢᠮ ᠬᠥᠮᠦᠨ ᠤᠯᠠᠭᠠᠨᠭᠡᠷᠡᠯ ᠪᠣᠯ ᠰᠡᠴᠡᠨ ᠤ ᠳᠠᠷᠤᠭᠠᠰᠤ ᠭᠡᠵᠦ ᠦᠵᠡᠬᠦ ᠳᠤ ᠰᠡᠴᠡᠨ ᠡᠷᠡᠰ ᠲᠠᠰᠤ ᠬᠡᠯᠡᠬᠦ ᠳᠡᠭᠡᠨ᠄ ︽ᠥᠬᠢᠨ ᠳᠡᠭᠦᠦ ᠪᠠᠨ ᠡᠷᠭᠡᠪᠰᠢ ᠰᠠᠶᠢᠲᠤᠷ ᠠᠰᠠᠷᠠᠠ ᠬᠠᠷᠠᠭᠠᠯᠵᠠᠬᠤ ᠬᠡᠷᠡᠭᠳᠡᠢ ᠶᠣᠮ᠂ ᠢᠡᠭᠭᠢᠮᠡᠡᠵᠢᠨ ᠰᠠᠶ᠋ᠢ ᠮᠠᠨ ᠤ ᠡᠨᠡ ᠬᠦ ᠪᠦᠷᠢᠨ ᠪᠤᠰᠤ ᠭᠡᠷ ᠪᠦᠯᠢ ᠶᠢ ᠪᠦᠷᠢᠨ ᠪᠦᠲᠦᠨ ᠪᠣᠯᠭᠠᠵᠤ ᠴᠢᠳᠠᠨ᠎ᠠ︾ ᠬᠡᠵᠥ ᠪᠠᠶᠢᠪᠠ᠃     ᠰᠡᠴᠡᠨ 27 ᠵᠢᠯ ᠢ ᠨᠢᠭᠡ ᠡᠳᠦᠷ ᠮᠡᠲᠦ ᠦᠡᠭᠭᠡᠷᠡᠭᠡᠡ᠂ ᠡᠵᠢ ᠮᠡᠲᠦ ᠠᠭᠤᠤ ᠬᠠᠶᠢᠷ᠎ᠠ ᠪᠠᠷ ᠥᠬᠢᠨ ᠳᠡᠭᠦᠦ ᠤᠯᠠᠭᠠᠨᠬᠡᠷᠡᠯ ᠤᠨ ᠢᠶᠠᠨ ᠠᠮᠢ ᠨᠠᠰᠤ ᠶᠢ ᠦᠷᠭᠦᠯᠵᠢᠯᠡᠬᠦᠯᠵᠥ᠂ ᠬᠥᠮᠦᠨ ᠤ ᠶᠢᠷᠲᠢᠨᠴᠦ ᠶᠢᠨ ᠬᠠᠮᠤᠭ ᠤᠨ ᠬᠠᠯᠠᠭᠤᠨ ᠳᠤᠯᠠᠭᠠᠨ ᠡᠭᠡᠴᠢ ᠳᠡᠭᠦᠦ ᠶᠢᠨ ᠬᠠᠶᠢᠷ᠎ᠠ ᠰᠡᠳᠬᠢᠯᠭᠡ ᠶᠢ ᠢᠯᠡᠷᠡᠭᠦᠯᠥᠭᠰᠡᠡ ᠠᠵᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号