ᠨᠤᠮ ᠤᠨ ᠤᠪᠤᠭᠠᠨ ᠤ ᠳᠠᠬᠢᠯᠭ᠎ᠠ ᠤᠴᠢᠷᠲᠠᠢ ᠰᠠᠶᠢᠬᠠᠨ ᠶᠠᠪᠤᠭᠳᠠᠯ᠎ᠠ
ᠨᠡᠶᠢᠲᠡᠯᠡᠭᠰᠡᠨ ᠴᠠᠭ᠄
2020-06-04
     6 ᠰᠠᠷ᠎ᠠ ᠶᠢᠨ 4 ᠤ ᠡᠳᠤᠷ᠂ ᠮᠠᠨ ᠤ ᠬᠤᠰᠢᠭᠤᠨ ᠤ ᠤᠯᠠᠭᠠᠨᠳᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠳᠤ ︽ᠪᠢᠯᠢᠭ ᠤᠨ ᠰᠠᠩ︾ ᠨᠣᠮ ᠤᠨ ᠤᠪᠤᠭᠠᠨ ᠤ ᠳᠠᠬᠢᠯᠭ᠎ᠠ ᠤᠴᠢᠷᠲᠠᠢ ᠰᠠᠶᠢᠬᠠᠨ ᠶᠠᠪᠤᠭᠳᠠᠯ᠎ᠠ᠃ ᠦᠨᠦ ᠵᠢᠯ ᠪᠤᠯ ︽ᠪᠢᠯᠢᠭ ᠤᠨ ᠰᠠᠩ︾ ᠨᠣᠮ ᠤᠨ ᠤᠪᠤᠭᠠᠨ ᠤ ᠠᠷᠪᠠᠨ ᠵᠢᠯ ᠤᠨ ᠤᠢ ᠶᠢᠨ ᠪᠠᠶᠠᠷ ᠪᠤᠯᠤᠨ᠎ᠠ᠃      ᠨᠤᠮ ᠤᠨ ᠤᠪᠤᠭᠠᠨ ᠤ ᠲᠠᠬᠢᠯᠭ᠎ᠠ ᠳᠤ ᠬᠤᠯᠠ ᠤᠶᠢᠷ᠎ᠠ ᠠᠴᠠ ᠡᠷᠳᠡᠮᠳᠡᠨ ᠮᠡᠷᠭᠡᠳ᠂ ᠨᠤᠮ ᠰᠤᠶᠤᠯ ᠳᠤ ᠪᠠᠭ᠋ᠠᠳᠠᠢ ᠤᠩᠰᠢᠭᠴᠢᠳ ᠵᠤᠬᠢᠶᠠᠯᠴᠢᠳ᠂ ᠤᠶᠢᠷ᠎ᠠ ᠬᠠᠪᠢ ᠶᠢᠨ ᠮᠠᠯᠴᠢᠳ ᠤᠶᠠᠭᠠᠴᠢᠳ ᠢᠷᠡᠵᠡᠭᠡᠵᠦ ᠰᠢᠨ᠎ᠡ ᠪᠠᠷ ᠰᠡᠶᠢᠯᠦᠭᠰᠡᠨ ᠨᠤᠮ ᠤᠨ ᠨᠠᠷ᠎ᠠ ᠲᠠᠢ ᠬᠠᠳᠠ ᠶᠢ ᠤᠪᠤᠭᠠᠨ ᠳᠤ ᠨᠡᠮᠡᠨ ᠬᠠᠳᠠᠭ ᠡᠷᠭᠦᠵᠦ ᠪᠢᠯᠢᠭ ᠤᠬᠠᠭᠠᠨ ᠢᠶᠠᠨ ᠬᠡᠬᠡᠷᠡᠬᠦᠯᠵᠦ ᠪᠢᠷ ᠤᠨ ᠦᠵᠦᠭᠦᠷ ᠢᠶᠠᠨ ᠬᠤᠷᠴᠠᠯᠠᠨ ᠨᠡᠩ ᠤᠯᠠᠨ ᠤᠷᠠᠨ ᠪᠦᠳᠤᠬᠡᠯ ᠲᠤᠭᠤᠷᠪᠢᠬᠤ ᠶᠢ ᠵᠦᠡᠭᠨᠡᠨ ᠲᠠᠭᠠᠳᠬᠠᠵᠠᠢ᠃      ᠲᠡᠯᠬᠡᠷᠡᠩᠬᠦᠢ ᠶᠡᠭᠡ ᠨᠤᠮ ᠤᠨ ᠲᠠᠬᠢᠯᠭ᠎ᠠ ᠳᠤ ᠡᠵᠡᠨ ᠰᠠᠩ ᠤᠩᠰᠢᠨ ᠰᠠᠩ ᠳᠤ ᠮᠦᠷᠭᠦᠭᠦ᠂ ᠬᠠᠳᠠᠭ ᠡᠷᠭᠦᠭᠦ ᠂ ᠥᠴᠢᠭ ᠲᠠᠭᠠᠳᠬᠠᠯ ᠬᠢᠭᠦ ᠭᠡᠭᠦᠴᠢᠯᠠᠨ ᠲᠠᠬᠢᠯᠭ᠎ᠠ ᠶᠢᠨ ᠨᠠᠷᠢᠨ ᠤᠶᠢᠯᠡ ᠶᠠᠪᠤᠭᠳᠠᠵᠤ ᠵᠤᠬᠢᠶᠠᠯᠴᠢᠳ ᠠᠴᠠ ᠪᠢᠯᠢᠭ  ᠤᠨ ᠰᠠᠩ ᠮᠤᠩᠭᠤᠯ ᠨᠤᠮ ᠬᠡᠪᠯᠡᠯ ᠤᠨ ᠮᠦᠽᠸᠢ ᠳᠤ ᠨᠤᠮ ᠬᠠᠨᠳᠢᠪᠯᠠᠨ ᠨᠤᠮ ᠪᠢᠴᠢᠭ ᠢ ᠬᠦᠨᠳᠦᠳᠭᠡᠨ ᠲᠡᠭᠡᠳᠦᠯᠡᠬᠦ ᠡᠷᠬᠢᠮ ᠰᠤᠷᠳᠠᠯ ᠢ ᠢᠯᠡᠷᠡᠭᠦᠯᠵᠠᠢ᠃      ᠭᠡᠳᠤᠶᠢᠪᠠᠷ ᠡᠨᠡ ᠵᠢᠯ ᠡᠪᠡᠳᠴᠢᠨ ᠬᠢᠵᠢᠭ ᠠᠴᠠ ᠪᠤᠯᠵᠤ ᠬᠦᠮᠦᠨ ᠤ ᠲᠤᠭ᠎ᠠ ᠶᠢ ᠬᠢᠵᠠᠭᠠᠷᠯᠠᠵᠤ ᠪᠠᠶᠢᠭ᠎ᠠ ᠪᠤᠯᠪᠠᠴᠤ ᠤᠶᠢᠷ᠎ᠠ ᠬᠠᠪᠢ ᠶᠢᠨ ᠮᠠᠯᠴᠢᠳ᠂ ᠨᠣᠮ ᠰᠣᠳᠤᠷ ᠲᠤ ᠬᠠᠶᠢᠷᠠᠳᠠᠢ ᠬᠦᠮᠦᠰ ᠵᠦᠭ ᠵᠦᠭ ᠠᠴᠠ ᠬᠤᠷᠠᠨ ᠴᠤᠭᠯᠠᠷᠠᠵᠤ ᠨᠣᠮ ᠤᠨ ᠢᠶᠠᠨ ᠤᠪᠣᠭ᠎ᠠ ᠶᠢ ᠲᠠᠬᠢᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号