ᠤᠷᠴᠢᠯᠠᠩ ᠪᠦᠬᠡᠴᠡᠶᠢᠯᠡᠭᠰᠡᠨ ᠳᠠᠬᠢᠨᠢ ᠶᠢᠨ ᠡᠷᠭᠢᠮ
ᠨᠡᠶᠢᠲᠡᠯᠡᠭᠰᠡᠨ ᠴᠠᠭ᠄
2020-06-04
  ᠵᠠᠯᠠᠭᠤᠬᠠᠨ ᠡᠮᠡᠭᠲᠡᠢ ᠬᠦᠮᠦᠨ ᠬᠠᠮᠢᠶᠠᠷᠤᠯᠲᠠ ᠶᠢᠨ ᠠᠵᠢᠯ ᠬᠢᠨ᠎ᠡ ᠬᠡᠳᠡᠭ ᠬᠢᠯᠪᠡᠷ ᠪᠤᠰᠤ ᠪᠠᠶᠢᠬᠤ ᠳᠤ ᠨᠡᠩ ᠴᠤ ᠵᠢᠷᠮᠦᠰᠦᠨ ᠪᠦᠰᠡᠬᠦᠢ ᠶᠢ ᠬᠡᠯᠡᠬᠡᠳ ᠬᠠᠮᠢᠭ᠎ᠠ ᠬᠦᠷᠬᠦ ᠪᠢᠯᠡ︖ ᠬᠡᠪᠡᠴᠤ ᠮᠠᠨ ᠤ ᠬᠠᠵᠠᠭᠤ ᠳᠤ ᠡᠶᠢᠮᠤ ᠬᠦᠮᠦᠨ ᠪᠠᠶᠢᠬᠤ ᠪᠠᠷ ᠪᠠᠷᠠᠬᠤ ᠦᠭᠡᠢ ᠨᠡᠩ ᠴᠤ ᠬᠡᠷ ᠪᠦᠯᠢ ᠪᠠᠷ ᠢᠶᠠᠨ ᠰᠢᠨ᠎ᠡ ᠳᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠲᠠᠢ ᠲᠡᠮᠡᠴᠡᠭᠰᠡᠨ ᠦᠢᠯᠡ ᠶᠠᠪᠤᠳᠠᠯ ᠭᠠᠷᠴᠤ ᠪᠢᠯᠡ︕ ᠦᠤᠰᠢᠨ ᠬᠤᠰᠢᠭᠤᠨ ᠤ ᠲᠤᠳᠤᠭᠠᠲᠤ ᠶᠢ ᠬᠠᠮᠠᠭᠠᠯᠠᠬᠤ ᠲᠤᠪᠴᠢᠶᠠᠨ ᠤ ᠠᠮᠤᠷ ᠢ ᠬᠠᠮᠠᠭᠠᠯᠠᠬᠤ ᠶᠡᠭᠡ ᠠᠩᠭᠢ ᠶᠢᠨ ᠲᠡᠳ᠋ ᠲᠠᠷᠤᠭ᠎ᠠ ᠡᠾᠧ ᠰᠢᠶᠠ ᠪᠤᠯ ᠡᠬᠦᠨ ᠤ ᠲᠤᠳᠤᠷᠠᠬᠢ ᠨᠢᠬᠡᠨ ᠪᠤᠳᠠᠲᠤ ᠵᠢᠱᠢᠶ᠎ᠡ︕   ᠠᠮᠠ ᠴᠠᠭᠠᠨ ᠬᠤᠯᠤᠭᠠᠨ᠎ᠠ ᠵᠢᠯ ᠤᠨ ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠲᠤ ᠠᠶᠢᠯ ᠬᠡᠷ ᠲᠡᠭᠡᠨ ᠰᠠᠭᠤᠵᠤ ᠪᠠᠶᠢᠭᠰᠠᠨ ᠡᠾᠧ ᠰᠢᠶᠠ ᠳᠤ ᠪᠠᠶᠢᠭᠤᠯᠭ᠎ᠠ ᠠᠴᠠ ᠨᠢ ᠮᠡᠳᠡᠭᠳᠡᠯ ᠢᠷᠡᠵᠤ᠂ ᠲᠠᠷᠦ᠋ᠢᠬᠠᠨ ᠠᠵᠢᠯ ᠤᠨ ᠪᠠᠶᠢᠷᠢᠨ ᠳᠠᠭᠠᠨ ᠭᠠᠷᠬᠤ ᠬᠡᠷᠡᠭᠲᠡᠢ ᠬᠡᠰᠡᠨ ᠪᠠᠶᠢᠨ᠎ᠠ᠃ 6 ᠰᠠᠷ᠎ᠠ ᠲᠠᠢ ᠵᠢᠷᠮᠦᠰᠦᠨ ᠪᠦᠰᠡᠬᠦᠢ ᠳᠤ ᠠᠪᠴᠤ ᠬᠡᠯᠡᠪᠡᠯ ᠠᠵᠢᠯ ᠳᠠᠭᠠᠨ ᠭᠠᠷᠬᠤ ᠴᠤ ᠭᠠᠶᠢᠭᠤᠢ ᠬᠡᠷᠡᠭ᠂ ᠬᠠᠷᠢᠨ ᠠᠶᠢᠯ ᠠᠶᠢᠯ ᠤᠨ ᠡᠬᠦᠳᠡ ᠲᠤᠭᠰᠢᠵᠤ ᠪᠦᠷᠢᠳᠬᠡᠯ ᠬᠢᠨ᠎ᠡ ᠬᠡᠳᠡᠭ ᠪᠠᠭ᠎ᠠ ᠤᠴᠢᠷ ᠪᠢᠰᠢ᠃ ᠲᠡᠷᠡ ᠲᠡᠭᠡᠷ᠎ᠡ ᠱᠠᠳᠤᠨ ᠳᠤ ᠭᠤᠶᠤᠴᠢᠯᠠᠯ ᠲᠠᠪᠰᠢᠬᠦᠯᠥᠨ ᠡ᠊ᠨᠡ ᠠᠵᠢᠯ ᠢ ᠦᠭᠡᠷ᠎ᠡ ᠪᠤᠰᠤᠳ ᠢᠶᠠᠷ ᠬᠢᠯᠬᠡᠵᠤ ᠪᠤᠯᠬᠤ ᠪᠠᠶᠢᠭᠰᠠᠨ ᠴᠤ ︽ᠪᠢ ᠪᠤᠯ ᠨᠠᠮ ᠤᠨ ᠬᠡᠰᠢᠭᠦᠨ᠂ ᠡᠷᠭᠡᠪᠰᠢ ᠡᠬᠦᠷᠭᠡ ᠬᠠᠷᠢᠭᠤᠴᠠᠯᠭ᠎ᠠ ᠪᠠᠨ ᠪᠡᠶᠡᠯᠡᠬᠦᠯᠵᠤ᠂ ᠲᠡᠷᠢᠭᠦᠨ ᠤ  ᠡᠩᠨᠡᠬᠡᠨ ᠳᠤ ᠶᠠᠪᠤᠨ᠎ᠠ︾ ᠬᠡᠬᠦ ᠵᠤᠷᠢᠭ ᠢᠶᠠᠷ ᠬᠢᠵᠢᠭ ᠲᠠᠢ ᠲᠡᠮᠡᠴᠡᠬᠦ ︽ᠡᠮᠦᠨ᠎ᠡ ᠹᠷᠤᠨᠲ︾ ᠲᠤ ᠭᠠᠪᠰᠢᠭᠠᠢᠢᠯᠠᠪᠠ᠃   ᠲᠡᠭᠦᠨ ᠤ ᠬᠠᠮᠢᠶᠠᠷᠴᠤ ᠪᠠᠶᠢᠭ᠎ᠠ ᠬᠠᠷᠢᠶ᠎ᠠ ᠲᠤᠭᠤᠷᠢᠭ ᠲᠤ ᠬᠡᠷ ᠲᠦᠷᠢᠶᠡᠰᠦᠯᠡᠭᠴᠢ ᠡᠷᠦᠬᠡ ᠠᠷᠪᠢᠨ᠂ ᠭᠠᠳᠠᠨ᠎ᠠ ᠤᠷᠤᠨ ᠤ ᠬᠦᠮᠦᠨ ᠠᠮᠠ ᠤᠯᠠᠨᠲᠠᠢ ᠪᠤᠯᠬᠤᠷ ᠲᠠᠷᠤᠭ᠎ᠠ ᠤᠳᠤᠷᠢᠳᠤᠯᠭ᠎ᠠ ᠨᠢ ᠡᠾᠧ ᠰᠢᠶᠠ ᠶᠢ ᠬᠢᠵᠤ ᠲᠡᠶᠢᠯᠬᠦ ᠦᠭᠡᠢ ᠠᠴᠠ ᠪᠤᠯᠭᠤᠮᠵᠢᠯᠡᠨ ᠦᠭᠡᠷ᠎ᠡ ᠬᠦᠮᠦᠨ ᠢᠶᠠᠷ ᠰᠤᠯᠢᠬᠤ ᠭᠡᠰᠡᠨ ᠳᠤ ᠲᠡᠷᠡ᠄ ︽ᠮᠢᠨᠤ ᠨᠠᠶᠢᠲᠠᠨ ᠬᠠᠮᠢᠶᠠᠷᠴᠤ ᠪᠠᠶᠢᠭ᠎ᠠ ᠭᠠᠵᠠᠷ ᠢᠶᠠᠨ ᠪᠢ ᠬᠡᠨ ᠠᠴᠠ ᠴᠤ ᠢᠯᠡᠬᠦᠦ ᠮᠡᠳᠡᠨ᠎ᠡ᠃ ᠬᠡᠷᠪᠡ ᠤᠬᠤᠷᠬᠠᠨ ᠬᠤᠭᠤᠴᠠᠭᠠᠨ ᠳᠤ ᠦᠭᠡᠷ᠎ᠡ ᠬᠦᠮᠦᠨ ᠢ ᠤᠴᠢᠭᠤᠯᠴᠢᠬᠠᠪᠠᠯ ᠲᠤᠬᠠᠢ ᠶᠢᠨ ᠭᠠᠵᠠᠷ ᠤᠨ ᠪᠠᠶᠢᠳᠠᠯ ᠢ ᠰᠠᠶᠢᠨ ᠤᠢᠢᠯᠠᠭᠠᠵᠤ ᠴᠢᠳᠠᠬᠤ ᠦᠭᠡᠢ ᠠᠴᠠ ᠪᠤᠯᠵᠤ ᠠᠵᠢᠯ ᠤᠨ ᠲᠠᠷᠤᠭᠠᠰᠤ ᠤᠯᠠᠮ ᠨᠡᠮᠡᠭᠳᠡᠬᠦ ᠨᠢ ᠯᠠᠪᠲᠠᠢ᠂ ᠤᠳᠤ ᠬᠢᠵᠢᠭ ᠲᠠᠢ ᠲᠡᠮᠡᠴᠡᠵᠤ ᠪᠠᠶᠢᠭ᠎ᠠ ᠤᠨᠴᠠᠭᠠᠢ ᠴᠠᠭ ᠪᠤᠯᠬᠤᠷ ᠦᠭᠡᠷ᠎ᠡ ᠬᠦᠮᠦᠨ ᠢ ᠤᠴᠢᠭᠤᠯᠤᠭᠠᠳ ᠰᠠᠨᠠᠭ᠎ᠠ ᠠᠮᠤᠷ ᠦᠭᠡᠢ︾ ᠬᠡᠵᠤ ᠬᠡᠯᠡᠭᠰᠡᠨ ᠪᠠᠶᠢᠪᠠ᠃ ᠢᠡᠭᠭᠢᠬᠡᠳ ᠲᠡᠷᠡ ᠭᠤᠷᠪᠠᠭ᠋ᠠᠨ ᠡᠳᠦᠷ ᠤᠨ ᠬᠤᠭᠤᠴᠠᠭᠠᠨ ᠳᠤ ᠬᠠᠷᠢᠶ᠎ᠠ ᠲᠤᠭᠤᠷᠢᠭ ᠤᠨ ᠢᠶᠠᠨ ᠪᠦᠬᠦ ᠠᠶᠢᠯ ᠡᠷᠦᠬᠡ ᠶᠢ ᠵᠠᠬ᠎ᠠ ᠲᠠᠷᠠᠭᠠᠯᠠᠨ ᠪᠠᠶᠢᠴᠠᠭᠠᠵᠤ ᠳᠠᠭᠤᠰᠬᠠᠭᠰᠠᠨ ᠪᠦᠭᠡᠳ 220 ᠡᠷᠦᠬᠡ᠂ 564 ᠬᠦᠮᠦᠨ ᠢ ᠪᠦᠷᠢᠳᠬᠡᠨ ᠲᠡᠮᠲᠡᠭᠯᠡᠵᠡᠢ᠃ ᠲᠡᠷᠡ ᠪᠠᠰᠠ ᠡᠳᠦᠷ ᠪᠤᠯᠭᠠᠨ ᠤ ᠪᠠᠶᠢᠴᠠᠭᠠᠯᠲᠠ ᠶᠢᠨ ᠠᠵᠢᠯ ᠢᠶᠠᠨ ᠳᠠᠭᠤᠰᠬᠠᠭᠰᠠᠨ ᠤ ᠲᠠᠷᠠᠭ᠎ᠠ ᠪᠤᠳᠠᠭ᠎ᠠ ᠬᠤᠭᠤᠯᠠ ᠪᠠᠨ ᠴᠤ ᠢᠳᠡᠬᠦ ᠵᠠᠪ ᠦᠭᠡᠢ ᠪᠠᠷ ᠠᠵᠢᠯ ᠤᠨ ᠪᠠᠶᠢᠳᠠᠯ ᠢᠶᠠᠨ ᠲᠡᠭᠡᠭᠰᠢ ᠬᠠᠷᠢᠭᠤ ᠮᠡᠳᠡᠬᠦᠯᠳᠡᠭ ᠨᠢ ᠨᠡᠩ ᠴᠤ ᠮᠠᠭᠲᠠᠭᠤᠰᠢᠲᠠᠢ᠃   ᠡᠾᠧ ᠰᠢᠶᠠ ᠶᠢᠨ ᠠᠵᠢᠯ ᠡᠶᠢᠮᠤ ᠪᠠᠶᠢᠬᠤ ᠳᠤ ᠲᠡᠭᠦᠨ ᠤ ᠠᠷᠤ ᠭᠡᠷ ᠲᠤᠨᠢ ᠴᠤᠬᠤᠮ ᠶᠠᠭᠤ ᠪᠤᠯᠵᠤ ᠪᠠᠶᠢᠭ᠎ᠠ ᠪᠤᠯ ︖ ᠡᠾᠧ ᠰᠢᠶᠠ ᠶᠢᠨ ᠡᠷ᠎ᠡ ᠨᠦᠬᠦᠷ ᠨᠢ ᠦᠤᠰᠢᠨ ᠬᠤᠰᠢᠭᠤᠨ ᠤ ᠡᠪᠡᠳᠴᠢᠨ ᠡᠮᠬᠡᠭ ᠢ ᠰᠡᠷᠬᠡᠶᠢᠯᠡᠨ ᠡᠵᠡᠮᠰᠢᠬᠦ ᠲᠦᠪ ᠲᠤ ᠠᠵᠢᠯᠯᠠᠵᠤ ᠪᠠᠶᠢᠭ᠎ᠠ ᠪᠤᠯᠬᠤᠷ ᠪᠢᠲᠡᠬᠦᠨ ᠤ ᠡᠳᠦᠷ ᠠᠴᠠ ᠡᠬᠢᠯᠡᠨ ᠨᠢᠬᠡᠨᠲᠡ ᠪᠠᠶᠢᠭᠤᠯᠭ᠎ᠠ ᠳᠠᠭᠠᠨ ᠶᠠᠭᠠᠷᠠᠵᠤ᠂ 5 ᠨᠠᠰᠤᠲᠠᠢ ᠬᠦᠤ ᠶᠢ ᠨᠢ ᠬᠠᠷᠠᠬᠤ ᠬᠦᠮᠦᠨ ᠦᠭᠡᠢ ᠪᠤᠯᠤᠭᠰᠠᠨ ᠳᠤ ᠠᠷᠭ᠎ᠠ ᠪᠤᠰᠤ ᠬᠦᠳᠡᠭᠡ ᠭᠡᠷ ᠲᠡᠭᠡᠨ ᠬᠦᠷᠭᠡᠭᠰᠡᠨ ᠪᠠᠶᠢᠯ᠎ᠠ᠃   6 ᠰᠠᠷ᠎ᠠ ᠲᠠᠢ ᠵᠢᠷᠮᠦᠰᠦᠨ ᠪᠦᠰᠡᠬᠦᠢ ᠬᠡᠳᠡᠭ ᠪᠤᠰᠤᠳ ᠢᠶᠠᠷ ᠬᠠᠷᠠᠭᠠᠯᠵᠠᠭᠤᠯᠬᠤ ᠴᠢᠬᠤᠯᠠ ᠲᠠᠢ ᠨᠢ ᠮᠡᠳᠡᠬᠡᠵᠢ᠂ ᠬᠡᠷᠪᠡ ᠬᠢᠴᠢᠶᠡᠬᠦ ᠦᠭᠡᠢ ᠪᠤᠯ ᠶᠠᠮᠠᠷ ᠤᠴᠢᠷ ᠴᠤ ᠭᠠᠷᠴᠤ ᠮᠡᠳᠡᠨ᠎ᠡ᠃ ᠡᠶᠢᠮᠤ ᠪᠠᠶᠢᠬᠤ ᠳᠤ ᠡᠷ᠎ᠡ ᠨᠦᠬᠦᠷ ᠨᠢ ᠪᠠᠰᠠ 2 ᠰᠠᠷ᠎ᠠ ᠶᠢᠨ 23 ᠳᠤ ᠦᠪᠦᠷ ᠮᠤᠩᠭᠤᠯ ᠤᠨ ᠦᠪᠡᠷᠲᠡᠬᠡᠨ ᠵᠠᠰᠠᠬᠤ ᠤᠷᠤᠨ ᠤ ᠬᠤᠪᠸᠢ ᠮᠤᠵᠢ ᠶᠢ ᠲᠤᠰᠠᠯᠠᠷ᠎ᠠ ᠮᠤᠷᠳᠠᠬᠤ ᠡᠩᠨᠡᠬᠡᠨ ᠳᠤ ᠪᠠᠭᠲᠠᠯᠴᠠᠨ ᠦᠬᠠᠨ ᠬᠤᠲᠠ ᠶᠢ ᠵᠤᠷᠢᠯ᠎ᠠ᠃ ᠦᠭᠡᠷ᠎ᠡ ᠬᠦᠮᠦᠨ ᠳᠤ ᠠᠪᠴᠤ ᠬᠡᠯᠡᠪᠡᠯ ᠡ᠊ᠨᠡ ᠨᠢ ᠶᠡᠭᠡ ᠬᠠᠲᠠᠭᠤᠬᠠᠨ ᠰᠠᠨᠠᠭᠳᠠᠬᠤ ᠪᠠᠶᠢᠭᠰᠠᠨ ᠴᠤ ᠡᠾᠧ ᠰᠢᠶᠠ ᠬᠠᠷᠢᠨ ︽ᠬᠠᠶᠢᠷᠠᠲᠤ ᠨᠦᠬᠦᠷ ᠮᠠᠨᠢ ᠬᠤᠯᠠ ᠶᠠᠪᠤᠵᠤ ᠬᠢᠵᠢᠭ ᠲᠠᠢ ᠲᠤᠯᠤᠯᠳᠤᠪᠠᠯ ᠪᠢ ᠡ᠊ᠨᠳᠡ ᠪᠠᠨ ᠰᠠᠭᠤᠵᠤ ᠤᠷᠤᠨ ᠨᠤᠲᠤᠭ ᠤᠨ ᠢᠶᠠᠨ ᠠᠮᠤᠷ ᠲᠦᠪᠰᠢᠨ ᠢ ᠪᠠᠲᠤᠯᠠᠨ᠎ᠠ︾ ᠬᠡᠬᠦ ᠵᠤᠷᠢᠭ ᠢ ᠡᠪᠤᠷᠯᠡᠭᠰᠡᠨ ᠪᠤᠶᠤ᠃  ᠡ᠊ᠨᠡ ᠯᠠ ᠵᠤᠷᠢᠭ ᠢᠶᠠᠷ ᠲᠡᠷᠡ ᠠᠯᠢᠪᠠ ᠬᠦᠴᠢᠷᠳᠡᠯ ᠢ ᠢᠯᠡᠨ ᠲᠠᠪᠠᠵᠤ᠂ 14 ᠵᠢᠯ ᠤᠨ ᠲᠤᠷᠰᠢᠬᠢ ᠠᠵᠢᠯ ᠤᠨ ᠪᠠᠷᠢᠮᠲᠠᠯᠠᠯ ᠢᠶᠠᠨ ᠠᠬᠢᠨ ᠨᠢᠬᠡ ᠤᠳᠠᠭ᠎ᠠ ᠪᠤᠰᠤᠳ ᠲᠤ ᠮᠡᠳᠡᠷᠡᠬᠦᠯᠥᠭᠰᠡᠨ ᠪᠠᠶᠢᠨ᠎ᠠ᠃ ᠲᠡᠭᠦᠨ ᠤ ᠠᠯᠢᠪᠠ ᠪᠦᠬᠦᠨ ᠨᠢ ᠦᠬᠡᠳᠡ ᠡᠰᠡᠷᠡᠭ ᠪᠠᠶᠢᠭᠠᠰᠠᠢ︕
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号