| ᠦᠦᠰᠢᠨ ᠬᠤᠰᠢᠭᠤᠨ ᠤ ᠰᠦᠯᠳᠡ ᠰᠤᠮᠤᠨ ᠳᠤ ᠠᠷᠠᠳ ᠤᠨ ᠳᠤᠮᠳᠠᠬᠢ ᠵᠦᠷᠢᠴᠡᠯ ᠵᠠᠭᠤᠷᠠᠯᠳᠤᠭᠠᠨ ᠢ | ᠰᠢᠢᠳᠪᠦᠷᠢᠯᠡᠳᠡᠭ ᠤᠨᠴᠠᠭᠠᠢ ᠨᠢᠭᠡᠨ ᠡ᠊ᠡᠭᠨᠡᠭᠡ ᠪᠠᠶᠢᠳᠠᠭ᠃ ᠡᠨᠡ ᠬᠦ ᠠᠷᠠᠳ ᠤᠨ ᠡᠶᠡᠳᠡᠬᠦᠯᠬᠦ ᠠᠩᠬᠢ ᠨᠢ ᠤᠷᠢᠳ | ᠬᠤᠵᠢᠳ 2500 ᠭᠠᠷᠤᠢ ᠤᠲᠠᠭᠠᠨ ᠤ ᠵᠦᠷᠢᠴᠡᠯ ᠵᠠᠭᠤᠷᠠᠭᠠᠨ ᠢ ᠰᠢᠢᠳᠪᠦᠷᠢᠯᠡᠵᠦ᠂ ᠮᠠᠯᠴᠢᠳ ᠲᠠᠭᠠᠨ 400 | ᠭᠠᠷᠤᠢ ᠲᠦᠮᠡᠨ ᠲᠦᠬᠦᠷᠢᠭ ᠤᠨ ᠬᠤᠬᠢᠷᠠᠯ ᠢ ᠡᠬᠡᠬᠦᠯᠦᠨ ᠠᠪᠴᠢᠷᠠᠵᠦ᠂ ᠠᠷᠠᠳ ᠤᠯᠠᠨ ᠤ ᠪᠠᠨ ᠲᠤᠮᠳᠠ ︽ᠠᠯᠲᠠᠨ | ᠮᠧᠲᠠᠯᠲᠦ ᠡᠶᠡᠳᠡᠬᠦᠯᠬᠦ ᠠᠩᠬᠢ︾ ᠭᠡᠵᠤ ᠠᠯᠳᠠᠷᠰᠢᠵᠠᠢ᠃ | 2018 ᠤᠨ ᠳᠤ ᠪᠠᠶᠢᠭᠤᠯᠤᠬᠲᠠᠬᠰᠠᠨ ᠰᠦᠯᠳᠡ ᠰᠤᠮᠤᠨ ᠤ ᠠᠷᠠᠳ ᠤᠨ ᠡᠶᠡᠳᠡᠬᠦᠯᠬᠦ ᠲᠤᠭᠤᠢᠢᠯᠠᠩ ᠪᠤᠯ | ᠰᠤᠮᠤᠨ ᠳᠠᠬᠢ ᠲᠤᠲᠤᠭᠠᠲᠦ ᠶᠢ ᠬᠠᠮᠠᠭᠠᠯᠠᠬᠤ ᠳᠤᠮᠢᠯᠠᠭᠰᠠᠨ ᠭᠠᠵᠠᠷ᠂ ᠬᠠᠦᠯᠢ ᠴᠠᠭᠠᠵᠠ ᠶᠢᠨ ᠭᠠᠵᠠᠷ᠂ ᠶᠡᠷᠦᠩᠭᠡᠶᠢᠯᠡᠨ | ᠵᠠᠰᠠᠬᠤ ᠲᠦᠪ ᠵᠡᠷᠭᠡ ᠪᠠᠶᠢᠭᠤᠯᠭ᠎ᠠ ᠨᠢᠬᠡᠴᠢ ᠶᠢᠨ 7 ᠬᠦᠮᠦᠨ ᠢᠶᠠᠷ ᠪᠦᠷᠢᠯᠲᠦᠭᠰᠡᠨ ᠦᠦᠰᠢᠨ ᠬᠤᠰᠢᠭᠤᠨ ᠳᠠᠬᠢ | ᠴᠤᠷ ᠤᠨ ᠭᠠᠭᠴᠠ ᠮᠤᠩᠭᠤᠯ ᠭᠡᠯᠡ ᠪᠠᠷ ᠦᠢᠯᠡᠴᠢᠯᠡᠳᠡᠭ ᠰᠤᠮᠤᠨ ᠤ ᠲᠡᠰ ᠤᠨ ᠡᠶᠡᠳᠡᠬᠦᠯᠬᠦ ᠠᠩᠬᠢ ᠪᠤᠯᠤᠨ᠎ᠠ᠃ | ᠡᠨᠡ ᠬᠦ ᠡᠶᠡᠳᠡᠬᠦᠯᠬᠦ ᠠᠩᠬᠢ ᠶᠢᠨ ᠲᠡᠳ᠋ ᠡᠷᠬᠢᠯᠡᠭᠴᠢ ᠪᠦᠬᠡᠳ ᠦᠦᠰᠢᠨ ᠬᠤᠰᠢᠭᠤᠨ ᠤ ᠬᠠᠦᠯᠢ ᠴᠠᠭᠠᠵᠠ ᠶᠢᠨ | ᠲᠤᠪᠴᠢᠶᠠᠨ ᠤ ᠰᠦᠯᠳᠡ ᠰᠤᠮᠤᠨ ᠳᠠᠬᠢ ᠬᠠᠦᠯᠢ ᠴᠠᠭᠠᠵᠠ ᠶᠢᠨ ᠭᠠᠵᠠᠷ ᠤᠨ ᠲᠠᠷᠤᠭ᠎ᠠ ᠲᠡᠯᠭᠡᠷᠰᠠᠩ ᠪᠤᠯ ︽ᠪᠦᠬᠦ | ᠤᠯᠤᠰ ᠤᠨ ᠠᠷᠠᠳ ᠤᠨ ᠡᠶᠡᠳᠡᠬᠦᠯᠬᠦ ᠴᠢᠲᠠᠪᠦᠷᠢᠲᠠᠨ︾᠂ ︽ᠪᠦᠬᠦ ᠤᠷᠤᠨ ᠤ ᠠᠷᠠᠳ ᠤᠨ ᠡᠶᠡᠳᠡᠬᠦᠯᠬᠦ | ᠴᠢᠲᠠᠪᠦᠷᠢᠲᠠᠨ︾᠂ ︽ᠪᠦᠬᠦ ᠤᠷᠤᠨ ᠤ ᠮᠦᠡᠭᠬᠦᠨ ᠮᠧᠲᠠᠯᠲᠦ ᠠᠷᠠᠳ ᠤᠨ ᠡᠶᠡᠳᠡᠬᠦᠯᠦᠭᠴᠢ︾᠂ ︽ᠪᠦᠬᠦ | ᠤᠷᠤᠨ ᠤ ᠠᠷᠪᠠᠨ ᠰᠢᠯᠢᠳᠡᠭ ᠬᠠᠦᠯᠢ ᠴᠠᠭᠠᠵᠠ ᠶᠢᠨ ᠲᠦᠬᠡᠮᠡᠯᠵᠢᠬᠦᠯᠤᠯᠳᠠ ᠶᠢᠨ ᠤᠬᠠᠭᠤᠯᠤᠬᠴᠢ︾ ᠵᠡᠷᠭᠡ ᠤᠯᠤᠰ᠂ | ᠤᠷᠤᠨ ᠤ ᠲᠡᠰ ᠤᠨ ᠱᠠᠩᠨᠠᠯ ᠢ ᠤᠲᠠᠭ᠎ᠠ ᠲᠠᠷᠠᠭᠠᠯᠠᠨ ᠬᠦᠷᠳᠡᠭᠰᠡᠨ᠂ ᠡᠶᠡᠳᠡᠬᠦᠯᠬᠦ ᠠᠵᠢᠯ ᠢ 18 ᠵᠢᠯ ᠬᠢᠭᠰᠡᠨ | ᠪᠠᠶᠠᠯᠢᠭ ᠲᠤᠷᠰᠢᠯᠭ᠎ᠠ ᠲᠠᠢ ᠬᠠᠰᠢᠷ ᠡᠶᠡᠳᠡᠬᠦᠯᠦᠭᠴᠢ ᠪᠤᠯᠬᠤ ᠶᠤᠮ᠃ | ᠵᠤᠨ ᠤ 7 ᠰᠠᠷ᠎ᠠ᠂ ᠦᠦᠰᠢᠨ ᠬᠤᠰᠢᠭᠤᠨ ᠳᠤ ᠭᠠᠯ ᠨᠠᠷᠠ ᠵᠤᠯᠠᠢ ᠲᠦᠭᠡᠨᠡᠵᠦ᠂ ᠭᠠᠵᠠᠷ ᠤᠨ | ᠬᠦᠷᠦᠰᠦᠨ ᠠᠴᠠ ᠬᠠᠯᠠᠭᠤᠨ ᠢᠯᠴᠢ ᠪᠠᠭᠠᠬᠢᠨᠠ᠃ ᠪᠢᠳᠡ ᠰᠦᠯᠳᠡ ᠰᠤᠮᠤ ᠶᠢᠨ ᠬᠠᠦᠯᠢ ᠴᠠᠭᠠᠵᠠ ᠶᠢᠨ ᠭᠠᠵᠠᠷ ᠲᠤ | ᠬᠦᠷᠬᠦ ᠳᠤ ᠲᠡᠯᠭᠡᠷᠰᠠᠩ ᠭᠤᠸᠠᠢ ᠶᠠᠭ ᠰᠠᠶᠢᠬᠠᠨ ᠠᠯᠪᠠᠨ ᠭᠡᠷ ᠲᠡᠭᠡᠨ ᠪᠢᠴᠢᠭ ᠮᠠᠲ᠋ᠧᠷᠢᠶᠠᠯ ᠢᠶᠠᠨ ᠰᠢᠬᠦᠵᠦ | ᠤᠷᠪᠠᠭᠤᠯᠤᠭᠠᠳ ᠶᠠᠭᠠᠷᠠᠯᠲᠠᠢ ᠪᠠᠶᠢᠯ᠎ᠠ᠃ | ︽ᠪᠢᠳᠡ ᠰᠤᠮᠤᠨ ᠤ ᠨᠠᠮ ᠤᠨ ᠬᠤᠷᠢᠶ᠎ᠠ ᠵᠠᠰᠠᠭ ᠤᠨ ᠤᠷᠲᠤᠨ ᠲᠠᠢ ᠵᠦᠪᠳᠡᠯᠴᠡᠵᠦ ᠪᠠᠶᠢᠭᠠᠳ ᠤᠷᠵᠢᠨᠤᠨ | ᠡᠶᠢᠮᠦ ᠨᠢᠬᠡᠨ ᠡᠶᠡᠳᠡᠬᠦᠯᠬᠦ ᠠᠩᠬᠢ ᠶᠢ ᠪᠠᠶᠢᠭᠤᠯᠤᠬᠰᠠᠨ ᠶᠤᠮ᠂ ᠤᠲᠤ 7 ᠬᠦᠮᠦᠨ ᠪᠠᠶᠢᠨ᠎ᠠ᠂ ᠮᠠᠯᠴᠢᠳ ᠤᠨ | ᠬᠤᠭᠤᠷᠤᠨᠲᠦ ᠵᠦᠷᠢᠴᠡᠯ ᠵᠠᠭᠤᠷᠠᠭᠠᠨ ᠡᠬᠦᠰᠴᠦ ᠬᠤᠶᠠᠷ ᠲᠠᠯ᠎ᠠ ᠪᠠᠷ ᠢᠶᠠᠨ ᠰᠠᠨᠠᠯ ᠨᠢᠬᠡᠳᠬᠦ ᠦᠬᠡᠢ ᠪᠤᠯᠪᠠᠯ | ᠪᠢᠳᠡᠨ ᠳᠤ ᠤᠲᠠᠰᠦ ᠢᠷᠡᠬᠦᠯᠳᠡᠭ᠂ ᠪᠢᠳᠡᠨ ᠤ ᠡᠶᠡᠳᠡᠬᠦᠯᠬᠦ ᠲᠤᠭᠤᠢᠢᠯᠠᠩ ᠤᠨ ᠬᠢᠨ ᠮᠠᠯᠴᠢᠳ ᠲᠠᠢ ᠤᠷᠢᠳᠴᠢᠯᠠᠨ | ᠴᠠᠭ ᠬᠤᠭᠤᠴᠠᠭ᠎ᠠ ᠪᠠᠨ ᠪᠤᠯᠵᠤᠵᠦ᠂ ᠬᠤᠶᠠᠭᠤᠯᠠ᠂ ᠭᠤᠷᠪᠠᠭᠤᠯᠠ ᠨᠡᠶᠢᠯᠡᠬᠡᠳ ᠭᠠᠴᠠᠭ᠎ᠠ ᠵᠦᠭ ᠲᠠᠪᠬᠢᠲᠠᠭ ᠶᠤᠮ︾ | ᠭᠡᠵᠦ ᠲᠡᠯᠭᠡᠷᠰᠠᠩ ᠪᠢᠳᠡᠨ ᠳᠤ ᠲᠠᠶᠢᠯᠪᠦᠷᠢᠯᠠᠵᠦ ᠪᠠᠶᠢᠯ᠎ᠠ᠃ | 2002 ᠤᠨ ᠳᠤ ᠡᠶᠡᠳᠡᠬᠦᠯᠬᠦ ᠠᠵᠢᠯ ᠢ ᠠᠩᠬ᠎ᠠ ᠡᠬᠢᠯᠡᠵᠤ ᠬᠢᠬᠦ ᠳᠤ ᠲᠡᠯᠭᠡᠷᠰᠠᠩ ᠭᠤᠤᠯᠲᠠᠭᠤ ᠮᠠᠯᠴᠢᠳ ᠤᠨ | ᠬᠤᠭᠤᠷᠤᠨᠲᠦᠬᠢ ᠤᠷᠤᠭ ᠰᠠᠯᠵᠦ ᠦᠮᠴᠢ ᠬᠤᠪᠢᠶᠠᠬᠤ ᠶᠢ ᠵᠤᠬᠢᠴᠠᠭᠤᠯᠬᠤ᠂ ᠭᠡᠷᠡᠬᠦᠯ ᠵᠤᠲᠤᠭᠠᠨ ᠢ ᠰᠢᠢᠳᠪᠦᠷᠢᠯᠡᠬᠦ᠂ | ᠭᠡᠷ ᠪᠦᠯᠢ ᠶᠢᠨ ᠵᠦᠷᠢᠴᠡᠯ ᠢ ᠨᠠᠮᠲᠠᠭᠠᠬᠤ ᠁ ᠵᠡᠷᠭᠡ ᠠᠷᠰᠠᠷ ᠶᠠᠪᠤᠲᠠᠯ᠂ ᠬᠦᠷᠰᠢ ᠵᠡᠷᠭᠡᠯᠡᠳᠡᠭᠡ ᠶᠢᠨ ᠵᠦᠷᠢᠴᠡᠯ | ᠮᠦᠷᠬᠦᠯᠲᠦᠭᠡᠨ ᠢ ᠰᠢᠢᠳᠪᠦᠷᠢᠯᠡᠳᠡᠭ ᠪᠠᠶᠢᠬᠰᠠᠨ ᠢᠶᠠᠨ ᠰᠡᠬᠦᠯ ᠤᠨ ᠵᠢᠯ ᠤᠳ ᠲᠤ ᠲᠡᠬᠦᠨ ᠤ ᠰᠢᠢᠳᠪᠦᠷᠢᠯᠡᠭᠰᠡᠨ | ᠭᠡᠷᠡᠭ ᠤᠨ ᠲᠤᠲᠤᠷ᠎ᠠ ᠨᠤᠲᠤᠭ ᠪᠡᠯᠴᠢᠭᠡᠷ ᠤᠨ ᠵᠠᠭᠤᠷᠠᠭᠠᠨ ᠤ ᠡᠵᠡᠯᠡᠬᠦ ᠬᠤᠪᠢ ᠶᠢᠨ ᠵᠢᠩ ᠨᠢ ᠶᠠᠪᠤᠬᠤ ᠲᠤᠲᠤᠮ | ᠨᠡᠮᠡᠭᠳᠡᠵᠡᠢ᠃ ︽ᠤᠤᠯ ᠳᠠᠭᠠᠨ ᠵᠢᠯ ᠳᠤ ᠲᠦᠷᠪᠡ ᠲᠠᠪᠤᠬᠠᠨ ᠵᠠᠭᠤᠷᠠᠭᠠᠨ ᠢ ᠰᠢᠢᠳᠪᠦᠷᠢᠯᠡᠳᠡᠭ ᠪᠠᠶᠢᠬᠰᠠᠨ᠂ ᠤᠲᠤ | ᠡᠲᠦᠷ ᠲᠤ ᠬᠠᠮᠤᠭ ᠤᠨ ᠤᠯᠠᠨ ᠳᠠᠭᠠᠨ ᠲᠠᠪᠤᠨ ᠭᠡᠷᠡᠭ ᠢ ᠰᠢᠢᠳᠪᠦᠷᠢᠯᠡᠵᠦ ᠪᠠᠶᠢᠨ᠎ᠠ᠃ ᠡᠨᠡ ᠲᠤᠭ᠎ᠠ ᠬᠡᠮᠵᠢᠶ᠎ᠡ ᠶᠢᠨ | ᠵᠦᠷᠢᠶᠡᠨ ᠠᠴᠠ ᠮᠠᠯᠴᠢᠳ ᠤᠨ ᠬᠠᠦᠯᠢ ᠶᠤᠰᠤᠨ ᠤ ᠡᠷᠭᠡ ᠠᠰᠢᠬ ᠢᠶᠠᠨ ᠬᠠᠮᠠᠭᠠᠯᠠᠬᠤ ᠤᠬᠠᠮᠰᠠᠷ ᠲᠡᠭᠡᠭᠰᠢᠯᠡᠵᠦ | ᠪᠠᠶᠢᠨ᠎ᠠ ᠭᠡᠳᠡᠭ ᠢ ᠮᠡᠳᠡᠵᠦ ᠪᠤᠯᠤᠨ᠎ᠠ︾ ᠭᠡᠵᠦ ᠲᠡᠯᠭᠡᠷᠰᠠᠩ ᠰᠤᠷᠪᠤᠯᠵᠢᠯᠠᠬᠴᠢ ᠳᠤ ᠶᠠᠷᠢᠨ᠎ᠠ᠃ | ᠰᠦᠯᠳᠡ ᠰᠤᠮᠤᠨ ᠤ ᠱᠠᠷᠯᠢᠭ ᠭᠠᠴᠠᠭᠠᠨ ᠤ ᠦᠯᠵᠡᠶᠢᠴᠠᠶᠢᠲᠠᠮ ᠮᠠᠯᠵᠢᠯ ᠤᠨ ᠬᠤᠷᠰᠢᠶ᠎ᠠ ᠶᠢᠨ ᠮᠦᠡᠭᠭᠡᠴᠢᠯᠠᠭᠤ | ᠨᠤᠲᠤᠭ ᠪᠡᠯᠴᠢᠭᠡᠷ ᠤᠨ ᠵᠠᠭᠤᠷᠠᠭᠠᠨ ᠢᠶᠠᠨ ᠲᠡᠯᠭᠡᠷᠰᠠᠩ ᠢᠶᠠᠷ ᠰᠢᠢᠳᠪᠦᠷᠢᠯᠡᠬᠦᠯᠵᠦ ᠦᠡᠭᠭᠡᠷᠡᠭᠰᠡᠨ ᠶᠤᠮ᠃ 2002 | ᠤᠨ ᠳᠤ ᠲᠡᠷᠡ 300 ᠭᠠᠷᠤᠢ ᠮᠦ ᠨᠤᠲᠤᠭ ᠪᠡᠯᠴᠢᠭᠡᠷ ᠢᠶᠠᠨ 2.2 ᠲᠦᠮᠡᠨ ᠲᠦᠬᠦᠷᠢᠭ ᠢᠶᠠᠷ ᠪᠤᠰᠤᠳ ᠲᠤ | ᠲᠦᠷᠢᠶᠡᠰᠦᠯᠡᠬᠦᠯᠵᠦ ᠦᠭᠬᠦᠭᠡᠳ ᠬᠦᠯᠦᠰᠦᠨ ᠠᠵᠢᠯ ᠬᠢᠬᠦ ᠪᠠᠷ ᠶᠠᠪᠤᠵᠠᠢ᠃ ᠬᠠᠷᠢᠨ 2012 ᠤᠨ ᠳᠤ ᠲᠡᠷᠡ | ᠨᠤᠲᠤᠭ ᠲᠠᠭᠠᠨ ᠪᠤᠴᠠᠵᠦ ᠲᠦᠷᠢᠶᠡᠰᠦᠯᠡᠬᠦᠯᠦᠭᠰᠡᠨ ᠨᠤᠲᠤᠭ ᠪᠡᠯᠴᠢᠭᠡᠷ ᠢᠶᠠᠨ ᠡᠬᠡᠬᠦᠯᠦᠨ ᠠᠪᠬᠤ ᠭᠡᠰᠡᠨ ᠴᠢᠨᠢ | ᠨᠦᠬᠦᠬᠡᠳᠡᠬᠢ ᠨᠢ ᠬᠠᠷᠢᠨ 100 ᠲᠦᠮᠡᠨ ᠲᠦᠬᠦᠷᠢᠭ ᠠᠪᠤᠨ᠎ᠠ ᠭᠡᠵᠦ ᠱᠠᠭᠠᠷᠲᠠᠭᠰᠠᠨ ᠪᠠᠶᠢᠨ᠎ᠠ᠃ ︽ᠪᠢ ᠦᠵᠡᠭᠰᠡᠨ | ᠴᠢᠨᠢ ᠨᠤᠲᠤᠭ ᠪᠡᠯᠴᠢᠭᠡᠷ ᠲᠤ ᠲᠡᠮᠡᠢ ᠯᠡ ᠪᠦᠲᠦᠭᠡᠨ ᠪᠠᠶᠢᠭᠤᠯᠤᠯᠲᠠ ᠬᠢᠭᠰᠡᠨ ᠦᠬᠡᠢ᠂ ᠶᠠᠭᠠᠬᠢᠭᠠᠳ 100 ᠲᠦᠮᠡᠨ | ᠲᠦᠬᠦᠷᠢᠭ ᠬᠦᠷᠴᠢᠭᠡᠭᠰᠡᠨ ᠪᠤᠢ︖ ᠲᠡᠭᠡᠭᠡᠳ ᠬᠦᠮᠦᠨ ᠠᠴᠠ ᠰᠤᠷᠠᠬᠯᠠᠵᠦ ᠪᠠᠶᠢᠭᠠᠳ ᠲᠡᠯᠭᠡᠷᠰᠠᠩ ᠭᠤᠸᠠᠢ ᠶᠢ | ᠡᠷᠢᠵᠦ ᠤᠴᠢᠷ ᠶᠠᠪᠤᠲᠠᠯ ᠢᠶᠠᠨ ᠶᠠᠷᠢᠬᠰᠠᠨ᠂ ᠲᠡᠷᠡ ᠬᠠᠮᠢᠶ᠎ᠠ ᠪᠦᠬᠦᠢ ᠬᠠᠦᠯᠢ ᠴᠠᠭᠠᠵᠠ ᠶᠢ ᠦᠨᠲᠦᠰᠦᠯᠡᠵᠦ ᠪᠠᠶᠢᠭᠠᠳ | 15.6 ᠲᠦᠮᠡᠨ ᠲᠦᠬᠦᠷᠢᠭ ᠢᠶᠠᠷ ᠡᠨᠡ ᠭᠡᠷᠡᠭ ᠢ ᠲᠠᠰᠤᠯᠤᠬᠰᠠᠨ᠃ ᠪᠢᠳᠡ ᠴᠢᠨᠢ ᠬᠦᠳᠡᠭᠡ ᠶᠢᠨ ᠬᠦᠮᠦᠨ᠂ ᠬᠠᠦᠯᠢ | ᠴᠠᠭᠠᠵᠠ ᠶᠢ ᠲᠡᠶᠢᠮᠤ ᠨᠠᠷᠢᠨ ᠲᠤᠳᠤᠷᠬᠠᠢ ᠤᠢᠢᠯᠠᠭᠠᠬᠤ ᠦᠬᠡᠢ᠃ ᠲᠡᠯᠭᠡᠷᠰᠠᠩ ᠭᠤᠸᠠᠢ ᠡᠶᠡᠳᠡᠬᠦᠯᠵᠦ | ᠰᠢᠢᠳᠪᠦᠷᠢᠯᠡᠵᠦ ᠦᠭᠬᠦᠭᠰᠡᠨ ᠦᠬᠡᠢ ᠪᠤᠯ ᠪᠢ 100 ᠲᠦᠮᠡᠨ ᠲᠦᠬᠦᠷᠢᠭ ᠤᠨ ᠦᠷᠢ ᠳᠤ ᠤᠨᠠᠨ᠎ᠠ ᠰᠢᠦ᠂ ᠪᠢ ᠡᠨᠡ | ᠶᠠᠪᠤᠲᠠᠯ ᠢ ᠪᠤᠲᠤᠬᠤ ᠪᠦᠷᠢ ᠲᠡᠬᠦᠨ ᠳᠤ ᠮᠠᠰᠢ ᠶᠡᠭᠡ ᠲᠠᠯᠠᠷᠬᠠᠲᠠᠭ︾ ᠭᠡᠵᠦ ᠮᠦᠡᠭᠭᠡᠴᠢᠯᠠᠭᠤ ᠲᠤᠬᠠᠢ ᠶᠢᠨ | ᠦᠶ᠎ᠡ ᠶᠢᠨ ᠪᠠᠶᠢᠲᠠᠯ ᠢᠶᠠᠨ ᠡᠷᠬᠢᠴᠡᠬᠦᠯᠵᠦ ᠪᠠᠶᠢᠯ᠎ᠠ᠃ | ︽ᠰᠦᠯᠳᠡ ᠰᠤᠮᠤᠨ ᠤ ᠡᠶᠡᠳᠡᠬᠦᠯᠬᠦ ᠠᠩᠬᠢ ᠪᠤᠯ ᠮᠠᠨ ᠤ ᠬᠤᠰᠢᠭᠤᠨ ᠤ ᠴᠤᠷ ᠤᠨ ᠭᠠᠭᠴᠠ ᠮᠤᠩᠭᠤᠯ ᠢᠶᠠᠷ | ᠦᠢᠯᠡᠴᠢᠯᠡᠳᠡᠭ ᠰᠤᠮᠤᠨ ᠤ ᠲᠡᠰ ᠤᠨ ᠡᠶᠡᠳᠡᠬᠦᠯᠬᠦ ᠠᠩᠬᠢ ᠪᠤᠯᠤᠨ᠎ᠠ᠂ ᠲᠡᠲᠡᠨᠠᠷ ᠮᠤᠩᠭᠤᠯ ᠬᠡᠯᠡ ᠪᠠᠷ ᠮᠠᠯᠴᠢᠳ ᠲᠤ | ᠦᠢᠯᠡᠴᠢᠯᠡᠳᠡᠭ ᠪᠤᠯᠬᠤᠷ ᠵᠦᠷᠢᠴᠡᠯ ᠵᠠᠭᠤᠷᠠᠭᠠᠨ ᠢ ᠰᠢᠢᠳᠪᠦᠷᠢᠯᠡᠬᠦ ᠳᠤ ᠨᠡᠩ ᠠᠰᠢᠬᠲᠠᠢ᠂ ᠨᠡᠩ ᠪᠦᠲᠦᠮᠵᠢᠳᠡᠢ | ᠪᠠᠶᠢᠲᠠᠭ ᠶᠤᠮ᠃ ᠪᠠᠶᠢᠭᠤᠯᠤᠬᠲᠠᠭᠠᠳ 2 ᠵᠢᠯ ᠰᠢᠬᠠᠮ ᠪᠤᠯᠵᠦ ᠪᠠᠶᠢᠭ᠎ᠠ ᠪᠤᠯᠪᠠᠴᠦ ᠲᠤᠰ ᠡᠶᠡᠳᠡᠬᠦᠯᠬᠦ ᠠᠩᠬᠢ ᠨᠢ | ᠮᠠᠰᠢ ᠤᠯᠠᠨ ᠵᠠᠭᠤᠷᠠᠭᠠᠨ ᠢ ᠰᠢᠢᠳᠪᠦᠷᠢᠯᠡᠵᠦ᠂ ᠮᠠᠯᠴᠢᠳ ᠤᠨ ᠬᠠᠦᠯᠢ ᠶᠤᠰᠤᠨ ᠤ ᠡᠷᠭᠡ ᠠᠰᠢᠬ ᠢ ᠪᠦᠲᠦᠮᠵᠢᠳᠡᠢ | ᠬᠠᠮᠠᠭᠠᠯᠠᠵᠠᠢ᠃ ᠨᠡᠩ ᠶᠡᠭᠡ ᠲᠠᠯ᠎ᠠ ᠠᠴᠠ ᠠᠪᠴᠦ ᠦᠵᠡᠪᠡᠯ᠂ ᠲᠤᠰ ᠡᠶᠡᠳᠡᠬᠦᠯᠬᠦ ᠠᠩᠬᠢ ᠨᠢ ᠲᠤᠬᠠᠢ ᠶᠢᠨ | ᠭᠠᠵᠠᠷ ᠤᠨ ᠠᠵᠤ ᠠᠬᠤᠢ ᠶᠢᠨ ᠬᠦᠭᠵᠢᠯᠳᠡ᠂ ᠨᠡᠶᠢᠭᠡᠮ ᠤᠨ ᠠᠮᠤᠷ ᠲᠤᠬᠳᠠᠭᠤᠨ ᠢ ᠪᠠᠳᠤᠯᠠᠬᠤ ᠳᠤ ᠢᠳᠡᠪᠬᠢᠳᠠᠢ | ᠦᠢᠯᠡᠳᠤᠯ ᠦᠵᠡᠬᠦᠯᠵᠤ ᠪᠠᠶᠢᠨ᠎ᠠ︾ ᠭᠡᠵᠦ ᠦᠦᠰᠢᠨ ᠬᠤᠰᠢᠭᠤᠨ ᠤ ᠬᠠᠦᠯᠢ ᠴᠠᠭᠠᠵᠠ ᠶᠢᠨ ᠲᠤᠪᠴᠢᠶᠠᠨ ᠤ ᠲᠡᠳ᠋ | ᠲᠠᠷᠤᠭ᠎ᠠ ᠤᠯᠠᠭᠠᠨᠴᠡᠴᠡᠭ ᠰᠤᠷᠪᠤᠯᠵᠢᠯᠠᠬᠴᠢ ᠳᠤ ᠶᠠᠷᠢᠨ᠎ᠠ᠃ | ᠢᠷᠭᠡᠳ ᠤᠨ ᠶᠠᠪᠤᠲᠠᠯ ᠳᠤ ᠶᠡᠭᠡ ᠪᠠᠭ᠎ᠠ ᠶᠢᠨ ᠢᠯᠭᠠᠭ᠎ᠠ ᠦᠬᠡᠢ ᠭᠡᠳᠡᠭ᠂ ᠡᠨᠡ ᠪᠤᠯ ᠮᠦᠨ ᠴᠦ ᠰᠦᠯᠳᠡ | ᠰᠤᠮᠤᠨ ᠤ ᠡᠶᠡᠳᠡᠬᠦᠯᠬᠦ ᠠᠩᠬᠢ ᠶᠢᠨ ᠮᠠᠯᠴᠢᠳ ᠤᠨ ᠬᠤᠭᠤᠷᠤᠨᠲᠦᠬᠢ ᠵᠦᠷᠢᠴᠡᠯ ᠵᠠᠭᠤᠷᠠᠯᠳᠤᠭᠠᠨ ᠢ ᠰᠢᠢᠳᠪᠦᠷᠢᠯᠡᠬᠦ | ᠶᠠᠪᠤᠴᠠ ᠲᠤᠮᠲᠠ ᠬᠤᠷᠠᠮᠲᠤᠭᠤᠯᠤᠬᠰᠠᠨ ᠲᠤᠷᠰᠢᠯᠭ᠎ᠠ ᠪᠤᠯᠤᠨ᠎ᠠ᠃ ᠮᠠᠯᠴᠢᠳ ᠤᠨ ᠢᠶᠠᠨ ᠬᠠᠦᠯᠢ ᠶᠤᠰᠤᠨ ᠤ ᠡᠷᠭᠡ | ᠠᠰᠢᠬ ᠢ ᠬᠠᠮᠠᠭᠠᠯᠠᠵᠦ᠂ ᠬᠤᠬᠢᠷᠠᠯ ᠢ ᠨᠢ ᠴᠢᠲᠠᠬᠤ ᠶᠢᠨ ᠲᠤᠲᠤᠷ᠎ᠠ ᠬᠠᠮᠤᠭ ᠤᠨ ᠲᠤᠤᠷ᠎ᠠ ᠬᠡᠮᠵᠢᠶᠡᠨ ᠳᠤ ᠬᠦᠷᠳᠡᠯ᠎ᠡ | ᠪᠠᠭᠤᠷᠠᠭᠤᠯᠬᠤ ᠪᠤᠯ ᠰᠦᠯᠳᠡ ᠰᠤᠮᠤᠨ ᠤ ᠡᠶᠡᠳᠡᠬᠦᠯᠬᠦ ᠠᠩᠬᠢ ᠶᠢᠨ ᠠᠵᠢᠯ ᠤᠨ ᠭᠤᠤᠯ ᠵᠤᠷᠢᠯᠭ᠎ᠠ ᠪᠤᠯᠤᠨ᠎ᠠ᠃ | ︽ᠮᠠᠯᠴᠢᠳ ᠤᠨ ᠵᠠᠭᠤᠷᠠᠭᠠᠨ ᠢ ᠰᠢᠢᠳᠪᠦᠷᠢᠯᠡᠬᠦ ᠬᠡᠪᠡᠯ ᠪᠢᠳᠡ ᠶᠡᠭᠡ ᠪᠠᠭ᠎ᠠ ᠭᠡᠵᠦ ᠢᠯᠭᠠᠲᠠᠭ ᠦᠬᠡᠢ᠂ ᠬᠤᠯᠠ | ᠤᠢᠢᠷ᠎ᠠ ᠭᠡᠵᠦ ᠪᠤᠲᠤᠲᠠᠭ ᠴᠦ ᠦᠬᠡᠢ᠂ ᠬᠡᠲᠦᠬᠦᠯᠡ ᠲᠠᠪᠬᠢᠭᠠᠳ ᠭᠠᠷᠤᠨ᠎ᠠ᠂ ᠮᠠᠯᠴᠢᠳ ᠤᠲᠠᠰᠦ ᠢᠷᠡᠭᠦᠯᠦᠭᠰᠡᠭᠡᠷ | ᠴᠠᠭ ᠲᠠᠷᠤᠢ ᠳᠤᠨᠢ ᠰᠢᠢᠳᠪᠦᠷᠢᠯᠡᠵᠤ ᠦᠭᠬᠦᠨ᠎ᠡ᠃ ᠮᠠᠨ ᠤ ᠡᠶᠡᠳᠡᠬᠦᠯᠬᠦ ᠠᠩᠬᠢ ᠪᠠᠶᠢᠭᠤᠯᠤᠬᠲᠠᠭᠠᠳ ᠬᠤᠶᠠᠷ ᠵᠢᠯ | ᠰᠢᠬᠠᠮ ᠪᠤᠯᠤᠯ᠎ᠠ᠂ ᠤᠲᠤ ᠪᠢᠳᠡ ᠲᠤᠤᠭᠠᠷᠪᠠᠯ ᠲᠠᠭᠤ ᠨᠢᠬᠡ ᠲᠠᠢ᠂ ᠲᠤᠭᠲᠤᠷᠪᠠᠯ ᠬᠦᠴᠦ ᠨᠢᠬᠡ ᠲᠠᠢ ᠰᠠᠶᠢᠬᠠᠨ | ᠪᠦᠯᠬᠦᠮᠳᠡᠨ ᠠᠵᠢᠯᠯᠠᠵᠦ ᠪᠠᠶᠢᠨ᠎ᠠ᠂ ᠬᠤᠵᠢᠮ ᠮᠦᠨ ᠮᠠᠯᠴᠢᠳ ᠲᠠᠭᠠᠨ ᠨᠡᠩ ᠰᠠᠶᠢᠨ ᠦᠢᠯᠡᠴᠢᠯᠡᠶ᠎ᠡ ᠯᠡ ᠭᠡᠵᠦ | ᠪᠤᠲᠤᠵᠦ ᠪᠠᠶᠢᠨ᠎ᠠ︾ ᠭᠡᠵᠦ ᠲᠡᠯᠭᠡᠷᠰᠡᠩ ᠶᠠᠷᠢᠨ᠎ᠠ᠃ | ᠰᠤᠷᠪᠤᠯᠵᠢᠯᠠᠭᠰᠠᠨ ᠤ ᠳᠠᠷᠠᠭ᠎ᠠ᠄ | ᠡᠨᠡ ᠵᠢᠯ ᠤᠨ ᠪᠦᠬᠦ ᠤᠯᠤᠰ ᠤᠨ ᠬᠤᠶᠠᠷ ᠬᠤᠷᠠᠯ ᠤᠨ ᠬᠤᠭᠤᠴᠠᠭᠠᠨ ᠳᠤ᠂ ᠶᠡᠷᠦᠩᠭᠡᠢ ᠱᠦᠵᠢ ᠰᠢ ᠶᠢᠨ ᠫᠢᠩ | ᠮᠠᠨ ᠤ ᠤᠷᠤᠨ ᠤ ᠲᠦᠯᠦᠬᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠳᠠᠭᠠᠨ᠄ ︽ᠠᠷᠠᠳ | ᠲᠦᠮᠡᠨ ᠢ ᠲᠡᠭᠡᠲᠦᠯᠡᠬᠦ ᠶᠢ ᠪᠠᠷᠢᠮᠲᠠᠯᠠᠨ᠂ ᠠᠷᠠᠳ ᠲᠦᠮᠡᠨ ᠳᠤ ᠲᠠᠰᠤᠷᠠᠯᠲᠠ ᠦᠬᠡᠢ ᠪᠤᠶᠠᠨ ᠦᠢᠯᠡᠳᠴᠦ᠂ ᠠᠷᠠᠳ | ᠲᠦᠮᠡᠨ ᠢᠶᠠᠷ ᠭᠤᠤᠯ ᠪᠤᠯᠭᠠᠬᠤ ᠬᠦᠭᠵᠢᠯᠳᠡ ᠶᠢᠨ ᠦᠵᠡᠯ ᠰᠠᠨᠠᠭ᠎ᠠ ᠶᠢ ᠡᠯ᠎ᠡ ᠲᠦᠷᠦᠯ ᠤᠨ ᠰᠢᠢᠳᠪᠦᠷᠢᠲᠦ | ᠪᠤᠲᠤᠯᠭ᠎ᠠ ᠶᠢᠨ ᠪᠠᠶᠢᠷᠢᠯᠠᠭᠤᠯᠤᠯᠲᠠ ᠪᠤᠯᠤᠨ ᠪᠤᠲᠠᠲᠠᠢ ᠠᠵᠢᠯ ᠳᠠᠭᠠᠨ ᠨᠠᠶᠢᠢᠲᠠᠪᠦᠷᠢᠵᠢᠭᠤᠯᠬᠤ ᠭᠡᠷᠡᠭᠳᠡᠢ︾ ᠭᠡᠵᠦ | ᠴᠢᠬᠤᠯᠠᠴᠢᠯᠠᠬᠰᠠᠨ ᠶᠤᠮ᠃ ᠰᠦᠯᠳᠡ ᠰᠤᠮᠤᠨ ᠤ ᠡᠶᠡᠳᠡᠬᠦᠯᠬᠦ ᠠᠩᠬᠢ ᠶᠢᠨ ᠬᠢᠨ ᠮᠠᠯᠴᠢᠨ ᠲᠦᠮᠡᠨ ᠤ ᠪᠠᠨ | ᠲᠦᠯᠦᠭᠡ ᠦᠨᠡᠨ ᠬᠦ ᠴᠢᠷᠮᠠᠶᠢᠨ ᠵᠢᠳᠬᠦᠭᠰᠡᠨ ᠠᠵᠢᠯ ᠤᠨ ᠤᠪᠤᠷ ᠨᠢ ᠠᠷᠠᠳ ᠲᠦᠮᠡᠨ ᠢ ᠲᠡᠭᠡᠲᠦᠯᠡᠬᠦ ᠦᠵᠡᠯ | ᠰᠠᠨᠠᠭ᠎ᠠ ᠶᠢᠨ ᠪᠤᠲᠠᠲᠠᠢ ᠲᠤᠰᠬᠠᠯ ᠪᠤᠯᠵᠤ᠂ ︽ᠠᠯᠲᠠᠨ ᠮᠧᠲᠠᠯᠲᠦ ᠡᠶᠡᠳᠡᠬᠦᠯᠬᠦ ᠠᠩᠬᠢ︾ ᠶᠢᠨ ᠰᠠᠶᠢᠬᠠᠨ ᠠᠯᠳᠠᠷ ᠢ | ᠬᠦᠷᠳᠡᠭᠰᠡᠨ ᠤ ᠠᠨᠢᠰᠤ ᠪᠠᠶᠢᠵᠤ ᠲᠠᠭᠠᠷᠠᠨ᠎ᠠ᠃ | |