ᠮᠠᠨ ᠤ ᠬᠤᠰᠢᠭᠤ ᠵᠢᠭᠤᠯᠴᠢᠯᠠᠯ ᠤᠨ ᠦᠢᠯᠡᠰ ᠤᠨ ᠬᠡᠯᠬᠢᠶᠡᠵᠢᠯ ᠢ ᠪᠦᠷᠢᠨᠰᠢᠬᠦᠯᠵᠦ ᠪᠤᠢ
ᠨᠡᠶᠢᠲᠡᠯᠡᠭᠰᠡᠨ ᠴᠠᠭ᠄
2020-07-23
     ᠮᠠᠨ ᠤ  ᠬᠤᠰᠢᠭᠤ ᠤᠷᠤᠨ ᠨᠤᠳᠤᠭ ᠤᠨ ᠵᠢᠭᠤᠯᠴᠢᠯᠠᠯ ᠤᠨ ᠦᠢᠯᠡᠰ ᠢ ᠬᠦᠭᠵᠢᠬᠦᠯᠬᠦ ᠶᠢᠨ ᠤᠯᠠᠮ ᠠᠴᠠ ᠮᠠᠯᠴᠢᠨ ᠲᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠵᠦ ᠵᠢᠭᠤᠯᠴᠢᠯᠠᠭᠰᠠᠳ ᠲᠤ ᠰᠢᠯᠢᠳᠡᠭ ᠴᠢᠨᠠᠷᠵᠢᠭ᠋ᠳ ᠤᠷᠤᠨ ᠨᠤᠳᠤᠭ ᠤᠨ ᠪᠦᠳᠦᠬᠡᠭᠳᠡᠬᠦᠨ ᠬᠠᠩᠭᠠᠬᠤ ᠶᠢᠨ ᠳᠣᠰᠠᠳᠠ ᠲᠤᠰᠬᠠᠶᠢᠯᠠᠨ ᠵᠢᠭᠤᠯᠴᠢᠯᠠᠯ ᠤᠨ ᠤᠨᠴᠠᠯᠢᠭᠳᠤ ᠪᠠᠷᠠᠭ᠎ᠠ ᠬᠤᠳᠠᠯᠳᠤᠨ ᠠᠪᠬᠤ ᠲᠤᠰᠬᠠᠢ ᠲᠡᠯᠬᠡᠬᠦᠷ ᠢ ᠦᠨᠡᠯᠠᠨ ᠲᠤᠭᠳᠠᠭᠠᠵᠤ ᠵᠢᠭᠤᠯᠴᠢᠯᠠᠭᠰᠠᠳ ᠲᠤ ᠪᠦᠬᠦ ᠲᠠᠯ᠎ᠠ ᠶᠢᠨ ᠦᠢᠯᠡᠴᠢᠯᠡᠭᠡ ᠪᠠᠳᠤᠯᠠᠭ᠎ᠠ ᠶᠢ ᠬᠦᠷᠳᠡᠬᠡᠬᠦ ᠶᠢᠨ ᠬᠠᠮᠳᠤ ᠵᠢᠭᠤᠯᠴᠢᠯᠠᠯ ᠤᠨ ᠦᠢᠯᠡᠰ ᠤᠨ ᠬᠡᠯᠬᠢᠶᠡᠵᠢᠯ ᠢ ᠪᠦᠷᠢᠨᠰᠢᠬᠦᠯᠵᠦ ᠪᠤᠢ᠃
     ᠬᠤᠰᠢᠭᠤ ᠰᠤᠶᠤᠯ ᠤᠨ ᠪᠦᠳᠦᠬᠡᠯᠳᠡ ᠠᠵᠤ ᠦᠢᠯᠡᠰ ᠤᠨ ᠬᠦᠷᠢᠶᠠᠯᠠᠩ ᠤᠨ ᠦᠨᠳᠦᠰᠦᠳᠡᠨ ᠤ ᠤᠨᠴᠠ ᠭᠠᠷᠤᠯᠳᠠ ᠶᠢᠨ ᠲᠤᠭᠤᠷᠢᠭ ᠲᠤ ᠤᠷᠴᠢᠮ ᠠᠴᠠ ᠭᠠᠳᠠᠨ᠎ᠠ ᠭᠠᠵᠠᠷ ᠤᠨ ᠵᠢᠭᠤᠯᠴᠢᠯᠠᠭᠴᠢ ᠤᠯᠠᠨ ᠢᠷᠡᠳᠡᠭ ᠪᠤᠯᠵᠠᠢ᠃      ᠲᠡᠯᠬᠡᠬᠦᠷ ᠤᠨ ᠡᠵᠡᠨ ᠵᠢᠭᠠᠰᠤ᠄ ︽ᠭᠠᠳᠠᠨ᠎ᠠ ᠠᠴᠠ ᠢᠷᠡᠭᠰᠡᠨ ᠵᠢᠭᠤᠯᠴᠢᠯᠠᠭᠰᠠᠳ ᠠᠷᠪᠢᠨ ᠪᠤᠯᠵᠠᠢ᠂ ᠪᠢᠳᠠᠨ  ᠤ ᠠᠰᠢᠭ ᠤᠷᠤᠯᠭ᠎ᠠ ᠴᠤ ᠨᠡᠮᠡᠭᠳᠡᠵᠤ ᠪᠠᠶᠢᠨ᠎ᠠ᠂ ᠡᠬᠦᠨ ᠠᠴᠠ ᠬᠤᠶᠢᠰᠢ ᠪᠠᠷᠠᠭᠠᠨ ᠤ ᠪᠠᠨ ᠴᠢᠨᠠᠷ ᠴᠢᠨᠰᠠᠭ᠎ᠠ ᠶᠢ ᠤᠯᠠᠮ ᠰᠠᠶᠢᠵᠢᠷᠠᠭᠤᠯᠵᠤ ᠲᠦᠷᠦᠯ ᠵᠦᠢᠯ ᠢ ᠤᠯᠠᠮ ᠠᠷᠪᠢᠳᠬᠠᠬᠤ ᠪᠠᠷ ᠴᠢᠷᠮᠠᠶᠢᠵᠤ ᠪᠠᠶᠢᠨ᠎ᠠ︾ ᠬᠡᠪᠡ᠃      ᠵᠤᠴᠢᠨ ᠠᠷᠪᠢᠳᠤᠭᠰᠠᠨ ᠮᠦᠷᠳᠡᠭᠡᠨ ᠲᠡᠯᠬᠡᠬᠦᠷ ᠡᠵᠡᠩᠨᠡᠭᠴᠢ ᠶᠢᠨ ᠢᠳᠡᠬᠡᠯ ᠨᠡᠮᠡᠭᠳᠡᠭᠰᠡᠨ ᠨᠢ ᠤᠨᠴᠠ ᠭᠠᠷᠤᠯᠳᠠ ᠶᠢᠨ ᠲᠤᠭᠤᠷᠢᠭ ᠢ ︽ᠵᠢᠭᠤᠯᠴᠢᠯᠠᠯ ᠤᠨ ᠤᠨᠴᠠᠯᠢᠭᠳᠤ ᠪᠠᠷᠠᠭ᠎ᠠ ᠬᠤᠳᠠᠯᠳᠤᠨ ᠠᠪᠬᠤ ᠲᠡᠯᠬᠡᠬᠦᠷ︾ ᠢᠶᠠᠷ ᠲᠤᠭᠳᠠᠭᠠᠭᠰᠠᠨ ᠲᠠᠢ ᠰᠢᠭᠤᠳ ᠬᠤᠯᠪᠤᠭ᠎ᠠ ᠲᠠᠢ ᠬᠡᠵᠦ ᠲᠡᠯᠬᠡᠬᠦᠷ ᠤᠨ ᠡᠵᠡᠨ ᠪᠠᠶᠠᠷᠯᠠᠨ ᠶᠠᠷᠢᠵᠤ ᠪᠠᠶᠢᠯ᠎ᠠ᠃
     ᠢᠷᠭᠠᠢ ᠬᠤᠳᠠ ᠶᠢᠨ ᠵᠢᠭᠤᠯᠴᠢᠯᠠᠭᠴᠢ ᠵᠧᠩ ᠫᠢᠩ᠄ ︽ᠲᠤᠰᠬᠠᠶᠢᠯᠠᠨ ᠠᠳᠡ ᠢᠷᠡᠵᠦ ᠲᠤᠰ ᠨᠤᠷᠤᠨ ᠨᠤᠳᠤᠭ ᠤᠨ ᠤᠨᠴᠠ ᠭᠠᠷᠤᠯᠳᠠ ᠶᠢ ᠬᠤᠳᠠᠯᠳᠤᠨ ᠠᠪᠤᠯ᠎ᠠ᠃ ᠮᠠᠨ ᠤ ᠬᠡᠷ ᠤᠨ ᠬᠢᠨ ᠪᠦᠷ ᠢᠳᠡᠬᠦ ᠲᠤᠷᠠᠳᠠᠢ᠂ ᠲᠦᠷᠦᠯ ᠵᠦᠢᠯ ᠴᠤ ᠠᠷᠪᠢᠨ᠂ ᠶᠡᠭᠡ ᠰᠠᠶᠢᠨ ᠪᠠᠶᠢᠨ᠎ᠠ︾ ᠭᠡᠵᠦ ᠪᠠᠶᠢᠪᠠ᠃      ︽ᠠᠳᠡ end︾ ᠬᠠᠮᠳᠤᠷᠠᠯᠴᠠᠭᠠᠨ ᠤ ᠨᠡᠶᠢᠬᠡᠮᠯᠢᠭ ᠤᠨ ᠬᠢᠨ ᠮᠠᠯᠴᠢᠨ ᠲᠠᠷᠢᠶᠠᠴᠢᠨ ᠳᠤ ᠦᠨ᠎ᠡ ᠲᠦᠯᠦᠪᠤᠷᠢ ᠦᠬᠡᠢ ᠦᠢᠯᠡᠴᠢᠯᠡᠬᠦ ᠬᠤᠳᠠᠯᠳᠤᠭᠠᠨ ᠤ ᠲᠠᠪᠴᠠᠩ ᠪᠠ ᠪᠠᠶᠢᠭᠠᠯᠢᠯᠢᠭ ᠢᠳᠡᠬᠡᠨ ᠤ ᠬᠠᠩᠭᠠᠯᠭ᠎ᠠ ᠶᠢᠨ ᠰᠢᠰᠲ᠋ᠧᠮ ᠢ ᠪᠦᠷᠢᠯᠳᠦᠬᠦᠯᠵᠦ ᠦᠨᠳᠦᠰᠦᠳᠡᠨ ᠤ ᠤᠨᠴᠠ ᠭᠠᠷᠤᠯᠳᠠ ᠶᠢᠨ ᠲᠤᠭᠤᠷᠢᠭ ᠲᠤ ᠦᠪᠡᠷ ᠤᠨ ᠡᠵᠡᠩᠨᠡᠯᠳᠡ  ᠪᠠᠨ ᠶᠠᠪᠤᠭᠳᠠᠭᠤᠯᠵᠤ ᠪᠠᠶᠢᠳᠠᠭ᠃ ᠡᠨᠡ ᠤᠳᠠᠭ᠎ᠠ ᠦᠨᠳᠦᠰᠦᠳᠡᠨ ᠤ ᠤᠨᠴᠠ ᠭᠠᠷᠤᠯᠳᠠ ᠶᠢᠨ ᠲᠤᠭᠤᠷᠢᠭ ᠢ ᠵᠢᠭᠤᠯᠴᠢᠯᠠᠯ ᠤᠨ ᠤᠨᠴᠠᠯᠢᠭᠳᠤ ᠪᠠᠷᠠᠭ᠎ᠠ ᠬᠤᠳᠠᠯᠳᠤᠨ ᠠᠪᠬᠤ ᠲᠡᠯᠬᠡᠬᠦᠷ ᠢᠶᠠᠷ ᠲᠤᠭᠳᠠᠭᠠᠭᠰᠠᠨ ᠨᠢ ᠲᠤᠰ ᠨᠡᠶᠢᠬᠡᠮᠯᠢᠭ ᠤᠨ ᠬᠤᠶᠢᠰᠢᠳᠠ ᠶᠢᠨ ᠬᠦᠭᠵᠢᠯᠳᠡ ᠳᠤ ᠦᠷᠬᠡᠨ ᠳᠡᠯᠬᠡᠷ ᠤᠷᠤᠨ ᠵᠠᠢ ᠶᠢ ᠤᠯᠭᠤᠵᠠᠢ᠃       ᠠᠳᠡ ᠬᠠᠮᠳᠤᠷᠠᠯᠴᠠᠭᠠᠨ ᠤ ᠨᠡᠶᠢᠬᠡᠮᠯᠢᠭ ᠤᠨ ᠬᠠᠥᠯᠢ ᠶᠢᠨ ᠵᠦᠪᠯᠡᠭᠴᠢ ᠠᠯᠳᠠᠠᠪᠦ᠋ᠷᠬᠦᠳ᠄ ︽ᠮᠠᠯᠴᠢᠨ ᠲᠠᠷᠢᠶᠠᠴᠢᠨ ᠤ ᠪᠦᠳᠦᠬᠡᠭᠳᠡᠬᠦᠨ ᠢ ᠠᠳᠡ ᠬᠤᠷᠠᠮᠳᠤᠭᠤᠯᠤᠭᠠᠳ ᠵᠠᠬ᠎ᠠ ᠲᠡᠯᠬᠡᠬᠦᠷ ᠲᠤ ᠶᠠᠪᠤᠭᠤᠯᠵᠤ ᠵᠢᠭᠤᠯᠴᠢᠯᠠᠭᠰᠠᠳ ᠢᠷᠡᠬᠡᠳ ᠠᠳᠡᠬᠢ ᠶᠢᠨ ᠮᠠᠯ ᠤᠨ ᠠᠰᠢᠭ ᠰᠢᠮ᠎ᠡ ᠶᠢᠨ ᠪᠦᠳᠦᠬᠡᠭᠳᠡᠬᠦᠨ ᠢ ᠤᠶᠢᠯᠠᠭᠠᠵᠤ ᠮᠡᠳᠡᠳᠡᠭ ᠡᠶᠢᠮᠦ ᠨᠢᠭᠡ ᠲᠠᠪᠴᠠᠩ ᠪᠤᠯᠭᠠᠬᠤ ᠪᠠᠷ ᠠᠵᠢᠯᠯᠠᠭᠠᠳ ᠲᠠᠪᠴᠠᠩ ᠶᠡᠭᠡ ᠲᠦᠯᠦᠪ ᠪᠠᠶᠢᠭᠤᠯᠤᠭᠳᠠᠭᠠᠳ ᠪᠤᠯᠪᠠᠰᠤᠷᠠᠩᠭᠤᠢ ᠪᠤᠯᠵᠤ ᠪᠠᠶᠢᠨ᠎ᠠ︾ ᠭᠡᠪᠡ᠃
      ᠭᠠᠵᠠᠷ ᠤᠷᠤᠨ ᠤ ᠤᠨᠴᠠᠯᠢᠭᠳᠤ ᠪᠦᠳᠦᠬᠡᠭᠳᠡᠬᠦᠨ ᠢ ᠵᠠᠬ᠎ᠠ ᠲᠡᠯᠬᠡᠬᠦᠷᠴᠢᠯᠠᠵᠦ ᠤᠷᠤᠨ ᠨᠤᠳᠤᠭ ᠤᠨ ᠤᠨᠴᠠᠯᠢᠭᠳᠤ ᠪᠦᠳᠦᠬᠡᠭᠳᠡᠬᠦᠨ ᠢ ᠨᠡᠩ ᠤᠯᠠᠨ ᠵᠢᠭᠤᠯᠴᠢᠯᠠᠭᠰᠠᠳ ᠲᠤ ᠲᠠᠨᠢᠭᠤᠯᠬᠤ ᠮᠦᠷᠳᠡᠬᠡᠨ ᠵᠢᠭᠤᠯᠴᠢᠯᠠᠯ ᠤᠨ ᠦᠢᠯᠡᠰ ᠤᠨ ᠬᠠᠩᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠬᠡᠷᠡᠴᠢᠯᠡᠯᠳᠡ ᠶᠢ ᠠᠬᠢᠭᠤᠯᠵᠤ ᠪᠦᠳᠦᠬᠡᠭᠳᠡᠬᠦᠨ ᠤ ᠪᠠᠨ ᠴᠢᠨᠠᠷ ᠴᠢᠨᠰᠠᠭ᠎ᠠ ᠶᠢ ᠪᠠᠳᠤᠯᠠᠬᠤ ᠪᠠᠷ ᠬᠤᠰᠢᠭᠤ ᠵᠢᠭᠤᠯᠴᠢᠯᠠᠯ ᠤᠨ ᠦᠢᠯᠡᠰ ᠤᠨ ᠦᠢᠯᠡᠴᠢᠯᠡᠬᠡᠨ ᠤ ᠲᠦᠪ ᠤᠨ ᠬᠢᠨ ᠦᠨᠳᠦᠰᠦᠳᠡᠨ ᠤ ᠤᠨᠴᠠᠯᠢᠭᠳᠤ ᠪᠠᠷᠠᠭ᠎ᠠ ᠪᠦᠳᠦᠬᠡᠭᠳᠡᠬᠦᠨ ᠡᠵᠡᠩᠨᠡᠨ ᠪᠤᠷᠤᠯᠠᠭᠤᠯᠵᠤ ᠪᠠᠶᠢᠭ᠎ᠠ ᠲᠡᠯᠬᠡᠬᠦᠷ ᠤᠳ ᠤᠨ ᠲᠤᠳᠤᠷ᠎ᠠ ᠠᠴᠠ ᠲᠡᠯᠬᠡᠬᠦᠷ ᠤᠨ ᠡᠵᠡᠨ ᠭᠤᠶᠤᠪᠴᠢᠯᠠᠬᠤ᠂ ᠰᠠᠭᠤᠭᠠᠯᠢ ᠠᠷᠠᠳ ᠲᠠᠨᠢᠯᠴᠠᠭᠤᠯᠬᠤ᠂ ᠪᠤᠳᠠᠳᠠᠢ ᠭᠠᠵᠠᠷ ᠲᠤᠨᠢ ᠪᠠᠶᠢᠴᠠᠭᠠᠯᠳᠠ ᠬᠢᠬᠦ᠂ ᠠᠷᠠᠯᠵᠢᠶ᠎ᠠ ᠬᠤᠳᠠᠯᠳᠤᠭᠠᠨ ᠤ ᠪᠠᠶᠢᠭᠤᠯᠭ᠎ᠠ  ᠠᠴᠠ ᠪᠠᠶᠢᠴᠠᠭᠠᠨ ᠰᠤᠳᠤᠯᠬᠤ ᠵᠡᠷᠬᠡ ᠠᠯᠬᠤᠮ ᠲᠠᠷᠠᠭᠠᠯᠠᠯ ᠢᠶᠠᠷ ᠲᠠᠮᠵᠢᠵᠤ ᠬᠤᠰᠢᠭᠤᠨ ᠤ ᠲᠦᠪ ᠲᠠᠬᠢ ᠬᠤᠶᠠᠷ ᠲᠡᠯᠬᠡᠬᠦᠷ ᠢ ︽ ᠵᠢᠭᠤᠯᠴᠢᠯᠠᠯ ᠤᠨ ᠤᠨᠴᠠᠯᠢᠭᠳᠤ ᠪᠠᠷᠠᠭ᠎ᠠ ᠬᠤᠳᠠᠯᠳᠤᠨ ᠠᠪᠬᠤ ᠲᠡᠯᠬᠡᠬᠦᠷ︾ ᠢᠶᠠᠷ ᠲᠤᠭᠳᠠᠭᠠᠵᠤ ᠲᠤᠰᠬᠠᠢ ᠫᠠᠶᠢᠰᠠ ᠤᠯᠭᠤᠵᠠᠢ᠃       ᠬᠤᠰᠢᠭᠤ ᠵᠢᠭᠤᠯᠴᠢᠯᠠᠯ ᠤᠨ ᠦᠢᠯᠡᠰ ᠤᠨ ᠦᠢᠯᠡᠴᠢᠯᠡᠬᠡᠨ ᠤ ᠲᠦᠪ ᠤᠨ ᠠᠵᠢᠯᠳᠠᠨ ᠰᠠᠴᠤᠷᠠᠬᠤ᠄ ︽ᠡᠨᠡ ᠤᠳᠠᠭ᠎ᠠ ᠭᠤᠤᠯᠳᠠᠭᠤ ᠴᠠᠭᠠᠨ ᠢᠳᠡᠬᠡᠨ ᠤ ᠲᠡᠯᠬᠡᠬᠦᠷ᠂ ᠤᠯᠠᠭᠠᠨ ᠢᠳᠡᠭᠡᠨ ᠤ ᠲᠡᠯᠬᠡᠬᠦᠷ ᠢ ᠨᠡᠷᠡᠶᠢᠳᠦᠭᠰᠡᠨ ᠪᠠᠶᠢᠨ᠎ᠠ᠃ ᠲᠠᠷᠠᠭ᠎ᠠ ᠠᠯᠬᠤᠮ ᠳᠤ ᠮᠠᠨ ᠤ ᠦᠥᠰᠢᠨ ᠤ ᠤᠨᠴᠠᠯᠢᠭᠳᠤ ᠰᠠᠶᠢᠯᠦᠮᠠᠯ᠂ ᠮᠤᠷᠢᠨ ᠬᠤᠭᠤᠷ ᠤᠨ ᠲᠡᠯᠬᠡᠬᠦᠷ ᠵᠡᠷᠭᠡ ᠶᠢ ᠨᠡᠷᠡᠶᠢᠳᠬᠦ ᠪᠠᠷ ᠪᠡᠯᠡᠳᠬᠡᠵᠦ ᠪᠠᠶᠢᠨ᠎ᠠ︾ ᠭᠡᠪᠡ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号