ᠤᠢᠢᠷ᠎ᠡ ᠶᠢᠨ ᠡᠳᠤᠷ᠂ ᠥᠥᠰᠢᠨ ᠬᠤᠰᠢᠭᠤ ︽ᠲᠡᠷᠬᠡ ᠨᠢ ᠶᠠᠪᠠᠭᠠᠨ ᠬᠥᠮᠤᠨ ᠳᠤ ᠵᠠᠮ ᠲᠠᠯᠪᠢᠵᠥ᠂ ᠶᠠᠪᠠᠭᠠᠨ | ᠬᠥᠮᠤᠨ ᠬᠤᠷᠳᠤᠨ ᠵᠠᠮ ᠭᠡᠳᠤᠯᠬᠦ︾ ᠪᠤᠯᠪᠠᠰᠤᠨ ᠵᠠᠮ ᠬᠠᠷᠢᠯᠴᠠᠭ᠎ᠠ ᠶᠢ ᠬᠠᠮᠳᠤ ᠪᠠᠷ ᠪᠥᠳᠥᠬᠡᠬᠦ ᠤᠬᠠᠭᠤᠯᠭ᠎ᠠ ᠶᠢᠨ | ᠠᠵᠢᠯᠯᠠᠭ᠎ᠠ ᠶᠢ ᠶᠠᠪᠤᠭᠳᠠᠭᠤᠯᠪᠠ᠃ | ᠠᠵᠢᠯᠯᠠᠭᠠᠨ ᠤ ᠲᠤᠮᠳᠠ᠂ ᠵᠠᠮ ᠬᠠᠷᠢᠯᠴᠠᠭᠠᠨ ᠤ ᠴᠠᠭᠳᠠᠭ᠎ᠠ᠂ ᠵᠠᠮ ᠬᠠᠷᠢᠯᠴᠠᠭᠠᠨ ᠤ ᠢᠳᠬᠠᠨ ᠰᠠᠨᠠᠭᠤᠯᠤᠭᠴᠢ | ᠪᠠ ᠵᠠᠯᠠᠭᠤ ᠰᠠᠶᠢᠨ ᠲᠤᠷᠠᠴᠤᠤᠯ ᠠᠴᠠ ᠥᠥᠰᠢᠨ ᠬᠤᠰᠢᠭᠤᠨ ᠤ ᠡᠯ᠎ᠡ ᠭᠤᠤᠯ ᠵᠠᠮ ᠬᠠᠷᠢᠯᠴᠠᠭᠠᠨ ᠤ ᠵᠠᠮ ᠤᠨ | ᠠᠭᠤᠯᠵᠠᠷ ᠲᠤ ᠨᠠᠭᠠᠰᠢ ᠴᠠᠭᠠᠰᠢ ᠶᠠᠪᠤᠬᠤ ᠲᠡᠷᠬᠡ ᠮᠠᠰᠢᠨ ᠵᠢᠴᠢ ᠤᠯᠠᠨ ᠲᠥᠮᠡᠨ ᠳᠤ ᠪᠤᠯᠪᠠᠰᠤᠨ ᠵᠠᠮ | ᠬᠠᠷᠢᠯᠴᠠᠭᠠᠨ ᠤ ᠤᠢᠢᠯᠡ ᠠᠵᠢᠯᠯᠠᠭ᠎ᠠ ᠶᠢᠨ ᠰᠠᠨᠠᠭᠠᠴᠢᠯᠠᠭ᠎ᠠ ᠶᠢᠨ ᠪᠢᠴᠢᠭ ᠵᠡᠷᠬᠡ ᠤᠬᠠᠭᠤᠯᠭ᠎ᠠ ᠶᠢᠨ ᠮᠠᠲ᠋ᠧᠷᠢᠶᠠᠯ ᠢ | ᠲᠠᠷᠬᠠᠭᠠᠵᠥ ᠠᠶᠤᠯ ᠥᠬᠡᠢ᠂ ᠪᠤᠯᠪᠠᠰᠤᠨ ᠢᠶᠠᠷ ᠠᠶᠠᠯᠠᠬᠤ ᠶᠢ ᠰᠠᠨᠠᠭᠠᠴᠢᠯᠠᠵᠠᠢ᠃ | ᠡᠬᠦᠨ ᠤ ᠬᠠᠮᠳᠤ᠂ ᠡᠯ᠎ᠡ ᠲᠥᠷᠥᠯ ᠤᠨ ᠲᠡᠷᠬᠡ ᠮᠠᠰᠢᠨ ᠶᠠᠪᠠᠭᠠᠨ ᠬᠥᠮᠤᠨ ᠳᠤ ᠵᠠᠮ ᠲᠠᠯᠪᠢᠬᠤ ᠥᠬᠡᠢ᠂ ᠠᠮᠤᠷ | ᠲᠥᠪᠰᠢᠨ ᠤ ᠮᠠᠯᠠᠭᠠᠢ ᠵᠡᠬᠦᠬᠦ ᠥᠬᠡᠢ᠂ ᠲᠤᠷ ᠠ ᠪᠠᠷ ᠵᠠᠮ ᠬᠡᠳᠤᠯᠬᠦ ᠵᠡᠷᠬᠡ ᠵᠠᠮ ᠬᠠᠷᠢᠯᠴᠠᠭᠠᠨ ᠤ ᠲᠥᠷᠢᠮ | ᠲᠤᠭᠳᠠᠭᠠᠯ ᠢ ᠵᠥᠷᠢᠴᠡᠭᠰᠡᠨ ᠠᠵᠢᠯᠯᠠᠭ᠎ᠠ ᠶᠢ ᠲᠥᠪᠯᠡᠷᠡᠬᠦᠯᠤᠨ ᠴᠡᠭᠴᠡᠯᠡᠬᠦ ᠪᠠ ᠢᠳᠬᠠᠨ ᠤᠬᠠᠭᠤᠯᠵᠥ᠂ ᠠᠷᠠᠳ | ᠤᠯᠠᠨ ᠤ ᠢᠳᠡᠪᠬᠢᠳᠠᠢ ᠪᠠᠷ ᠬᠥᠳᠡᠯᠤᠯᠴᠡᠨ᠂ ᠪᠤᠯᠪᠠᠰᠤᠨ ᠥᠥᠰᠢᠨ ᠤ ᠬᠥᠮᠤᠨ ᠪᠤᠯᠵᠥ᠂ ᠪᠤᠯᠪᠠᠰᠤᠨ ᠢᠶᠠᠷ ᠵᠠᠮ | ᠲᠠᠯᠪᠢᠬᠤ ᠠᠭᠤᠷ ᠠᠮᠢᠰᠬᠤᠯ ᠢ ᠥᠳᠬᠡᠷᠡᠬᠦᠯᠬᠦ ᠶᠢ ᠰᠠᠨᠠᠭᠠᠴᠢᠯᠠᠵᠠᠢ᠃ |