ᠦᠤᠰᠢᠨ ᠬᠤᠰᠢᠭᠤ 5.1 ᠳ᠋ᠦᠡᠭᠰᠢᠭᠤᠷ ᠳᠦᠬᠦᠷᠢᠭ ᠤᠨ ᠵᠢᠭᠡᠯᠡᠯᠭᠡ ᠳᠠᠯᠪᠢᠵᠤ ᠠᠵᠤ ᠠᠬᠤᠢᠢᠯᠠᠯ ᠪᠠ  ᠮᠠᠯᠴᠢᠨ ᠳᠠᠷᠢᠶᠠᠴᠢᠳ ᠤᠨ ᠬᠦᠴᠢᠷᠳᠡᠯ ᠢ ᠰᠢᠢᠳᠪᠤᠷᠢᠯᠡᠪᠠ
ᠨᠡᠶᠢᠲᠡᠯᠡᠭᠰᠡᠨ ᠴᠠᠭ᠄
2020-08-10
   ᠳᠤᠮᠳᠠᠳᠤ ᠤᠯᠤᠰ ᠤᠨ ᠳᠠᠷᠢᠶᠠᠯᠠᠩ ᠤᠨ ᠪᠠᠩᠬᠢ ᠶᠢᠨ ᠦᠤᠰᠢᠨ ᠬᠤᠰᠢᠭᠤᠨ ᠳᠠᠬᠢ ᠰᠠᠯᠪᠤᠷᠢ ᠪᠠᠩᠬᠢ ᠤᠯᠤᠰ ᠤᠨ ᠳᠠᠷᠢᠶᠠᠯᠠᠩ ᠤᠨ ᠪᠠᠩᠬᠢ ᠪᠤᠯᠤᠬᠰᠠᠨ ᠤ ᠬᠤᠪᠢ ᠳᠤ᠂ ᠡᠬᠦᠷᠭᠡ ᠬᠠᠷᠢᠭᠤᠴᠠᠯᠭ᠎ᠠ ᠪᠠᠨ ᠦᠨᠡᠨᠴᠢ ᠪᠠᠷ ᠬᠦᠢᠴᠡᠳᠭᠡᠨ᠂ ᠬᠠᠷᠢᠶ᠎ᠠ ᠳᠤᠭᠤᠷᠢᠭ ᠤᠨ ᠠᠵᠤ ᠤᠢᠢᠯᠡᠳᠪᠤᠷᠢ᠂ ᠮᠠᠯ ᠳᠠᠷᠢᠶᠠᠯᠠᠩ ᠤᠨ ᠠᠵᠤ ᠠᠬᠤᠢᠢᠯᠠᠯ ᠪᠠ ᠮᠠᠯᠴᠢᠨ ᠳᠠᠷᠢᠶᠠᠴᠢᠳ ᠲᠤ 5.1 ᠳ᠋ᠦᠡᠭᠰᠢᠭᠤᠷ ᠳᠦᠬᠦᠷᠢᠭ ᠤᠨ ᠳᠤᠤᠷ᠎ᠠ ᠬᠦᠦ ᠲᠠᠢ ᠵᠢᠭᠡᠯᠡᠯᠭᠡ ᠳᠠᠯᠪᠢᠵᠤ᠂ ᠳᠡᠳᠡᠨ ᠤ ᠬᠦᠴᠢᠷᠳᠡᠯ ᠢ ᠰᠢᠢᠳᠪᠤᠷᠢᠯᠡᠵᠤ ᠪᠠᠶᠢᠨ᠎ᠠ᠃      ᠮᠠᠯᠴᠢᠨ ᠪᠠᠶᠠᠨᠴᠤᠬᠳᠤ ᠶᠢᠨ ᠪᠠᠶᠢᠭᠤᠯᠤᠬᠰᠠᠨ ︽ᠮᠤᠩᠭᠤᠯ ᠬᠤᠨᠢ︾ ᠠᠬᠤᠷ ᠨᠤᠤᠰᠤ ᠬᠤᠷᠢᠶᠠᠨ ᠪᠤᠷᠤᠯᠠᠭᠤᠯᠬᠤ ᠠᠷᠠᠯᠵᠢᠶᠠᠨ ᠤ ᠺᠤᠮᠫᠠᠨᠢ ᠤᠳᠤᠬᠠᠨ ᠪᠤᠯᠳᠠᠯ᠎ᠠ ᠮᠠᠯᠴᠢᠳ ᠠᠴᠠ 200 ᠭᠠᠷᠤᠢ ᠳᠤᠨ ᠠᠬᠤᠷ ᠬᠤᠷᠢᠶᠠᠨ ᠠᠪᠴᠠᠢ᠂ ᠭᠡᠳᠡᠯ᠎ᠠ ᠡᠨᠡ ᠵᠢᠯ ᠬᠢᠵᠢᠭ ᠤᠨ ᠪᠠᠶᠢᠳᠠᠯ ᠤᠨ ᠨᠦᠯᠦᠭᠡ ᠠᠴᠠ ᠪᠤᠯᠵᠤ ᠬᠤᠷᠢᠶᠠᠬᠰᠠᠨ ᠠᠬᠤᠷ ᠢᠶᠠᠨ ᠪᠤᠷᠤᠯᠠᠭᠤᠯᠵᠤ ᠳᠡᠶᠢᠯᠬᠦ ᠦᠭᠡᠢ ᠭᠠᠴᠢᠬᠳᠠᠵᠤ ᠪᠠᠶᠢᠪᠠ᠃ ᠡᠨᠡ ᠬᠦ ᠪᠠᠶᠢᠳᠠᠯ ᠢ ᠤᠯᠵᠤ ᠮᠡᠳᠡᠭᠰᠡᠨ ᠦᠤᠰᠢᠨ ᠬᠤᠰᠢᠭᠤᠨ ᠤ ᠳᠠᠷᠢᠶᠠᠯᠠᠩ ᠤᠨ ᠰᠠᠯᠪᠤᠷᠢ ᠪᠠᠩᠬᠢ ᠨᠢ ᠳᠡᠬᠦᠨ ᠳᠤ 300 ᠳᠦᠮᠡᠨ ᠳᠦᠬᠦᠷᠢᠭ ᠤᠨ ᠵᠢᠭᠡᠯᠡᠯᠭᠡ ᠬᠦᠷᠭᠡᠨ ᠢᠷᠡᠵᠤ᠂ ᠨᠢᠳᠤᠨ ᠡᠮᠤᠨᠡᠬᠢ ᠬᠦᠴᠢᠷᠳᠡᠯ ᠢ ᠨᠢ ᠰᠢᠢᠳᠪᠤᠷᠢᠯᠡᠨ ᠦᠭᠬᠦᠭᠰᠡᠨ ᠪᠠᠶᠢᠨ᠎ᠠ᠃    ᠡᠨᠡ ᠵᠢᠯ ᠬᠢᠵᠢᠭ ᠤᠨ ᠪᠠᠶᠢᠳᠠᠯ ᠤᠨ ᠨᠦᠯᠦᠭᠡᠯᠡᠯ ᠠᠴᠠ ᠪᠤᠯᠵᠤ᠂ ᠤᠷᠳᠤᠰ ᠤᠨ ᠨᠠᠷᠢᠨ ᠨᠤᠤᠰᠤᠳᠤ ᠬᠤᠨᠢᠨ ᠤ ᠠᠬᠤᠷ ᠨᠤᠤᠰᠤᠨ ᠤ ᠪᠤᠷᠤᠯᠠᠭᠤᠯᠭ᠎ᠠ ᠶᠢᠨ ᠵᠠᠬ᠎ᠠ ᠳᠡᠯᠭᠡᠬᠦᠷ ᠤᠨ ᠦᠨ᠎ᠠ ᠬᠠᠨᠭ᠍ᠰᠢ ᠦᠷᠬᠦᠯᠵᠢᠯᠡᠨ ᠪᠠᠭᠤᠷᠠᠬᠰᠠᠨ ᠮᠦᠷᠳᠡᠭᠡᠨ ᠬᠤᠳᠠᠯᠳᠤᠨ ᠠᠪᠬᠤ ᠠᠷᠠᠯᠵᠢᠶᠠᠴᠢᠳ ᠴᠦᠭᠡᠷᠡᠵᠤ᠂ ᠮᠠᠯᠴᠢᠳ ᠢ ᠭᠠᠴᠢᠬᠳᠠᠯ ᠤᠨ ᠪᠠᠶᠢᠳᠠᠯ ᠳᠤ ᠤᠴᠠᠷᠠᠭᠤᠯᠪᠠ᠃ ᠦᠤᠰᠢᠨ ᠬᠤᠰᠢᠭᠤᠨ ᠤ ᠳᠠᠷᠢᠶᠠᠯᠠᠩ ᠤᠨ ᠰᠠᠯᠪᠤᠷᠢ ᠪᠠᠩᠬᠢ ᠨᠢ ᠨᠠᠷᠢᠨ ᠨᠤᠤᠰᠤᠳᠤ ᠬᠤᠨᠢᠨ ᠤ ᠳᠡᠵᠢᠭᠡᠪᠤᠷᠢ ᠶᠢᠨ ᠬᠤᠷᠰᠢᠶᠠᠵᠢᠯ ᠪᠠ ᠠᠵᠤ ᠠᠬᠤᠢᠢᠯᠠᠯ ᠤᠨ ᠠᠬᠤᠷ ᠨᠤᠤᠰᠤ ᠬᠤᠷᠢᠶᠠᠬᠤ ᠪᠡᠯᠡ ᠮᠦᠡᠭᠬᠦ ᠳᠤᠳᠠᠬᠳᠠᠵᠤ ᠪᠠᠶᠢᠭ᠎ᠠ ᠪᠠᠶᠢᠳᠠᠯ ᠳᠤ ᠪᠠᠶᠢᠴᠠᠭᠠᠨ ᠰᠤᠳᠤᠯᠤᠯᠳᠠ ᠬᠢᠵᠤ᠂ ᠨᠠᠷᠢᠨ ᠨᠤᠤᠰᠤᠳᠤ ᠬᠤᠨᠢᠨ ᠤ ᠳᠡᠵᠢᠭᠡᠪᠤᠷᠢ ᠶᠢᠨ 10 ᠬᠤᠷᠰᠢᠶᠠᠵᠢᠯ ᠪᠠ ᠠᠵᠤ ᠠᠬᠤᠢᠢᠯᠠᠯ ᠤᠨ ᠬᠢᠨ ᠳᠤ ᠨᠡᠶᠢᠳᠡ 1100 ᠭᠠᠷᠤᠢ ᠳᠦᠮᠡᠨ ᠳᠦᠬᠦᠷᠢᠭ ᠤᠨ ᠳᠤᠤᠷ᠎ᠠ ᠬᠦᠦ ᠲᠠᠢ ᠵᠢᠭᠡᠯᠡᠯᠭᠡ ᠳᠠᠯᠪᠢᠬᠤ ᠪᠠᠷ ᠳᠤᠬᠳᠠᠵᠠᠢ᠃ ᠤᠳᠤᠬᠠᠨ ᠳᠤ ᠨᠡᠶᠢᠳᠡ 620 ᠳᠦᠮᠡᠨ ᠳᠦᠬᠦᠷᠢᠭ ᠤᠨ ᠵᠢᠭᠡᠯᠡᠯᠭᠡ ᠳᠠᠯᠪᠢᠵᠤ᠂ ᠦᠯᠡᠳᠡᠭᠰᠡᠨ ᠭᠡᠰᠡᠭ ᠢ ᠨᠢ ᠦᠷᠬᠦᠯᠵᠢᠯᠡᠨ ᠳᠠᠯᠪᠢᠬᠤ ᠪᠠᠷ ᠪᠤᠢ᠃    ᠭᠠᠯᠠᠭᠤᠳᠤ ᠪᠠᠯᠭᠠᠰᠤᠨ ᠤ ᠰᠠᠷᠠᠭᠤᠯᠨᠤᠳᠤᠭ ᠭᠠᠴᠠᠭᠠᠨ ᠤ ︽ᠠᠪᠳᠠᠷ᠎ᠠ ᠶᠢᠨ ᠰᠢᠯᠢ︾ ᠤᠷᠳᠤᠰ ᠤᠨ ᠨᠠᠷᠢᠨ ᠨᠤᠤᠰᠤᠳᠤ ᠬᠤᠨᠢᠨ ᠤ ᠬᠤᠷᠰᠢᠶᠠᠵᠢᠯ ᠡᠨᠡ ᠵᠤᠨ ᠭᠠᠴᠠᠭᠠᠨ ᠤ ᠪᠠᠨ ᠮᠠᠯᠴᠢᠳ ᠤᠨ ᠨᠠᠷᠢᠨ ᠨᠤᠤᠰᠤᠳᠤ ᠬᠤᠨᠢᠨ ᠤ ᠠᠬᠤᠷ ᠢ 100 ᠭᠠᠷᠤᠢ ᠳᠤᠨ ᠬᠤᠷᠢᠶᠠᠨ ᠠᠪᠴᠤ᠂ ᠳᠤᠮᠳᠠᠳᠤ ᠤᠯᠤᠰ ᠤᠨ ᠳᠠᠷᠢᠶᠠᠯᠠᠩ ᠤᠨ ᠪᠠᠩᠬᠢ ᠶᠢᠨ ᠦᠤᠰᠢᠨ ᠬᠤᠰᠢᠭᠤᠨ ᠳᠠᠬᠢ ᠰᠠᠯᠪᠤᠷᠢ ᠪᠠᠩᠬᠢ ᠠᠴᠠ ᠳᠡᠳᠡᠨ ᠳᠤ 200 ᠳᠦᠮᠡᠨ ᠳᠦᠬᠦᠷᠢᠭ ᠤᠨ ᠳᠤᠤᠷ᠎ᠠ ᠬᠦᠦ ᠲᠠᠢ ᠵᠢᠭᠡᠯᠡᠯᠭᠡ ᠶᠢ ᠭᠤᠶᠤᠴᠢᠯᠠᠨ ᠤᠯᠭᠤᠬᠰᠠᠨ ᠠᠴᠠ᠂ ᠮᠠᠯᠴᠢᠳ ᠲᠤ 85% ᠶᠢᠨ ᠠᠬᠤᠷ ᠤᠨ ᠵᠤᠭᠤᠰ ᠢ ᠤᠷᠢᠳᠴᠢᠯᠠᠨ ᠦᠭᠴᠤ᠂ ︽ᠳᠠᠭᠠᠷᠠᠬᠰᠠᠨ ᠬᠦᠮᠤᠨ ᠳᠤ ᠳᠠᠬᠤ ᠬᠦᠷᠭᠡᠭᠰᠡᠨ︾ ᠪᠠᠶᠢᠨ᠎ᠠ᠃ ᠭᠠᠯᠠᠭᠤᠳᠤ ᠪᠠᠯᠭᠠᠰᠤᠨ ᠤ ᠰᠠᠷᠠᠭᠤᠯᠨᠤᠳᠤᠭ ᠭᠠᠴᠠᠭᠠᠨ ᠤ ︽ᠠᠪᠳᠠᠷ᠎ᠠ ᠶᠢᠨ ᠰᠢᠯᠢ︾ ᠤᠷᠳᠤᠰ ᠤᠨ ᠨᠠᠷᠢᠨ ᠨᠤᠤᠰᠤᠳᠤ ᠬᠤᠨᠢᠨ ᠤ ᠬᠤᠷᠰᠢᠶᠠᠵᠢᠯ ᠤᠨ ᠬᠠᠷᠢᠭᠤᠴᠠᠯᠭᠠᠳᠠᠨ᠄ ︽ᠮᠠᠨᠤᠰ ᠮᠠᠯᠴᠢᠳ ᠲᠤ 85% ᠶᠢᠨ ᠪᠡᠯᠡ ᠮᠦᠡᠭᠬᠦ ᠶᠢ ᠭᠠᠷᠳᠠᠭᠤᠯᠤᠨ ᠦᠭᠬᠦᠭᠰᠡᠨ ᠢᠶᠠᠷ᠂ ᠮᠠᠯᠴᠢᠳ ᠵᠠᠪᠰᠠᠷ ᠤᠨ ᠮᠠᠶᠢᠮᠠᠶᠢᠴᠢᠨ ᠳᠤ ᠠᠬᠤᠷ ᠢᠶᠠᠨ ᠳᠤᠤᠷ᠎ᠠ ᠦᠨ᠎ᠠ ᠪᠠᠷ ᠬᠤᠳᠠᠯᠳᠤᠨ ᠦᠭᠬᠦ ᠠᠴᠠ ᠵᠠᠶᠢᠯᠠᠰᠬᠢᠵᠤ ᠴᠢᠳᠠᠵᠠᠢ᠃ ᠳᠠᠷᠠᠭ᠎ᠠ ᠪᠠᠷ ᠵᠠᠬ᠎ᠠ ᠳᠡᠯᠭᠡᠬᠦᠷ ᠤᠨ ᠪᠠᠶᠢᠳᠠᠯ ᠰᠠᠶᠢᠵᠢᠷᠠᠪᠠᠯ ᠮᠠᠯᠴᠢᠳ ᠠᠬᠤᠷ ᠢᠶᠠᠨ 14 ᠠᠴᠠ 15 ᠳᠦᠬᠦᠷᠢᠭ ᠢᠶᠠᠷ ᠪᠤᠷᠤᠯᠠᠭᠤᠯᠬᠤ ᠪᠤᠯᠤᠯᠴᠠᠭ᠎ᠠ ᠲᠠᠢ︾ ᠭᠡᠵᠤ ᠳᠠᠨᠢᠯᠴᠠᠭᠤᠯᠤᠨ ᠶᠠᠷᠢᠨ᠎ᠠ᠃    ᠦᠤᠰᠢᠨ ᠬᠤᠰᠢᠭᠤᠨ ᠤ ᠳᠠᠷᠢᠶᠠᠯᠠᠩ ᠤᠨ ᠪᠠᠩᠬᠢ ᠨᠢ ᠬᠢᠵᠢᠭ ᠤᠨ ᠪᠠᠶᠢᠳᠠᠯ ᠳᠤ ᠴᠢᠭᠯᠡᠬᠦᠯᠤᠨ᠂ ᠨᠠᠮ ᠤᠨ ᠭᠡᠰᠢᠬᠦᠨ ᠤ ᠬᠤᠰᠢᠭᠤᠴᠢ ᠤᠢᠢᠯᠡᠴᠢᠯᠡᠭᠡᠨ ᠤ ᠠᠩᠬᠢ ᠶᠢ ᠵᠤᠬᠢᠶᠠᠨ ᠪᠠᠶᠢᠭᠤᠯᠵᠤ᠂ ᠳᠡᠭᠡᠷ ᠎ᠠ ᠬᠠᠭᠠᠰ ᠵᠢᠯ ᠳᠤ᠂ ᠭᠤᠤᠯᠳᠠᠯᠭ᠎ᠠ ᠲᠠᠢ ᠠᠵᠤ ᠠᠬᠤᠢᠢᠯᠠᠯ ᠳᠤ ᠤᠢᠢᠯᠡᠳᠪᠤᠷᠢᠯᠡᠯ ᠢ ᠳᠤᠰᠠᠯᠠᠬᠤ ᠵᠢᠭᠡᠯᠡᠯᠭᠡ ᠶᠢ 3 ᠳ᠋ᠦᠡᠭᠰᠢᠭᠤᠷ ᠳᠦᠬᠦᠷᠢᠭ ᠂ ᠮᠠᠯ ᠳᠠᠷᠢᠶᠠᠯᠠᠩ ᠤᠨ ᠠᠵᠤ ᠠᠬᠤᠢᠢᠯᠠᠯ ᠪᠠ ᠳᠤᠰᠬᠠᠢ ᠬᠤᠷᠰᠢᠶᠠᠵᠢᠯ᠂ ᠮᠠᠯᠴᠢᠨ ᠳᠠᠷᠢᠶᠠᠴᠢᠳ ᠲᠤ 2.1 ᠳ᠋ᠦᠡᠭᠰᠢᠭᠤᠷ ᠳᠦᠬᠦᠷᠢᠭ ᠤᠨ ᠵᠢᠭᠡᠯᠡᠯᠭᠡ ᠳᠠᠯᠪᠢᠬᠰᠠᠨ ᠪᠠᠶᠢᠨ᠎ᠠ᠃
 
ᠢᠷᠡᠯᠲᠡ᠄ ᠣᠷᠳᠣᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号