| | | | | | | ︽︿ᠠᠮᠢᠳᠤ ᠶᠠᠪᠤᠪᠠᠯ ᠠᠯᠳᠠᠠ ᠠᠶᠠᠭᠠᠠ ᠠᠴᠠ ᠤᠰᠤ ᠤᠤᠭᠤᠨ᠎ᠠ﹀ ᠬᠡᠵᠦ ᠪᠠᠰᠠ ᠤᠨᠤᠭᠠᠭᠰᠠᠠ ᠦᠬᠡ᠂ ᠪᠢ | ᠨᠠᠰᠤ ᠪᠠᠷ ᠢᠶᠠᠨ ᠮᠠᠯ ᠮᠠᠯᠵᠢᠭᠠᠳ ᠡᠶᠢᠮᠦ ᠰᠠᠶᠢᠨ ᠤᠨᠠᠯᠳᠠ ᠲᠠᠢ ᠡᠪᠡᠰᠦ ᠶᠢ ᠠᠩᠬ᠎ᠠ ᠤᠳᠠᠭ᠎ᠠ ᠯᠠ ᠦᠵᠡᠵᠦ ᠪᠠᠶᠢᠨ᠎ᠠ | ᠂ ᠡᠨᠡ ᠡᠪᠡᠰᠦ ᠶᠢ ᠪᠢ 5 ᠰᠠᠷ᠎ᠠ ᠶᠢᠨ 28 ᠳᠤ ᠳᠠᠷᠢᠬᠰᠠᠠ ᠶᠤᠮ᠂ ᠦᠨᠦᠳᠦᠷ ᠬᠠᠳᠤᠬᠤ ᠪᠤᠯᠳᠠᠯ᠎ᠠ ᠠᠷᠠᠢ 2 ᠰᠠᠷ᠎ᠠ | ᠪᠤᠯᠤᠭ᠎ᠠ ᠦᠬᠡᠢ᠂ 56 ᠬᠤᠨᠤᠵᠦ ᠪᠠᠶᠢᠨ᠎ᠠ᠂ ᠬᠠᠷᠢᠨ ᠦᠨᠳᠦᠷ ᠢᠶᠠᠷ ᠢᠶᠠᠨ ᠨᠠᠳᠠ ᠶᠢ ᠳᠠᠪᠠᠵᠦ᠂ 2 ᠮᠧᠲᠷ | ᠦᠩᠬᠡᠷᠡᠵᠦ ᠪᠠᠶᠢᠨ᠎ᠠ︾ ᠬᠡᠵᠦ ᠦᠤᠰᠢᠨ ᠬᠤᠰᠢᠭᠤᠨ ᠤ ᠳᠤᠭ ᠪᠠᠯᠭᠠᠰᠤᠨ ᠤ ᠬᠤᠸᠠᠳᠤᠯᠤᠭᠠᠢ ᠭᠠᠴᠠᠭᠠᠠ ᠤ | ᠮᠠᠯᠴᠢᠨ ᠪᠠᠳᠤ ᠳᠤᠭᠠᠴᠠᠮᠠᠯ ᠪᠡᠯᠴᠢᠬᠡᠷ ᠤᠨ 1 ᠨᠤᠮᠧᠷᠳᠤ ᠡᠪᠡᠰᠦ ᠪᠠᠨ ᠬᠠᠳᠤᠬᠤ ᠵᠠᠭᠤᠷ᠎ᠠ ᠠᠮᠠ ᠰᠢᠳᠤ ᠠᠯᠳᠠᠨ᠎ᠠ᠃ | ᠪᠠᠳᠤ ᠶᠢᠨ ᠬᠢ 700 ᠮᠦ ᠡᠯᠡᠰᠦᠷᠬᠡᠭ ᠪᠡᠯᠴᠢᠬᠡᠷ ᠲᠡᠭᠡᠨ ᠵᠠᠭᠤᠭᠠᠳ ᠬᠤᠨᠢ ᠮᠠᠯᠵᠢᠵᠦ᠂ ᠭᠤᠤᠯᠳᠠᠭᠤ ᠡᠪᠡᠰᠦ | ᠪᠤᠷᠳᠤᠭᠠᠠ ᠳᠤ ᠳᠦᠰᠢᠭᠯᠡᠳᠡᠭ᠂ ᠡᠨᠡ ᠵᠢᠯ ᠦᠤᠰᠢᠨ ᠨᠤᠳᠤᠭ ᠨᠡᠶᠢᠳᠡᠮ ᠭᠠᠩᠳᠠᠭᠰᠠᠠ ᠪᠤᠯᠬᠤᠷ ᠪᠠᠳᠤ ᠶᠢᠨ ᠬᠢ | ᠪᠦᠬᠦ ᠵᠤᠨ ᠢᠶᠠᠷ ᠮᠠᠯ ᠢᠶᠠᠨ ᠳᠡᠵᠢᠬᠡᠬᠦ ᠳᠤ ᠡᠨᠡ ᠡᠪᠡᠰᠦ ᠶᠡᠭᠡ ᠳᠤᠰᠠ ᠪᠤᠯᠵᠠᠢ᠃ ︽ᠡᠪᠡᠰᠦᠨ ᠤ ᠤᠷᠭᠤᠴᠠ | ᠦᠨᠳᠦᠷ ᠪᠤᠯᠬᠤᠷ ᠪᠠᠭ᠎ᠠ ᠰᠢᠬ ᠬᠤᠶᠠᠷ ᠰᠤᠭᠤᠪᠴᠢᠯᠠᠪᠠᠯ ᠪᠦᠬᠦ ᠮᠠᠯ ᠢᠶᠠᠨ ᠨᠢᠬᠡ ᠤᠳᠠᠭ᠎ᠠ ᠳᠡᠵᠢᠬᠡᠬᠡᠳ | ᠬᠦᠢᠴᠡᠴᠢᠬᠡᠳᠡᠭ︾ ᠬᠡᠵᠦ ᠪᠠᠳᠤ ᠶᠢᠨ ᠪᠦᠰᠡᠬᠦᠢ ᠳᠠᠷᠢ ᠨᠠᠰᠤᠳᠠᠠ ᠦᠬᠡ ᠬᠠᠪᠴᠢᠭᠤᠯᠪᠠ᠃ | ᠳᠤᠭᠠᠴᠠᠮᠠᠯ ᠪᠡᠯᠴᠢᠬᠡᠷ ᠤᠨ 1 ᠨᠤᠮᠧᠷᠳᠤ ᠡᠪᠡᠰᠦ ᠶᠢ ᠮᠧᠩ ᠶᠤᠸᠠᠠ ᠠᠯᠳᠠᠠ ᠭᠠᠳᠠᠰᠤ ᠮᠠᠯ ᠠᠵᠤ ᠠᠬᠤᠢ ᠶᠢᠨ | ᠲᠧᠭᠨᠢᠭ ᠮᠡᠷᠬᠡᠵᠢᠯ ᠤᠨ ᠬᠢᠵᠠᠭᠠᠷᠳᠤ ᠺᠤᠮᠫᠠᠨᠢ ᠪᠤᠯᠤᠨ ᠠᠮᠧᠷᠢᠺᠠ ᠶᠢᠨ ᠠᠨ ᠮᠸᠢ ᠯᠠᠢ ᠲᠧ ᠳᠠᠷᠢᠮᠠᠯ ᠤᠨ | ᠬᠦᠷᠦᠩᠬᠡ ᠶᠢᠨ ᠺᠤᠮᠫᠠᠨᠢ ᠬᠠᠮᠳᠤᠷᠠᠠ ᠰᠤᠳᠤᠯᠵᠦ ᠭᠠᠷᠭᠠᠭᠰᠠᠠ ᠶᠤᠮ᠃ ᠳᠤᠭᠠᠴᠠᠮᠠᠯ ᠪᠡᠯᠴᠢᠬᠡᠷ ᠤᠨ 1 ᠨᠤᠮᠧᠷᠳᠤ | ᠡᠪᠡᠰᠦ ᠪᠤᠯ ᠨᠢᠬᠡ ᠵᠦᠢᠯ ᠤᠨ ᠦᠨᠳᠦᠷ ᠤᠨᠠᠯᠳᠠ᠂ ᠦᠨᠳᠦᠷ ᠰᠢᠮ᠎ᠡ ᠳᠡᠵᠢᠬᠡᠯ ᠢ ᠤᠶᠠᠯᠳᠤᠭᠤᠯᠤᠭᠰᠠᠠ ᠡᠯᠡᠰᠦᠷᠬᠡᠭ | ᠭᠠᠵᠠᠷ ᠤᠷᠭᠤᠬᠤ ᠳᠤ ᠳᠤᠬᠢᠷᠠᠬᠰᠠᠠ ᠰᠢᠯᠢᠳᠡᠭ ᠴᠢᠨᠠᠷ ᠤᠨ ᠳᠡᠵᠢᠬᠡᠯ ᠡᠪᠡᠰᠦ ᠪᠤᠯᠤᠨ᠎ᠠ᠃ ᠳᠤᠭᠠᠴᠠᠮᠠᠯ | ᠪᠡᠯᠴᠢᠬᠡᠷ ᠤᠨ 1 ᠨᠤᠮᠧᠷᠳᠤ ᠡᠪᠡᠰᠦ ᠨᠢ ᠰᠢᠬᠢᠷᠯᠢᠭ ᠤᠯᠠᠭᠠᠠ ᠰᠢᠰᠢ ᠪᠤᠯᠤᠨ ᠰᠦᠳᠠᠠ ᠡᠪᠡᠰᠦ ᠶᠢ | ᠡᠷᠯᠢᠰᠡᠵᠢᠬᠦᠯᠦᠭᠰᠡᠡ ᠪᠤᠯᠬᠤᠷ ᠤᠭᠤᠷᠠᠭ ᠤᠨ ᠬᠡᠮᠵᠢᠶ᠎ᠡ ᠦᠨᠳᠦᠷ᠂ ᠨᠢᠬᠡ ᠤᠳᠠᠭ᠎ᠠ ᠳᠠᠷᠢᠭᠠᠳ ᠤᠯᠠᠠ ᠤᠳᠠᠭ᠎ᠠ | ᠬᠠᠳᠤᠬᠤ ᠵᠡᠷᠬᠡ ᠤᠨᠴᠠᠯᠢᠭ ᠢ ᠴᠤᠭᠴᠠᠵᠢᠭᠤᠯᠵᠠᠢ᠃ ᠪᠢᠳᠡ ᠦᠪᠦᠷ ᠮᠤᠩᠭᠤᠯ ᠤᠨ ᠮᠧᠩ ᠶᠤᠸᠠᠠ ᠠᠯᠳᠠᠠ ᠭᠠᠳᠠᠰᠤ | ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠮᠡᠷᠬᠡᠵᠢᠯ ᠤᠨ ᠬᠢᠵᠠᠭᠠᠷᠳᠤ ᠺᠤᠮᠫᠠᠨᠢ ᠶᠢᠨ ᠬᠠᠩᠭᠠᠭᠰᠠᠠ ᠪᠢᠴᠢᠭ | ᠮᠠᠲ᠋ᠧᠷᠢᠶᠠᠯ ᠢ ᠤᠷᠪᠠᠭᠤᠯᠪᠠᠯ᠂ ᠳᠤᠭᠠᠴᠠᠮᠠᠯ ᠪᠡᠯᠴᠢᠬᠡᠷ ᠤᠨ 1 ᠨᠤᠮᠧᠷᠳᠤ ᠡᠪᠡᠰᠦ ᠶᠢᠨ ᠤᠭᠤᠷᠠᠭ ᠤᠨ ᠬᠡᠮᠵᠢᠶ᠎ᠠ ᠨᠢ | 17% ᠳᠤ ᠬᠦᠷᠴᠦ᠂ ᠡᠷᠳᠡᠨᠢ ᠰᠢᠰᠢ ᠶᠢᠨ ᠤᠭᠤᠷᠠᠭ ᠤᠨ ᠬᠡᠮᠵᠢᠶ᠎ᠡ ᠠᠴᠠ ᠳᠠᠬᠢᠨ ᠢᠶᠠᠷ ᠳᠠᠪᠠᠵᠦ᠂ ᠮᠦ | ᠨᠢᠬᠡᠴᠢ ᠶᠢᠨ ᠤᠨᠠᠯᠳᠠ ᠨᠢ 5 — 8 ᠳᠤᠨ ᠳᠤ ᠬᠦᠷᠳᠡᠭ ᠬᠡᠵᠦ ᠪᠠᠶᠢᠯ᠎ᠠ᠃ | | | | | | | ᠬᠤᠸᠠᠳᠤᠯᠤᠭᠠᠢ ᠭᠠᠴᠠᠭᠠᠠ ᠤ ᠮᠠᠯᠴᠢᠨ ᠪᠢᠯᠢᠭ ᠡᠨᠡ ᠵᠢᠯ 5 ᠮᠦ ᠳᠤᠭᠠᠴᠠᠮᠠᠯ ᠪᠡᠯᠴᠢᠬᠡᠷ ᠤᠨ 1 ᠨᠤᠮᠧᠷᠳᠤ | ᠡᠪᠡᠰᠦ ᠶᠢ ᠳᠠᠷᠢᠵᠠᠢ᠃ ᠳᠡᠷᠡ ᠳᠠᠷᠢᠬᠰᠠᠠ ᠡᠪᠡᠰᠦᠨ ᠲᠤᠮᠳᠠ ᠤᠷᠤᠬᠤ ᠳᠤ ᠳᠦᠳᠡ ᠪᠡᠷ᠎ᠠ ᠳᠠᠯᠳᠠᠷᠢᠪᠠ᠃ | ᠳᠤᠭᠠᠴᠠᠮᠠᠯ ᠪᠡᠯᠴᠢᠬᠡᠷ ᠤᠨ 1 ᠨᠤᠮᠧᠷᠳᠤ ᠡᠪᠡᠰᠦᠨ ᠤ ᠤᠷᠭᠤᠴᠠ ᠦᠨᠡᠬᠡᠷ ᠭᠠᠶᠢᠬᠠᠯᠳᠠᠢ︕ ᠪᠢᠯᠢᠭ ᠤᠨ ᠬᠢ 509 | ᠮᠦ ᠪᠡᠯᠴᠢᠬᠡᠷ᠂ 300 ᠭᠠᠷᠤᠢ ᠬᠤᠨᠢ᠂ 10 ᠬᠡᠳᠦᠨ ᠦᠬᠡᠷ ᠲᠠᠢ ᠶᠤᠮ᠃ ᠡᠨᠡ ᠬᠡᠰᠡᠭ ᠡᠪᠡᠰᠦ ᠡᠨᠡ ᠠᠶᠢᠯ ᠳᠤ | ᠬᠡᠳᠦᠢ ᠶᠡᠭᠡ ᠬᠠᠮ ᠳᠡᠮ ᠪᠤᠯᠤᠨ᠎ᠠ ᠬᠡᠳᠡᠭ ᠢ ᠡ᠊ᠨᠳᠡ ᠳᠠᠶᠢᠯᠪᠤᠷᠢᠯᠠᠬᠤ ᠦᠬᠡᠢ ᠴᠤ ᠦᠵᠡᠵᠦ ᠭᠠᠷᠤᠨ᠎ᠠ᠃ ︽ | ᠳᠤᠭᠠᠴᠠᠮᠠᠯ ᠪᠡᠯᠴᠢᠬᠡᠷ ᠤᠨ 1 ᠨᠤᠮᠧᠷᠳᠤ ᠡᠪᠡᠰᠦ ᠪᠤᠯ ᠪᠡᠯᠴᠢᠬᠡᠷ ᠪᠠᠭ᠎ᠠ᠂ ᠮᠠᠯ ᠰᠦᠷᠦᠭ ᠢᠶᠠᠨ ᠳᠡᠵᠢᠬᠡᠬᠦ ᠪᠠᠷ | ᠭᠤᠤᠯᠳᠠᠭᠤᠯᠳᠠᠭ ᠮᠠᠯᠴᠢᠨ ᠠᠶᠢᠯ ᠳᠤ ᠶᠡᠭᠡ ᠳᠤᠬᠢᠷᠠᠨ᠎ᠠ᠃ ᠡᠨᠡ ᠡᠪᠡᠰᠦᠨ ᠤ ᠤᠨᠠᠯᠳᠠ ᠦᠨᠳᠦᠷ᠂ ᠰᠢᠮ᠎ᠡ ᠰᠠᠶᠢᠳᠠᠢ | ᠂ ᠬᠠᠳᠤᠭᠠᠳ ᠰᠢᠭᠤᠳ ᠳᠡᠵᠢᠬᠡᠵᠦ ᠪᠤᠯᠤᠨ᠎ᠠ᠂ ᠬᠠᠳᠠᠭᠠᠭᠠᠳ ᠬᠠᠭᠤᠷᠠᠢ ᠪᠠᠷ ᠳᠡᠵᠢᠬᠡᠵᠦ ᠪᠤᠯᠤᠨ᠎ᠠ᠂ ᠬᠦᠬᠡ | ᠳᠠᠷᠤᠰᠢ ᠪᠤᠯᠭᠠᠭᠠᠳ ᠳᠡᠵᠢᠬᠡᠵᠦ ᠪᠠᠰᠠ ᠪᠤᠯᠳᠠᠭ᠃ ᠳᠤᠭᠠᠴᠠᠮᠠᠯ ᠪᠡᠯᠴᠢᠬᠡᠷ ᠤᠨ 1 ᠨᠤᠮᠧᠷᠳᠤ ᠡᠪᠡᠰᠦ ᠪᠤᠯ ᠮᠠᠯ | ᠰᠦᠷᠦᠭ ᠤᠨ ᠦᠨᠢᠷ ᠦᠰᠦᠯᠳᠡ ᠶᠢ ᠪᠠᠳᠤᠯᠠᠵᠦ᠂ ᠮᠠᠯᠴᠢᠳ ᠤᠨ ᠪᠠᠶᠠᠵᠢᠯ ᠴᠢᠨᠡᠬᠡᠯᠢᠭᠵᠢᠯ ᠢ ᠪᠡᠶᠡᠯᠡᠬᠦᠯᠬᠦ ᠬᠦᠴᠦᠳᠤ | ᠳᠦᠰᠢᠭ ᠪᠤᠯᠤᠭᠰᠠᠠ ᠡᠪᠡᠰᠦ ᠪᠤᠯᠤᠨ᠎ᠠ᠂ ᠪᠢᠳᠡ ᠡᠨᠡ ᠵᠢᠯ ᠬᠤᠸᠠᠳᠤᠯᠤᠭᠠᠢ ᠭᠠᠴᠠᠭᠠᠠ ᠤ 5 ᠮᠠᠯᠴᠢᠨ | ᠡᠷᠦᠬᠡ ᠶᠢᠨ ᠳᠤ ᠳᠤᠷᠰᠢᠨ ᠳᠠᠷᠢᠪᠠ᠂ ᠢᠷᠡᠬᠦ ᠵᠢᠯ ᠠᠴᠠ ᠨᠡᠩ ᠦᠷᠬᠡᠡ ᠬᠡᠪᠴᠢᠶ᠎ᠡ ᠪᠠᠷ ᠳᠦᠬᠡᠮᠡᠯᠵᠢᠬᠦᠯᠬᠦ | ᠰᠠᠨᠠᠭ᠎ᠠ ᠲᠠᠢ︾ ᠬᠡᠵᠦ ᠮᠧᠩ ᠶᠤᠸᠠᠠ ᠠᠯᠳᠠᠠ ᠭᠠᠳᠠᠰᠤ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ | ᠮᠡᠷᠬᠡᠵᠢᠯ ᠤᠨ ᠬᠢᠵᠠᠭᠠᠷᠳᠤ ᠺᠤᠮᠫᠠᠨᠢ ᠶᠢᠨ ᠬᠡᠷᠡᠭ ᠮᠡᠳᠡᠭᠴᠢ ᠬᠠᠰᠪᠤᠯᠤ ᠳᠠᠨᠢᠯᠴᠠᠭᠤᠯᠤᠨ᠎ᠠ᠃ | | | | | | | ᠪᠢᠳᠡ ᠬᠠᠰᠪᠤᠯᠤ ᠶᠢᠨ ᠵᠠᠮᠴᠢᠯᠠᠭ᠎ᠠ ᠪᠠᠷ ᠬᠤᠸᠠᠳᠤᠯᠤᠭᠠᠢ ᠭᠠᠴᠠᠭᠠᠠ ᠤ ᠮᠠᠯᠴᠢᠨ ᠷᠠᠰᠢᠨᠢᠮ᠎ᠠ ᠶᠢᠨ ᠳᠤ ᠬᠦᠷᠪᠡ᠃ | ᠡᠨᠡ ᠠᠶᠢᠯ ᠳᠤ ᠳᠡᠳᠡ ᠳᠤᠭᠠᠴᠠᠮᠠᠯ ᠪᠡᠯᠴᠢᠬᠡᠷ ᠤᠨ 2 ᠨᠤᠮᠧᠷᠳᠤ ᠡᠪᠡᠰᠦ ᠶᠢ ᠳᠤᠷᠰᠢᠨ ᠳᠠᠷᠢᠬᠰᠠᠠ ᠪᠠᠶᠢᠯ᠎ᠠ᠃ | ᠳᠤᠭᠠᠴᠠᠮᠠᠯ ᠪᠡᠯᠴᠢᠬᠡᠷ ᠤᠨ 2 ᠨᠤᠮᠧᠷᠳᠤ ᠡᠪᠡᠰᠦ ᠪᠤᠯ ᠳᠤᠭᠠᠴᠠᠮᠠᠯ ᠪᠡᠯᠴᠢᠬᠡᠷ ᠤᠨ 1 ᠨᠤᠮᠧᠷᠳᠤ ᠡᠪᠡᠰᠦ ᠶᠢᠨ | ᠬᠡᠯᠬᠢᠶᠡᠵᠢᠯ ᠡᠪᠡᠰᠦᠨ ᠤ ᠳᠦᠷᠦᠯ ᠪᠤᠯᠬᠤ ᠶᠤᠮ᠃ ᠳᠤᠭᠠᠴᠠᠮᠠᠯ ᠮᠠᠯ ᠤᠨ ᠡᠪᠡᠰᠦ 2 ᠨᠤᠮᠧᠷᠳᠤ ᠨᠢ ᠭᠤᠤᠯᠳᠠᠭᠤ | ᠳᠠᠴᠢᠷᠰᠢᠬᠰᠠᠠ ᠪᠡᠯᠴᠢᠬᠡᠷ ᠢ ᠴᠢᠨᠠᠷᠵᠢᠭᠤᠯᠬᠤ ᠳᠤ ᠳᠤᠬᠢᠷᠠᠳᠠᠭ᠃ ᠷᠠᠰᠢᠨᠢᠮ᠎ᠠ ᠶᠢᠨ ᠡᠪᠡᠰᠦᠨ ᠬᠦᠷᠢᠶᠡᠨ ᠳᠤ | ᠳᠤᠭᠠᠴᠠᠮᠠᠯ ᠮᠠᠯ ᠤᠨ ᠡᠪᠡᠰᠦ 2 ᠨᠤᠮᠧᠷᠳᠤ ᠰᠠᠶ᠋ᠢᠬᠠᠨ ᠳᠠᠷᠢᠬᠰᠠᠠ ᠠᠮᠤ ᠰᠢᠤᠬᠠᠠ ᠵᠤᠷᠬ᠎ᠠ ᠳᠠᠳᠠᠠ ᠰᠦᠯᠵᠢᠯᠳᠦᠵᠦ᠂ | ᠷᠠᠰᠢᠨᠢᠮ᠎ᠠ᠄ ︽ᠡᠨᠡ ᠡᠪᠡᠰᠦ ᠶᠢ ᠮᠠᠯ ᠢᠳᠡᠬᠦ ᠳᠤᠷᠠᠳᠠᠢ᠂ ᠪᠢ ᠳᠦᠷᠦᠬᠦᠤ ᠪᠠᠷ ᠰᠠᠨᠠᠮᠰᠠᠷ ᠦᠬᠡᠢ ᠬᠤᠨᠢ ᠪᠠᠨ ᠡᠨᠡ | ᠬᠦᠷᠢᠶᠠᠨ ᠳᠤ ᠠᠯᠳᠠᠵᠦ ᠤᠷᠤᠭᠤᠯᠤᠭᠰᠠᠠ ᠳᠤ ᠬᠤᠨᠢᠳ ᠳᠠᠩ ᠭᠠᠭᠴᠠ ᠡᠨᠡ ᠡᠪᠡᠰᠦ ᠶᠢ ᠯᠠ ᠮᠦᠷ ᠮᠦᠷ ᠢᠶᠠᠷ | ᠬᠦᠬᠡᠬᠡᠵᠦ ᠢᠳᠡᠬᠦ ᠶᠤᠮ ᠪᠢᠯᠡ︾ ᠬᠡᠵᠦ ᠳᠤᠭᠠᠴᠠᠮᠠᠯ ᠪᠡᠯᠴᠢᠬᠡᠷ ᠤᠨ 2 ᠨᠤᠮᠧᠷᠳᠤ ᠡᠪᠡᠰᠦᠨ ᠤ ᠴᠢᠨᠠᠷ ᠢ ᠳᠠᠯᠳᠠ | ᠠᠴᠠ ᠳᠠᠮ ᠮᠡᠳᠡᠭᠳᠡᠵᠦ ᠪᠠᠶᠢᠯ᠎ᠠ᠃ | | | | | | | | | | | | |