ᠬᠤᠰᠢᠭᠤ ᠳᠥᠷᠪᠡᠨ ᠶᠡᠭᠡ ᠤᠳᠤᠷᠢᠳᠬᠤ ᠪᠠᠭ ᠤᠨ ᠤᠳᠤᠷᠢᠳᠤᠯᠭ᠎ᠠ ᠨᠠᠷ ᠬᠤᠰᠢᠭᠤᠨ ᠳᠤ ᠰᠠᠭᠤᠭ᠎ᠠ ᠴᠡᠷᠢᠭ ᠠᠩᠭᠢ ᠵᠡᠪᠰᠡᠭᠲᠦ ᠴᠠᠭᠳᠠᠭᠠᠨ ᠤ ᠳᠠᠷᠤᠭ᠎ᠠ ᠪᠠᠶᠢᠯᠳᠤᠭᠴᠢ ᠪᠣᠯᠤᠨ ᠭᠠᠯ ᠤᠨᠲᠠᠷᠠᠭᠠᠬᠤ ᠵᠢᠯᠣᠭᠤᠳᠤᠭᠴᠢ ᠪᠠᠶᠢᠯᠳᠤᠭᠴᠢ ᠶᠢ ᠪᠣᠯᠭᠤᠭᠠᠨ ᠲᠣᠬᠤᠨᠢᠭᠤᠯᠪᠠ
ᠨᠡᠶᠢᠲᠡᠯᠡᠭᠰᠡᠨ ᠴᠠᠭ᠄
2020-08-10
     8 ᠰᠠᠷ᠎ᠠ ᠶᠢᠨ 4 ᠤ ᠡᠳᠦᠷ᠂ ᠬᠤᠰᠢᠭᠤ ᠨᠠᠮ ᠤᠨ ᠬᠤᠷᠢᠶᠠᠨ ᠤ ᠱᠦᠵᠢ ᠡᠷᠳᠡᠨᠢᠪᠢᠯᠢᠭ᠂ ᠬᠤᠰᠢᠭᠤ ᠨᠠᠮ ᠤᠨ ᠬᠤᠷᠢᠶᠠ᠊ ᠤ ᠪᠠᠶᠢᠩᠭᠤ ᠶᠢᠨ ᠭᠡᠰᠢᠭᠦᠨ ᠬᠤᠰᠢᠭᠤ ᠳᠡᠳ᠋ ᠳᠠᠷᠤᠭ᠎ᠠ ᠵᠠᠩ ᡁᠢ ᠰᠢᠦ᠋ᠩ᠂ ᠬᠤᠰᠢᠭᠤ ᠤᠳᠤᠷᠢᠳᠤᠯᠭ᠎ᠠ ᠯᠢ ᠰᠢᠤ ᠹᠧᠩ᠂ ᠭᠤᠤ ᠬᠤ᠋᠂ ᠪᠠᠶᠠᠨᠴᠡᠩᠭᠡᠯ᠂ ᠤᠶᠤᠨᠪᠢᠯᠢᠭ᠌ ᠨᠠᠷ ᠬᠤᠰᠢᠭᠤᠨ ᠳᠤ ᠰᠠᠭᠤᠭ᠎ᠠ ᠴᠡᠷᠢᠭ ᠠᠩᠭᠢ᠂ ᠵᠡᠪᠰᠡᠭᠲᠦ ᠴᠠᠭᠳᠠᠭᠠᠨ ᠤ ᠳᠠᠷᠤᠭ᠎ᠠ ᠪᠠᠶᠢᠯᠳᠤᠭᠴᠢ ᠪᠣᠯᠤᠨ ᠭᠠᠯ ᠤᠨᠲᠠᠷᠠᠭᠠᠬᠤ ᠵᠢᠯᠣᠭᠤᠳᠤᠭᠴᠢ ᠪᠠᠶᠢᠯᠳᠤᠭᠴᠢ ᠶᠢ ᠪᠣᠯᠭᠤᠭᠠᠨ ᠲᠣᠬᠤᠨᠢᠭᠤᠯᠵᠤ ᠲᠠᠳᠠᠨ ᠳᠤ ᠪᠠᠶᠠᠷ ᠤᠨ ᠡᠳᠦᠷ ᠤᠨ ᠵᠥᠩᠨᠡᠯ ᠪᠠ ᠴᠢᠩ ᠰᠡᠳᠬᠢᠯ ᠤᠨ ᠮᠡᠨᠳᠦᠴᠢᠯᠡᠯ ᠳᠡᠪᠰᠢᠭᠦᠯᠪᠡ᠃
     ᠬᠤᠰᠢᠭᠤ ᠠᠷᠠᠳ ᠤᠨ ᠵᠡᠪᠰᠡᠭᠲᠦ ᠬᠦᠴᠦᠨ ᠤ ᠬᠡᠯᠲᠡᠰ ᠲᠤ ᠡᠷᠳᠡᠨᠢᠪᠢᠯᠢᠭ᠂ ᠴᠡᠷᠢᠭ ᠠᠩᠭᠢ ᠶᠢᠨ ᠳᠠᠷᠤᠭ᠎ᠠ ᠪᠠᠶᠢᠯᠳᠤᠭᠴᠢ ᠪᠣᠯᠤᠨ ᠡᠷᠦᠬᠡ ᠶᠢᠨ ᠴᠡᠷᠢᠭ ᠤᠨ ᠪᠡᠯᠡᠳᠬᠡᠯ ᠠᠯᠪᠠᠨ ᠤ ᠬᠦᠮᠦᠰ ᠲᠠᠢ ᠭᠠᠷ ᠠᠳᠬᠤᠵᠤ ᠲᠡᠳᠡᠨ ᠤ ᠪᠥᠬᠦ ᠬᠤᠰᠢᠭᠤᠨ ᠤ ᠠᠵᠤ ᠠᠬᠤᠶ ᠨᠡᠶᠢᠭᠡᠮ ᠤᠨ ᠪᠠᠶᠢᠭᠤᠯᠤᠯᠳᠠ ᠳᠤ ᠢᠳᠡᠪᠬᠢᠲᠡᠶ ᠣᠷᠣᠯᠴᠠᠬᠤ᠂ ᠨᠡᠶᠢᠭᠡᠮ ᠤᠨ ᠲᠣᠭᠲᠠᠭᠤᠨ ᠪᠠᠶᠢᠳᠠᠯ ᠢ ᠬᠠᠮᠠᠭᠠᠯᠠᠬᠤ ᠪᠠ ᠡᠯ᠎ᠡ ᠲᠥᠷᠤᠯ ᠤᠨ ᠠᠵᠢᠯ ᠳᠤ ᠦᠵᠡᠭᠦᠯᠦᠭᠰᠡᠨ ᠳᠡᠮᠵᠢᠯᠭᠡ ᠳᠤ ᠴᠢᠩ ᠰᠡᠳᠬᠢᠯ ᠤᠨ ᠲᠠᠯᠠᠷᠬᠠᠯ ᠳᠡᠪᠰᠢᠭᠦᠯᠪᠡ᠃ ᠡᠷᠦᠬᠡ ᠶᠢᠨ ᠴᠡᠷᠢᠭ ᠤᠨ ᠪᠡᠯᠡᠳᠬᠡᠯ ᠠᠯᠪᠠᠨ ᠤ ᠬᠦᠮᠦᠰ ᠤᠳᠠᠯ ᠦᠭᠡᠢ ᠪᠦᠬᠦ ᠬᠤᠲᠠ ᠶᠢᠨ ᠡᠷᠦᠬᠡ ᠶᠢᠨ ᠴᠡᠷᠢᠭ ᠤᠨ ᠤᠷᠤᠯᠳᠤᠭᠠᠨ ᠳᠤ ᠣᠷᠣᠯᠴᠠᠬᠤ ᠪᠠᠷ ᠪᠠᠶᠢᠭ᠎ᠠ ᠶᠢ ᠤᠶᠢᠯᠠᠭᠠᠭᠰᠠᠨ ᠤ ᠲᠠᠷᠠᠭ᠎ᠠ ᠡᠷᠳᠡᠨᠢᠪᠢᠯᠢᠭ ᠣᠯᠠᠨ ᠲᠠᠶᠠᠭᠠᠷ ᠤᠨ ᠤᠷᠤᠯᠳᠤᠭᠠᠨ ᠳᠤ ᠴᠡᠷᠢᠭ ᠬᠥᠮᠦᠨ ᠤ ᠲᠥᠷᠥᠯᠬᠢ ᠴᠢᠨᠠᠷ ᠪᠣᠯᠤᠨ ᠴᠠᠭᠠᠷᠠᠭᠰᠠᠨ ᠴᠢᠳᠠᠪᠤᠷᠢ ᠪᠠᠨ ᠢᠯᠡᠷᠡᠭᠦᠯᠵᠦ ᠰᠠᠶᠢᠨ ᠬᠢᠷᠢ ᠪᠦᠲᠦᠮᠵᠢ ᠣᠯᠬᠤ ᠶᠢ ᠭᠥᠰᠡᠵᠠᠢ᠃ ᠡᠷᠳᠡᠨᠢᠪᠢᠯᠢᠭ ᠴᠢᠬᠤᠯᠠᠴᠢᠯᠠᠭᠰᠠᠨ ᠨᠢ᠂ ᠬᠤᠰᠢᠭᠤᠨ ᠳᠤ ᠰᠠᠭᠤᠭ᠎ᠠ ᠴᠡᠷᠢᠭ ᠠᠩᠭᠢ ᠪᠣᠯᠤᠨ ᠪᠦᠬᠦ ᠳᠠᠷᠤᠭ᠎ᠠ ᠪᠠᠶᠢᠯᠳᠤᠭᠴᠢᠳ᠂ ᠥᠷᠭᠡᠨ ᠣᠯᠠᠨ ᠪᠡᠯᠡᠳᠬᠡᠯ ᠠᠯᠪᠠᠨ ᠤ ᠬᠦᠮᠦᠰ ᠶᠡᠷᠦᠩᠬᠡᠶ ᠱᠦᠵᠢ ᠰᠢ ᠶᠢᠨ ᠫᠢᠩ ᠤᠨ ᠴᠡᠷᠢᠭ ᠢ ᠬᠦᠴᠦᠷᠬᠡᠭᠵᠢᠭᠦᠯᠬᠦ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠤ ᠨᠠᠮ ᠤᠨ ᠵᠢᠯᠣᠭᠤᠳᠣᠯᠭ᠎ᠠ ᠶᠢ ᠳᠠᠭᠠᠬᠤ᠂ ᠢᠯᠠᠭᠤᠭᠰᠠᠨ ᠲᠠᠶᠢᠯᠠᠯᠳᠤᠭᠠᠨ ᠬᠢᠵᠦ ᠴᠢᠳᠠᠬᠤ᠂ ᠣᠪᠣᠷ ᠰᠤᠷᠲᠠᠯ ᠰᠢᠯᠢᠳᠡᠭ ᠰᠠᠶᠢᠨ ᠢᠷᠠᠭᠤ ᠠᠯᠳᠠᠷᠲᠤ ᠤᠯᠠᠮᠵᠢᠯᠠᠯ ᠢ ᠪᠠᠳᠠᠷᠠᠭᠤᠯᠤᠨ ᠪᠦᠬᠦ ᠰᠡᠳᠬᠢᠯ ᠪᠦᠬᠦ ᠵᠣᠷᠢᠭ ᠢᠶᠠᠷ ᠢᠶᠠᠨ ᠠᠷᠠᠳ ᠲᠦᠮᠡᠨ ᠳᠤ ᠦᠢᠯᠡᠴᠢᠯᠡᠬᠦ ᠦᠨᠳᠦᠰᠦᠨ ᠵᠣᠷᠢᠯᠲᠠ ᠶᠢ ᠦᠢᠯᠡᠳᠦᠯᠭᠡᠵᠢᠭᠦᠯᠵᠦ ᠵᠠᠰᠠᠭ ᠢᠶᠠᠨ ᠬᠦᠷᠢᠶᠡᠯᠡᠨ ᠠᠷᠠᠳ ᠢᠶᠠᠨ ᠬᠠᠶᠢᠷᠠᠯᠠᠬᠤ ᠠᠵᠢᠯᠯᠠᠭ᠎ᠠ ᠶᠢ ᠥᠷᠨᠢᠭᠦᠯᠤᠨ ᠣᠷᠣᠨ ᠨᠤᠲᠤᠭ ᠤᠨ ᠠᠵᠤ ᠠᠬᠤᠶ ᠨᠡᠶᠢᠭᠡᠮ ᠤᠨ ᠪᠦᠲᠦᠭᠡᠨ ᠪᠠᠶᠢᠭᠤᠯᠤᠯᠲᠠ ᠳᠤ ᠤᠷᠤᠯᠴᠠᠵᠤ ᠠᠵᠤ ᠠᠬᠤᠶ ᠶᠢᠨ ᠪᠦᠲᠦᠭᠡᠨ ᠪᠠᠶᠢᠭᠤᠯᠤᠯᠲᠠ ᠳᠤ ᠥᠢᠯᠠᠴᠢᠯᠠᠭᠦ᠂ ᠨᠡᠶᠢᠭᠡᠮ ᠤᠨ ᠲᠣᠭᠲᠠᠭᠤᠨ ᠢ ᠬᠠᠮᠠᠭᠠᠯᠠᠬᠤ᠂ ᠠᠶᠤᠯ ᠭᠠᠮᠰᠢᠭ ᠠᠴᠠ ᠠᠪᠤᠷᠠᠬᠤ ᠵᠡᠷᠭᠡ ᠲᠠᠯ᠎ᠠ ᠪᠠᠷ ᠢᠳᠡᠪᠬᠢᠲᠡᠶ ᠬᠤᠪᠢ ᠨᠡᠮᠡᠷᠢ ᠥᠵᠠᠭᠦᠯᠤᠨ ᠮᠠᠨ ᠤ ᠬᠤᠰᠢᠭᠤᠨ ᠤ ︽ᠴᠢᠨᠠᠷ ᠰᠠᠶᠢᠲᠠᠶ ᠬᠥᠭᠵᠢᠯᠲᠡ ᠶᠢ ᠠᠬᠢᠭᠤᠯᠵᠤ᠂ ᠨᠤᠮᠢᠨ ᠲᠠᠩᠰᠤᠭ ᠭᠥᠭᠵᠢᠨ ᠮᠠᠨᠳᠤᠯᠳᠠ ᠶᠢ ᠪᠠᠶᠠᠯᠠᠭᠦᠯᠭᠦ︾ ᠳᠤ ᠬᠦᠴᠦᠨ ᠴᠢᠳᠠᠯ ᠢᠶᠠᠨ ᠡᠷᠭᠦᠭᠦ ᠶᠢ ᠭᠥᠰᠠᠵᠤ ᠪᠠᠶᠢᠨ᠎ᠠ ᠭᠡᠵᠡᠢ᠃ ᠡᠨᠡ ᠬᠤᠭᠤᠴᠠᠭᠠᠨ ᠳᠤ ᠡᠷᠳᠡᠨᠢᠪᠢᠯᠢᠭ ᠨᠡᠷ ᠪᠠᠰᠠ ᠪᠠᠴᠢᠮ ᠪᠠᠶᠢᠳᠠᠯ ᠢ ᠰᠢᠢᠳᠪᠦᠷᠢᠯᠡᠵᠤ ᠠᠪᠤᠷᠠᠨ ᠲᠤᠰᠠᠯᠠᠬᠤ ᠲᠣᠨᠤᠭ ᠲᠥᠭᠦᠭᠡᠷᠤᠮᠵᠢ᠂ ᠬᠦᠴᠦᠷᠬᠡᠭᠯᠡᠯ ᠢ ᠰᠡᠷᠭᠡᠶᠢᠯᠡᠵᠦ ᠰᠦᠷᠳᠡᠭᠦᠯᠦᠯ ᠢ ᠡᠰᠡᠷᠭᠦᠴᠡᠬᠦ ᠲᠣᠨᠤᠭ ᠲᠥᠬᠦᠭᠡᠷᠦᠮᠵᠢ᠂ ᠲᠡᠷᠭᠡ ᠮᠠᠰᠢᠨ ᠤ ᠲᠣᠨᠤᠭ ᠲᠥᠬᠦᠭᠡᠷᠦᠮᠵᠢ ᠵᠡᠷᠭᠡ ᠶᠢ ᠲᠣᠭᠤᠷᠢᠨ ᠦᠵᠡᠪᠡ᠃
     ᠬᠤᠰᠢᠭᠤ ᠵᠡᠪᠰᠡᠭᠲᠦ ᠴᠠᠭᠳᠠᠭ᠎ᠠ ᠶᠢᠨ ᠳᠤᠮᠳᠠ ᠠᠩᠭᠢ ᠳᠤ ᠡᠷᠳᠡᠨᠢᠪᠢᠯᠢᠭ ᠨᠡᠷ᠂ ᠵᠡᠪᠰᠡᠭᠲᠦ ᠴᠠᠭᠳᠠᠭ᠎ᠠ ᠶᠢᠨ ᠪᠠᠶᠢᠯᠳᠤᠭᠴᠢᠳ ᠤᠨ ᠡᠳᠦᠷ ᠲᠤᠲᠤᠮ ᠤᠨ ᠪᠣᠯᠪᠠᠰᠤᠷᠠᠯ ᠤᠨ ᠥᠵᠡᠭᠦᠯᠥᠯᠭᠡ ᠶᠢ ᠰᠣᠨᠢᠷᠬᠠᠨ ᠦᠵᠡᠵᠦ ᠳᠠᠷᠤᠭ᠎ᠠ ᠪᠠᠶᠢᠯᠳᠤᠭᠴᠢᠳ ᠤᠨ ᠡᠳᠦᠷ ᠲᠤᠲᠤᠮ ᠤᠨ ᠪᠣᠯᠪᠠᠰᠤᠷᠠᠯ᠂ ᠵᠢᠵᠢᠭᠦᠷᠯᠡᠵᠦ ᠪᠠᠶᠢᠭ᠎ᠠ ᠪᠠᠶᠢᠳᠠᠯ ᠢ ᠨᠠᠷᠢᠨ ᠣᠶᠢᠯᠠᠭᠠᠨ ᠴᠡᠷᠢᠭ ᠠᠩᠭᠢ ᠶᠢᠨ ᠪᠦᠲᠦᠭᠡᠨ ᠪᠠᠶᠢᠭᠤᠯᠤᠯᠲᠠ ᠶᠢᠨ ᠳᠤᠮᠳᠠ ᠲᠤᠯᠭᠠᠷᠠᠭᠰᠠᠨ ᠬᠦᠴᠢᠷᠳᠡᠯ ᠢ ᠯᠠᠪᠯᠠᠨ ᠠᠰᠠᠭᠤᠵᠤ ᠲᠤᠬᠠᠢ ᠶᠢᠨ ᠭᠠᠵᠠᠷ ᠲᠤᠨᠢ ᠵᠣᠬᠢᠴᠠᠭᠤᠯᠤᠨ ᠰᠢᠢᠳᠪᠤᠷᠢᠯᠠᠭᠦ ᠶᠢᠨ ᠬᠠᠮᠲᠤ ᠣᠯᠠᠨ ᠲᠠᠶᠠᠭᠠᠷ ᠲᠠᠢ ᠰᠠᠭᠦᠳᠡᠷ ᠲᠠᠳᠠᠵᠤ ᠳᠤᠷᠠᠰᠬᠠᠯ ᠥᠯᠡᠳᠡᠭᠡᠪᠠ᠃ ᠡᠷᠳᠡᠨᠢᠪᠢᠯᠢᠭ ᠵᠢᠭᠠᠵᠤ ᠭᠠᠷᠭᠠᠭᠰᠠᠨ ᠨᠢ᠂ ᠬᠤᠰᠢᠭᠤ ᠵᠡᠪᠰᠡᠭᠲᠦ ᠴᠠᠭᠳᠠᠭ᠎ᠠ ᠶᠢᠨ ᠳᠤᠮᠳᠠ ᠠᠩᠭᠢ ᠶᠢᠨ ᠳᠠᠷᠤᠭ᠎ᠠ ᠪᠠᠶᠢᠯᠳᠤᠭᠴᠢᠳ ᠣᠷᠣᠨ ᠨᠤᠲᠤᠭ ᠤᠨ ᠠᠵᠢᠯ ᠳᠤ ᠣᠷᠣᠯᠴᠠᠵᠤ ᠮᠠᠨ ᠤ ᠬᠤᠰᠢᠭᠤᠨ ᠤ ᠠᠵᠤ ᠠᠬᠤᠢ ᠶᠢᠨ ᠭᠥᠭᠵᠢᠯᠳᠠ ᠪᠣᠯᠤᠨ ᠨᠡᠶᠢᠬᠡᠮ ᠤᠨ ᠲᠣᠭᠲᠠᠭᠤᠨ ᠳᠤ ᠳᠤᠪᠤᠶᠢᠮ᠎ᠠ ᠬᠤᠪᠢ ᠨᠡᠮᠡᠷᠢ ᠦᠵᠡᠭᠦᠯᠪᠡ᠃ ᠬᠤᠶᠢᠰᠢᠳᠠ ᠨᠠᠮ ᠪᠠ ᠠᠷᠠᠳ ᠲᠦᠮᠡᠨ ᠤ ᠬᠦᠨᠳᠦ ᠨᠠᠶᠢᠳᠠᠯᠭ᠎ᠠ ᠶᠢ ᠪᠠᠲᠤ ᠴᠡᠭᠡᠵᠢᠯᠡᠵᠦ ᠬᠦᠴᠢᠷ ᠵᠣᠪᠠᠯᠠᠩ ᠢ ᠲᠤᠭᠤᠯᠤᠨ ᠪᠥᠬᠦ ᠬᠤᠰᠢᠭᠤᠨ ᠤ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠳᠤ ᠨᠠᠩ ᠶᠡᠭᠡ ᠰᠢᠨ᠎ᠡ ᠬᠤᠪᠢ ᠨᠠᠮᠠᠷᠢ ᠭᠠᠷᠭᠠᠬᠤ ᠶᠢ ᠭᠥᠰᠡᠵᠤ ᠪᠠᠶᠢᠨ᠎ᠠ᠃ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠴᠡᠷᠢᠭ ᠠᠩᠭᠢ ᠯᠤᠭ᠎ᠠ ᠶᠢᠨ ᠬᠠᠷᠢᠯᠴᠠᠭ᠎ᠠ ᠪᠠᠨ ᠴᠢᠩᠭᠠᠳᠬᠠᠵᠤ ᠡᠯ᠎ᠡ ᠲᠥᠷᠤᠯ ᠤᠨ ᠥᠢᠯᠡᠴᠢᠯᠡᠭᠡᠨ ᠤ ᠪᠠᠲᠤᠯᠠᠭ᠎ᠠ ᠶᠢᠨ ᠠᠵᠢᠯ ᠢ ᠰᠠᠶᠢᠲᠤᠷ ᠬᠢᠵᠦ ᠴᠡᠷᠢᠭ ᠠᠩᠭᠢ ᠶᠢᠨ ᠳᠠᠷᠤᠭ᠎ᠠ ᠪᠠᠶᠢᠯᠳᠤᠭᠴᠢᠳ ᠲᠤ ᠪᠣᠳᠠᠲᠤ ᠶᠠᠪᠤᠳᠠᠯ ᠰᠠᠶᠢᠨ ᠶᠠᠪᠤᠳᠠᠯ ᠬᠢᠵᠦ ᠬᠦᠴᠢᠷ ᠢ ᠨᠢ ᠰᠢᠢᠳᠪᠤᠷᠢᠯᠠᠨ ᠥᠭᠬᠦ ᠬᠡᠷᠡᠭᠲᠡᠶ ᠭᠡᠵᠡᠢ᠃
     ᠬᠤᠰᠢᠭᠤ ᠭᠠᠯ ᠤᠨᠲᠠᠷᠠᠭᠠᠬᠤ ᠶᠡᠭᠡ ᠠᠩᠭᠢ ᠳᠤ ᠡᠷᠳᠡᠨᠢᠪᠢᠯᠢᠭ ᠨᠡᠷ᠂ ᠵᠢᠯᠤᠭᠤᠳᠤᠭᠴᠢ ᠪᠠᠶᠢᠯᠳᠤᠭᠴᠢᠳ ᠲᠤ ᠪᠠᠶᠠᠷ ᠤᠨ ᠡᠳᠦᠷ ᠤᠨ ᠮᠡᠨᠳᠦᠴᠢᠯᠡᠯ ᠳᠡᠪᠰᠢᠭᠦᠯᠵᠦ ᠣᠯᠠᠨ ᠢᠶᠠᠷ ᠢᠶᠠᠨ ᠦᠷᠭᠦᠯᠵᠢᠯᠡᠨ ᠠᠷᠠᠳ ᠤᠨ ᠲᠥᠯᠥᠭᠡ ᠵᠢᠳᠬᠦᠬᠦ ᠵᠣᠷᠢᠭ ᠰᠠᠨᠠᠭ᠎ᠠ‌‍ᠶᠢ ᠪᠠᠳᠠᠷᠠᠭᠤᠯᠤᠨ ᠪᠠᠴᠢᠮ ᠪᠠᠶᠢᠳᠠᠯ ᠢ ᠰᠢᠢᠳᠪᠦᠷᠢᠯᠡᠵᠤ ᠠᠪᠤᠷᠠᠨ ᠲᠤᠰᠠᠯᠠᠬᠤ ᠭᠤᠣᠯ ᠬᠦᠴᠦᠨ ᠤ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠨ ᠪᠦᠬᠦ ᠬᠤᠰᠢᠭᠤᠨ ᠤ ᠭᠠᠯ ᠤᠨᠲᠠᠷᠠᠭᠠᠬᠤ ᠠᠮᠤᠷ ᠲᠦᠪᠰᠢᠨ ᠤ ᠠᠵᠢᠯ ᠢ ᠰᠠᠶᠢᠲᠤᠷ ᠬᠢᠵᠦ ᠪᠦᠬᠦ ᠬᠤᠰᠢᠭᠤᠨ ᠤ ᠴᠢᠨᠠᠷ ᠰᠠᠶᠢᠲᠠᠢ ᠬᠥᠭᠵᠢᠯᠲᠡ ᠳᠤ ᠰᠢᠨ᠎ᠡ ᠭᠠᠪᠢᠶ᠎ᠠ ᠪᠠᠶᠢᠭᠤᠯᠬᠤ ᠪᠠᠷ ᠴᠢᠷᠮᠠᠶᠢᠬᠤ ᠭᠡᠷᠡᠭᠳᠠᠢ ᠭᠡᠵᠡᠢ᠃ ᠡᠷᠳᠡᠨᠢᠪᠢᠯᠢᠭ ᠴᠢᠬᠤᠯᠠᠴᠢᠯᠠᠭᠰᠠᠨ ᠨᠢ᠂ ᠬᠤᠰᠢᠭᠤ ᠭᠠᠯ ᠤᠨᠲᠠᠷᠠᠭᠠᠬᠤ ᠶᠡᠭᠡ ᠠᠩᠭᠢ ᠰᠢᠨ᠎ᠡ ᠴᠠᠭ ᠦᠶ᠎ᠡ ᠶᠢᠨ ᠡᠭᠦᠷᠭᠡ ᠬᠠᠷᠢᠭᠤᠴᠠᠯᠭ᠎ᠠ ᠪᠠᠨ ᠡᠭᠦᠷᠭᠡᠯᠠᠨ ᠡᠯ᠎ᠡ ᠠᠵᠤ ᠠᠬᠤᠶᠢᠯᠠᠯ ᠤᠨ ᠲᠤᠰᠬᠠᠶ ᠠᠵᠢᠯ ᠤᠨ ᠡᠩᠨᠡᠭᠡ ᠲᠠᠢ ᠬᠠᠮᠲᠤᠷᠠᠨ ᠵᠢᠵᠢᠭᠦᠷᠯᠡᠵᠦ ᠬᠠᠮᠲᠤᠷᠠᠨ ᠪᠤᠯᠪᠠᠰᠤᠷᠠᠵᠤ ᠬᠤᠯᠪᠣᠭᠠᠯᠠᠨ ᠬᠥᠳᠡᠯᠦᠯᠴᠡᠬᠦ ᠠᠵᠢᠯ ᠢ ᠲᠠᠰᠤᠷᠠᠯᠲᠠ ᠦᠭᠡᠢ ᠴᠢᠩᠭᠠᠳᠬᠠᠵᠤ ᠭᠠᠯ ᠤᠨᠲᠠᠷᠠᠭᠠᠬᠤ ᠪᠠᠴᠢᠮ ᠪᠠᠶᠢᠳᠠᠯ ᠢ ᠰᠢᠢᠳᠪᠦᠷᠢᠯᠡᠵᠤ ᠠᠪᠤᠷᠠᠨ ᠲᠤᠰᠠᠯᠠᠬᠤ ᠰᠣᠷᠢᠯᠲᠠ ᠶᠢ ᠥᠷᠨᠢᠭᠦᠯᠤᠨ ᠪᠦᠬᠦ ᠬᠤᠰᠢᠭᠤᠨ ᠤ ᠠᠷᠠᠳ ᠣᠯᠠᠨ ᠤ ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠳᠤ ᠬᠦᠴᠦᠲᠡᠢ ᠪᠠᠲᠤᠯᠠᠭ᠎ᠠ ᠬᠠᠩᠭᠠᠬᠤ ᠭᠡᠷᠡᠭᠳᠠᠢ ᠭᠡᠵᠡᠢ  ᠃
 
ᠢᠷᠡᠯᠲᠡ᠄ ᠥᠥᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号