ᠤᠷᠳᠤᠰ ᠨᠠᠷᠢᠨ ᠨᠤᠤᠰᠤᠳᠤ ᠬᠤᠨᠢᠨ ᠤ ᠭᠤᠤᠯ ᠭᠠᠷᠤᠯᠳᠠ ᠶᠢᠨ ᠤᠷᠤᠨ ᠪᠤᠯᠤᠭᠰᠠᠨ ᠰᠠᠷᠠᠭᠤᠯᠨᠤᠳᠤᠭ | ᠭᠠᠴᠠᠭ᠎ᠠ ᠬᠢᠵᠢᠭ ᠤᠨ ᠨᠦᠯᠦᠬᠡᠯᠡᠯ ᠠᠴᠠ ᠪᠤᠯᠤᠭᠰᠠᠨ ᠮᠠᠯᠴᠢᠳ ᠤᠨ ᠬᠤᠬᠢᠷᠠᠯ ᠢ ᠪᠠᠭᠠᠰᠬᠠᠵᠤ ᠨᠡᠩ ᠰᠢᠯᠢᠳᠡᠭ | ᠴᠢᠨᠠᠷ ᠤᠨ ᠬᠤᠨᠢᠨ ᠨᠤᠤᠰᠤ ᠶᠢ ᠵᠠᠬ᠎ᠠ ᠲᠡᠯᠬᠡᠬᠦᠷ ᠲᠤ ᠭᠠᠷᠭᠠᠬᠤ ᠶᠢᠨ ᠲᠥᠯᠥᠭᠡ ᠨᠤᠤᠰᠤ ᠬᠤᠷᠢᠶᠠᠳᠠᠭ ᠠᠵᠤ | ᠠᠬᠤᠶᠢᠯᠠᠯ ᠢ ᠰᠢᠭᠤᠳ ᠮᠠᠯᠴᠢᠳ ᠤᠨ ᠡᠬᠦᠳᠡᠨ ᠲᠡᠭᠡᠷ᠎ᠡ ᠤᠷᠢᠨ ᠠᠪᠴᠢᠷᠠᠵᠤ ᠰᠢᠯᠢᠳᠡᠭ ᠴᠢᠨᠠᠷ ᠤᠨ ᠨᠤᠤᠰᠤᠨ ᠤ | ᠰᠢᠭᠰᠢᠯᠳᠡ ᠶᠢ ᠶᠠᠪᠤᠭᠳᠠᠭᠤᠯᠤᠨ ᠴᠢᠨᠠᠷ ᠰᠠᠶᠢᠲᠠᠢ ᠨᠤᠤᠰᠤ ᠦᠨᠳᠦᠷ ᠦᠨ᠎ᠡ ᠳᠤ ᠬᠦᠷᠬᠦ ᠶᠢ ᠪᠠᠳᠤᠯᠠᠵᠤ ᠪᠠᠶᠢᠨ᠎ᠠ᠃ | ᠣᠷᠳᠣᠰ ᠨᠠᠷᠢᠨ ᠨᠣᠣᠰᠣᠲᠤ ᠬᠤᠨᠢᠨ ᠤ ᠭᠤᠤᠯ ᠭᠠᠷᠤᠯᠲᠠ ᠶᠢᠨ ᠰᠠᠭᠤᠷᠢᠨ ᠭᠠᠵᠠᠷ ᠪᠣᠯᠬᠤ ᠭᠠᠯᠠᠭᠤᠲᠤ | ᠪᠠᠯᠭᠠᠰᠤᠨ ᠤ ᠰᠠᠷᠠᠭᠤᠯᠨᠤᠲᠤᠭ ᠭᠠᠴᠠᠭᠠᠨ ᠳᠤ ᠵᠢᠶᠠᠩᠰᠦ ᠮᠤᠵᠢ ᠶᠢᠨ ᠨᠠᠨᠵᠢᠩ ᠬᠤᠳᠠ ᠠᠴᠠ ᠢᠷᠡᠭᠰᠡᠨ ᠠᠷᠪᠠᠨ | ᠬᠡᠳᠦᠨ ᠨᠣᠣᠰᠤᠨ ᠨᠡᠬᠡᠮᠡᠯᠴᠢᠨ ᠮᠠᠯᠴᠢᠳ ᠲᠠᠢ ᠬᠠᠮᠲᠤ ᠨᠤᠤᠰᠤᠨ ᠲᠡᠭᠡᠷ᠎ᠡ ᠨᠠᠭᠠᠯᠳᠤᠭᠰᠠᠨ ᠰᠢᠭᠢᠭ ᠬᠤᠷᠭᠤᠤᠯ᠂ | ᠡᠪᠡᠰᠦ᠂ ᠪᠤᠳᠤᠭ ᠲᠡᠮᠳᠡᠭ ᠵᠡᠷᠬᠡ ᠶᠢ ᠠᠷᠢᠯᠭᠠᠵᠤ ᠴᠢᠨᠠᠷ ᠰᠠᠶᠢᠲᠠᠢ ᠬᠤᠨᠢᠨ ᠨᠣᠣᠰᠣ ᠶᠢ ᠰᠢᠯᠢᠨ ᠰᠤᠩᠭᠤᠵᠤ ᠪᠠᠶᠢᠯ᠎ᠠ | ᠃ ᠥᠩᠭᠡᠷᠡᠭᠰᠡᠨ ᠲᠠᠢ ᠪᠠᠨ ᠠᠳᠠᠯᠢ ᠦᠭᠡᠢ ᠨᠢ ᠬᠡᠪᠠᠯ ᠡᠨᠡ ᠵᠢᠯ ᠨᠣᠤᠰᠤᠨᠤ ᠦᠢᠯᠡᠳᠪᠦᠷᠢ ᠰᠢᠯᠢᠨ ᠰᠣᠩᠭᠤᠬᠤ | ᠭᠤᠭᠴᠤᠭ᠎ᠠ ᠪᠠᠨ ᠰᠢᠭᠤᠳ ᠨᠤᠤᠰᠤᠨ ᠤ ᠭᠠᠷᠤᠯᠲᠠ ᠶᠢᠨ ᠭᠠᠵᠠᠷ ᠪᠣᠯᠬᠤ ᠮᠠᠯᠴᠢᠳ ᠤᠨ ᠡᠬᠦᠳᠡᠨ ᠲᠡᠭᠡᠷ᠎ᠡ | ᠶᠠᠪᠤᠭᠳᠠᠭᠤᠯᠵᠤ ᠪᠠᠶᠢᠨ᠎ᠠ᠃ ᠡᠨᠡ ᠨᠢ ᠴᠢᠨᠠᠷ ᠰᠠᠶᠢᠲᠠᠢ ᠬᠤᠨᠢᠨ ᠨᠣᠣᠰᠣ ᠶᠢ ᠬᠡᠷᠬᠢᠨ ᠰᠢᠯᠢᠨ ᠰᠤᠩᠭᠤᠬᠤ ᠶᠢ | ᠰᠢᠭᠤᠳ ᠮᠠᠯᠴᠢᠳ ᠲᠤ ᠵᠢᠭᠠᠨ ᠵᠢᠯᠤᠭᠤᠳᠤᠭᠰᠠᠨ ᠮᠦᠷᠳᠡᠭᠡᠨ ᠠᠵᠤ ᠠᠬᠤᠶᠢᠯᠠᠯ ᠤᠨ ᠦᠢᠯᠡᠳᠪᠦᠷᠢᠯᠡᠯ ᠪᠠ | ᠲᠡᠭᠡᠭᠡᠪᠤᠷᠢ ᠶᠢᠨ ᠥᠪᠡᠷ ᠤᠨ ᠥᠷᠲᠡᠭ ᠢ ᠶᠡᠬᠡᠪᠡᠷ ᠠᠷᠪᠢᠯᠠᠵᠠᠢ᠃ | ᠵᠢᠶᠠᠩᠰᠦ ᠮᠤᠵᠢ ᠶᠢᠨ ᠵᠠᠩ ᠵᠢᠶᠠ ᠭᠠᠩ ᠬᠤᠲᠠ ᠶᠢᠨ ᠼᠠᠩ ᠵᠢᠶᠠᠨ ᠨᠣᠤᠰᠣᠨ ᠨᠡᠬᠡᠮᠡᠯ ᠤᠨ ᠬᠢᠵᠠᠭᠠᠷᠲᠤ | ᠺᠤᠮᠫᠠᠨᠢ ᠶᠢᠨ ᠨᠤᠤᠰᠤᠨ ᠤ ᠶᠠᠰᠤ ᠴᠢᠨᠠᠷ ᠢ ᠰᠢᠯᠭᠠᠨ ᠪᠠᠶᠢᠴᠠᠭᠠᠭᠴᠢ ᠱᠠ ᠴᠥᠩ᠄ ︽ᠡᠨᠡ ᠤᠳᠠᠭᠠ᠊ ᠤ ᠰᠢᠯᠢᠨ | ᠰᠤᠩᠭᠤᠬᠤ ᠠᠷᠭ᠎ᠠ ᠬᠡᠯᠪᠡᠷᠢ ᠨᠢ ᠥᠩᠭᠡᠷᠡᠭᠰᠡᠨ ᠤ ᠬᠢ ᠲᠠᠢ ᠠᠳᠠᠯᠢ ᠦᠭᠡᠶ ᠪᠤᠯᠵᠠᠢ᠃ ᠪᠢᠳᠠ ᠬᠤᠶᠠᠳᠠᠬᠢ ᠤᠳᠠᠭ᠎ᠠ | ᠲᠠᠬᠢᠨ ᠰᠢᠯᠢᠨ ᠰᠣᠩᠭᠤᠬᠤ ᠶᠠᠪᠤᠴᠠ ᠶᠢ ᠨᠡᠮᠡᠪᠡ᠃ ᠲᠤᠰᠬᠠᠶ ᠮᠡᠷᠭᠡᠵᠢᠯᠲᠡᠨ ᠠᠴᠠ ᠮᠠᠨ ᠤ ᠮᠠᠯᠴᠢᠳ ᠲᠤ ᠵᠢᠭᠠᠨ | ᠵᠢᠯᠤᠭᠤᠳᠤᠭᠰᠠᠨ ᠢᠶᠠᠷ ᠮᠠᠯᠴᠢᠳ ᠤᠨ ᠴᠢᠨᠠᠷ ᠰᠠᠶᠢᠲᠠᠢ ᠨᠤᠤᠰᠤ ᠰᠢᠯᠢᠨ ᠰᠤᠩᠭᠤᠬᠤ ᠤᠬᠠᠮᠰᠠᠷ ᠢ ᠦᠨᠳᠦᠷᠵᠢᠭᠦᠯᠵᠦ | ᠪᠦᠬᠦ ᠦᠥᠰᠢᠨ ᠬᠤᠰᠢᠭᠤᠨ ᠠᠴᠠ ᠨᠡᠩ ᠴᠢᠨᠠᠷ ᠰᠠᠶᠢᠲᠠᠢ ᠨᠤᠤᠰᠤ ᠵᠠᠬ᠎ᠠ ᠲᠡᠯᠬᠡᠬᠦᠷ ᠲᠤ ᠭᠠᠷᠬᠤ ᠶᠢ ᠪᠠᠳᠤᠯᠠᠵᠤ | ᠲᠡᠶᠢᠯᠦᠨ᠎ᠠ︾ ᠭᠡᠪᠡ᠃ | ᠨᠣᠤᠰᠣᠨ ᠨᠡᠬᠡᠮᠡᠯᠴᠢᠨ ᠲᠠᠢ ᠬᠠᠮᠲᠤ ᠴᠢᠨᠠᠷ ᠰᠠᠶᠢᠲᠠᠢ ᠨᠤᠤᠰᠤ ᠶᠢ ᠰᠢᠯᠢᠨ ᠰᠤᠩᠭᠤᠵᠤ ᠪᠠᠶᠢᠭ᠎ᠠ ᠭᠠᠴᠠᠭᠠᠨ ᠤ | ᠲᠡᠵᠢᠭᠡᠪᠤᠷᠢ ᠶᠢᠨ ᠲᠤᠮᠤ ᠡᠷᠦᠬᠡ ᠬᠠᠰᠴᠢᠯᠠᠭᠤ ᠶᠢᠨ ᠬᠢᠨ ᠵᠢᠯ ᠪᠦᠷᠢ 2000 ᠭᠠᠷᠤᠶ ᠵᠢᠩ ᠨᠣᠤᠰᠣ ᠬᠠᠶᠢᠴᠢᠯᠠᠳᠠᠭ | ᠪᠠᠶᠢᠨ᠎ᠠ᠃ ᠬᠢᠵᠢᠭ ᠤᠨ ᠨᠥᠯᠦᠭᠡᠯᠡᠯ ᠢᠶᠠᠷ ᠡᠨᠡ ᠵᠢᠯ ᠤᠨ ᠨᠣᠤᠰᠣᠨ ᠤ ᠦᠨ᠎ᠡ ᠬᠠᠩᠰᠢ ᠳᠣᠤᠷ᠎ᠠ ᠪᠥᠭᠡᠳ ᠵᠠᠬ᠎ᠠ | ᠳᠡᠯᠭᠡᠭᠦᠷ ᠤᠨ ᠪᠠᠶᠢᠳᠠᠯ ᠲᠣᠭᠲᠠᠭᠤᠨ ᠪᠤᠰᠤ ᠠᠴᠠ ᠪᠣᠯᠵᠣ ᠪᠣᠷᠣᠯᠠᠭᠤᠯᠭ᠎ᠠ ᠶᠢ ᠰᠢᠭᠤᠳ ᠨᠥᠯᠦᠭᠡᠯᠡᠵᠡᠢ᠃ ᠭᠠᠴᠠᠭ᠎ᠠ | ᠪᠣᠯᠤᠨ ᠦᠢᠯᠡᠳᠪᠦᠷᠢ ᠤᠨ ᠬᠢᠨ ᠬᠠᠮᠳᠤᠷᠠᠨ ᠮᠡᠷᠭᠡᠵᠢᠯᠲᠡᠳ ᠠᠴᠠ ᠮᠠᠯᠴᠢᠳ ᠢ ᠬᠠᠪᠰᠤᠷᠤᠨ ᠨᠡᠩ ᠰᠢᠯᠢᠳᠡᠭ | ᠴᠢᠨᠠᠷ ᠤᠨ ᠨᠣᠣᠰᠤ ᠶᠢ ᠰᠢᠯᠢᠨ ᠰᠤᠩᠭᠤᠵᠤ ᠭᠠᠷᠭᠠᠭᠰᠠᠨ ᠢᠶᠠᠷ ᠤᠤᠯ ᠤᠨ ᠬᠢ ᠠᠴᠠ 2-3 ᠲᠥᠭᠦᠷᠢᠭ ᠤᠨ | ᠥᠨᠳᠥᠷ ᠦᠨ᠎ᠡ ᠪᠠᠷ ᠪᠣᠷᠤᠯᠠᠭᠤᠯᠪᠠ᠃ | ᠭᠠᠯᠠᠭᠤᠲᠤ ᠪᠠᠯᠭᠠᠰᠤᠨ ᠤ ᠰᠠᠷᠠᠭᠤᠯᠨᠤᠲᠤᠭ ᠭᠠᠴᠠᠭᠠᠨ ᠤ ᠮᠠᠯᠴᠢᠨ ᠬᠠᠰᠴᠢᠯᠠᠭᠤ᠄ ︽ᠥᠨᠥ ᠵᠢᠯ ᠮᠠᠨ ᠤ | ᠭᠠᠴᠠᠭᠠᠨ ᠤ ᠬᠢᠨ ᠠᠬᠠᠷ ᠢᠶᠠᠨ ᠨᠢᠭᠡᠳᠤᠯᠲᠠᠢ ᠪᠤᠷᠤᠯᠠᠭᠤᠯᠬᠤ᠂ ᠨᠢᠭᠡᠳᠤᠯᠲᠠᠢ ᠰᠠᠯᠭᠠᠭᠰᠠᠨ ᠤ ᠳᠠᠷᠠᠭ᠎ᠠ ᠰᠢᠭᠤᠳ | ᠦᠢᠯᠡᠳᠪᠦᠷᠢ ᠳᠤ ᠪᠤᠷᠤᠯᠠᠭᠤᠯᠪᠠ᠃ ᠡᠨᠡ ᠵᠢᠯ ᠤᠨ ᠪᠠᠶᠢᠳᠠᠯ ᠳᠤ ᠨᠢᠭᠡ ᠵᠢᠩ ᠳᠡᠭᠡᠷ᠎ᠡ 2 ~ 3 ᠲᠥᠭᠦᠷᠢᠭ ᠤᠨ | ᠵᠥᠷᠢᠶ᠎ᠡ ᠭᠠᠷᠴᠤ᠂ ᠨᠢᠭᠡ ᠲᠤᠨ ᠳᠡᠭᠡᠷ᠎ᠡ 4000 ~ 6000 ᠲᠥᠬᠦᠷᠢᠭ ᠤᠨ ᠵᠥᠷᠢᠶ᠎ᠡ ᠭᠠᠷᠤᠨ᠎ᠠ᠃ ᠢᠩᠬᠢᠵᠤ | ᠬᠤᠳᠠᠯᠳᠤᠭᠰᠠᠭᠠᠷ ᠮᠠᠨ ᠤ ᠮᠠᠯᠴᠢᠳ ᠤᠨ ᠣᠷᠣᠯᠭ᠎ᠠ ᠵᠠᠭᠤᠨ ᠤ ᠠᠷᠪᠠ ᠪᠠᠷ ᠨᠠᠮᠡᠭᠳᠡᠨᠡ︾ ᠭᠡᠪᠡ᠃ | ᠰᠠᠷᠠᠭᠤᠯᠨᠤᠲᠤᠭ ᠭᠠᠴᠠᠭ᠎ᠠ ᠪᠠᠷ ᠵᠢᠱᠢᠶᠡᠯᠡᠬᠦ ᠳᠤ᠂ ᠵᠢᠯ ᠳᠤ 28 ᠲᠦᠮᠡᠨ ᠵᠢᠩ ᠨᠣᠣᠰᠣ ᠪᠤᠷᠤᠯᠠᠭᠤᠯᠳᠠᠭ᠃ | 2018 ᠣᠨ ᠳᠤ 728 ᠲᠦᠮᠡᠨ ᠲᠦᠭᠦᠷᠢᠭ ᠤᠨ ᠨᠤᠤᠰᠤᠨ ᠤ ᠣᠷᠣᠯᠭ᠎ᠠ ᠶᠢ ᠡᠭᠦᠳᠴᠦ ᠨᠣᠤᠰᠣᠨ ᠤ | ᠣᠷᠣᠯᠭ᠎ᠠ ᠨᠢ ᠨᠢᠭᠡᠨᠲᠡ ᠮᠠᠯᠴᠢᠳ ᠤᠨ ᠪᠦᠬᠦ ᠵᠢᠯ ᠤᠨ ᠣᠷᠣᠯᠭ᠎ᠠ ᠶᠢᠨ ᠭᠤᠷᠪᠠᠨ ᠤ ᠨᠢᠭᠡ ᠶᠢ ᠡᠵᠡᠯᠡᠭᠰᠡᠨ ᠪᠠᠶᠢᠵᠠᠢ᠃ | ᠡᠨᠡ ᠤᠳᠠᠭ᠎ᠠ ᠨᠤᠤᠰᠤᠨ ᠤ ᠠᠵᠤ ᠠᠬᠤᠶᠢᠯᠠᠯ ᠢ ᠰᠢᠭᠤᠳ ᠮᠠᠯᠴᠢᠳ ᠤᠨ ᠡᠬᠦᠳᠡᠨ ᠲᠡᠭᠡᠷ᠎ᠡ ᠤᠷᠢᠨ ᠠᠪᠴᠢᠷᠠᠵᠤ | ᠨᠤᠤᠰᠤᠨ ᠤ ᠰᠤᠩᠭᠤᠯᠳᠠ ᠶᠢ ᠶᠠᠪᠤᠭᠳᠠᠭᠤᠯᠤᠭᠰᠠᠨ ᠢᠶᠠᠷ ᠨᠣᠣᠰᠤᠨ ᠤ ᠦᠨ᠎ᠡ ᠶᠢ ᠵᠢᠩ ᠲᠤᠳᠤᠮ ᠬᠤᠶᠠᠷ ᠠᠴᠠ | ᠭᠤᠷᠪᠠᠨ ᠲᠥᠭᠦᠷᠢᠭ ᠨᠡᠮᠡᠭᠳᠡᠭᠦᠯᠵᠦ ᠴᠢᠳᠠᠵᠠᠢ᠃ ᠡᠨᠡ ᠠᠷᠭ᠎ᠠ ᠬᠡᠮᠵᠢᠶ᠎ᠠ ᠨᠢ ᠲᠤᠰ ᠭᠠᠴᠠᠭᠠᠨ ᠤ 278 ᠡᠷᠦᠬᠡ | ᠮᠠᠯᠴᠢᠨ ᠲᠠᠷᠢᠶᠠᠴᠢᠨ ᠳᠤ ᠪᠠᠷᠤᠭ 35 ᠲᠦᠮᠡᠨ ᠲᠥᠭᠦᠷᠢᠭ ᠶᠢᠨ ᠣᠷᠣᠯᠭ᠎ᠠ ᠶᠢ ᠡᠭᠦᠳᠦᠭᠰᠡᠨ ᠪᠠᠶᠢᠨ᠎ᠠ᠃ | ᠭᠠᠯᠠᠭᠤᠲᠤ ᠪᠠᠯᠭᠠᠰᠤᠨ ᠤ ᠰᠠᠷᠠᠭᠤᠯᠨᠤᠲᠤᠭ ᠭᠠᠴᠠᠭᠠᠨ ᠤ ᠨᠠᠮ ᠤᠨ ᠡᠭᠦᠷ ᠤᠨ ᠱᠦᠵᠢ ᠪᠦᠷᠢᠨᠪᠠᠲᠤ᠄ ︽ | ᠪᠦᠬᠦ ᠭᠠᠴᠠᠭᠠᠨ ᠤ ᠮᠠᠯᠴᠢᠳ ᠢ ᠵᠤᠬᠢᠶᠠᠨ ᠪᠠᠶᠢᠭᠤᠯᠵᠤ ᠬᠠᠰᠴᠢᠯᠠᠭᠤ᠂ ᠬᠠᠰᠭᠡᠷᠡᠯᠲᠤ᠂ ᠪᠠᠲᠤᠮᠥ᠋ᠩᠬᠡ ᠮᠡᠲᠦ ᠶᠢᠨ | ᠴᠢᠳᠠᠪᠤᠷᠢ ᠲᠠᠢ ᠮᠠᠯᠴᠢᠳ ᠢᠶᠠᠷ ᠲᠣᠯᠤᠭᠠᠶᠢᠯᠠᠭᠤᠯᠵᠤ ᠠᠬᠠᠷ ᠢ ᠭᠠᠴᠠᠭᠠᠨ ᠤ ᠠᠬᠠᠷ ᠤᠨ ᠬᠦᠮᠦᠷᠭᠡ ᠳᠤ ᠨᠢᠭᠡᠳᠤᠯᠲᠠᠢ | ᠬᠤᠷᠢᠶᠠᠵᠦ᠂ ᠨᠢᠭᠡᠳᠤᠯᠲᠠᠢ ᠰᠠᠯᠭᠠᠵᠤ᠂ ᠨᠢᠭᠡᠳᠤᠯᠲᠠᠢ ᠪᠣᠭᠤᠳᠠᠯᠯᠠᠵᠤ᠂ ᠨᠢᠭᠡᠳᠤᠯᠲᠠᠢ ᠪᠤᠷᠤᠯᠠᠭᠤᠯᠬᠤ ᠠᠷᠭ᠎ᠠ | ᠠᠪᠴᠠᠯ ᠢ ᠠᠪᠴᠤ ᠬᠦᠴᠢᠷ ᠪᠡᠷᠬᠡᠰᠢᠶᠡᠯᠲᠡᠢ ᠴᠠᠭ ᠦᠶ᠎ᠡ ᠳᠤ ᠠᠵᠠ ᠵᠠᠪᠰᠢᠶᠠᠨ ᠢ ᠬᠠᠶᠢᠵᠦ ᠮᠠᠯᠴᠢᠳ ᠤᠨ | ᠠᠬᠠᠷ ᠤᠨ ᠦᠨ᠎ᠡ ᠶᠢ ᠰᠠᠶᠢᠨ ᠦᠨ᠎ᠡ ᠳᠤ ᠬᠦᠷᠭᠡᠨ ᠦᠦᠰᠢᠨ ᠠᠬᠠᠷ ᠤᠨ ᠰᠢᠯᠢᠳᠡᠭ ᠴᠢᠨᠠᠷ ᠢ ᠤᠯᠠᠮ ᠨᠢᠭᠡ | ᠠᠯᠬᠤᠮ ᠳᠤᠪᠤᠶᠢᠯᠭᠠᠵᠤ ᠳᠡᠯᠡᠭᠡᠢ ᠶᠢᠨ ᠵᠠᠬ᠎ᠠ ᠳᠡᠯᠭᠡᠭᠦᠷ ᠲᠠᠬᠢ ᠥᠷᠢᠰᠥᠯᠳᠦᠬᠦ ᠴᠢᠳᠠᠪᠣᠷᠢ ᠶᠢ ᠳᠡᠭᠡᠭᠰᠢᠯᠡᠬᠦᠯᠬᠦ ᠶᠢᠨ | ᠲᠥᠯᠥᠭᠡ ᠡᠨᠡ ᠤᠳᠠᠭᠠᠨ ᠤ ᠠᠬᠠᠷ ᠰᠠᠯᠭᠠᠬᠤ ᠠᠵᠢᠯ ᠢ ᠪᠣᠯ ᠲᠤᠰᠬᠠᠢ ᠭᠠᠳᠠᠨ᠎ᠠ ᠠᠴᠠ ᠮᠡᠷᠭᠡᠵᠢᠯᠲᠡᠨ ᠤᠷᠢᠵᠤ | ᠨᠠᠷᠢᠨ ᠡᠷᠴᠢᠮ ᠲᠠᠢ ᠬᠢᠭᠰᠡᠨ ᠪᠠᠶᠢᠨ᠎ᠠ︾ ᠭᠡᠪᠡ᠃ | ᠮᠠᠨ ᠤ ᠬᠤᠰᠢᠭᠤᠨ ᠳᠤ ᠣᠷᠳᠣᠰ ᠨᠠᠷᠢᠨ ᠨᠣᠣᠰᠣᠲᠤ ᠬᠤᠨᠢᠨ ᠤ ᠲᠤᠭ᠎ᠠ ᠲᠤᠯᠤᠭᠠᠢ ᠨᠢᠭᠡᠨᠲᠡ 120 | ᠲᠦᠮᠡ ᠳᠤ ᠬᠦᠷᠴᠦ ᠵᠢᠯ ᠳᠤ 4000 ᠭᠠᠷᠤᠶ ᠲᠣᠨ ᠨᠤᠤᠰᠤ ᠪᠤᠷᠤᠯᠠᠭᠤᠯᠵᠤ ᠪᠠᠶᠢᠳᠠᠭ ᠠᠴᠠ ᠤᠯᠤᠰ ᠤᠨ | ᠳᠣᠲᠣᠭᠠᠳᠤ ᠶᠢᠨ ᠬᠠᠮᠤᠭ ᠤᠨ ᠪᠦᠷᠢᠨ ᠪᠦᠲᠦᠨ᠂ ᠶᠠᠰᠤ ᠴᠢᠨᠠᠷ ᠬᠠᠮᠤᠭ ᠤᠨ ᠰᠠᠶᠢᠨ᠂ ᠦᠢᠯᠳᠪᠦᠷᠢᠯᠡᠯ ᠤᠨ | ᠴᠢᠳᠠᠮᠵᠢ ᠬᠠᠮᠤᠭ ᠤᠨ ᠶᠡᠭᠡ ᠨᠠᠷᠢᠨ ᠨᠣᠣᠰᠣᠲᠤ ᠬᠤᠨᠢᠨ ᠤ ᠰᠠᠭᠤᠷᠢᠨ ᠭᠠᠵᠠᠷ ᠤᠨ ᠨᠢᠭᠡ ᠪᠣᠯᠵᠠᠢ᠃ 2008 | ᠣᠨ ᠳᠤ ᠲᠠᠷᠢᠶᠠᠯᠠᠩ ᠬᠥᠳᠡᠭᠡ ᠲᠣᠰᠬᠤᠨ ᠤ ᠶᠠᠮᠤᠨ ᠠᠴᠠ ︽ᠣᠷᠳᠣᠰ ᠨᠠᠷᠢᠨ ᠨᠣᠣᠰᠣᠲᠤ ᠬᠤᠨᠢ︾ ᠶᠢ ᠭᠠᠵᠠᠷ | ᠤᠷᠤᠨ ᠤ ᠲᠦᠯᠦᠬᠡᠯᠡᠬᠦ ᠴᠢᠨᠠᠷᠳᠠᠢ ᠨᠡᠷᠡᠲᠦ ᠲᠡᠮᠳᠡᠭᠳᠦ ᠪᠠᠷ ᠲᠠᠩᠰᠠᠯᠠᠨ ᠬᠠᠮᠠᠭᠠᠯᠠᠬᠤ ᠶᠢ ᠵᠢᠩᠬᠢᠨᠢ ᠪᠠᠷ | ᠵᠦᠪᠰᠢᠶᠡᠷᠡᠵᠡᠢ᠃ |