ᠤᠳᠤᠮ ᠵᠠᠯᠭᠠᠭᠰᠠᠨ ᠤᠷᠠᠨ ᠪᠦᠰᠡᠬᠦᠢ — ᠣᠶᠢᠵᠢᠩᠭᠤᠸ᠎ᠠ
ᠨᠡᠶᠢᠲᠡᠯᠡᠭᠰᠡᠨ ᠴᠠᠭ᠄
2020-08-10
 
   ᠤᠶᠢᠵᠢᠩᠭᠤᠸ᠎ᠠ     ᠲᠡᠷᠡ ᠪᠤᠯ ᠦᠤᠰᠢᠨ ᠬᠤᠰᠢᠭᠤᠨ ᠤ ᠰᠦᠯᠳᠡ ᠰᠤᠮᠤᠨ ᠤ ᠲᠤᠯᠢ ᠭᠠᠴᠠᠭᠠᠨ ᠤ ᠮᠠᠯᠴᠢᠨ᠂ ᠡᠪ ᠬᠠᠮᠳᠤ ᠨᠡᠮ ᠤᠨ ᠬᠡᠰᠢᠬᠦᠨ᠂ ᠤᠳᠠᠭᠠᠨ ᠵᠢᠯ ᠭᠠᠴᠠᠭᠠᠨ ᠤ ᠡᠮᠡᠭᠳᠡᠶᠢᠴᠤᠳ ᠤᠨ ᠠᠵᠢᠯ ᠢ ᠬᠢᠭᠰᠡᠨ ᠬᠦᠮᠤᠨ ᠪᠦᠬᠡᠳ ᠭᠠᠴᠠᠭᠠᠨ ᠤ ᠡᠮᠡᠭᠳᠡᠶᠢᠴᠤᠳ ᠢ ᠲᠠᠭᠠᠭᠤᠯᠤᠨ ᠬᠠᠮᠳᠤ ᠶᠢᠨ ᠦᠢᠯᠡᠳᠪᠤᠷᠢᠯᠡᠯ ᠬᠦᠳᠡᠯᠮᠤᠷᠢ ᠳᠤ ᠢᠳᠡᠪᠬᠢᠯᠡᠨ ᠤᠷᠤᠯᠴᠠᠵᠤ ︽ᠲᠠᠮᠤᠷ ᠬᠡᠤᠬᠡᠨ︾ ᠴᠤᠯᠠ ᠤᠯᠤᠭᠰᠠᠨ ᠭᠠᠪᠰᠢᠭᠠᠶᠢᠯᠠᠭᠴᠢ ᠶᠤᠮ᠂ ᠡᠨᠡ ᠵᠢᠯ ᠵᠢᠷᠠᠨ ᠲᠠᠪᠤᠳᠡᠢ᠃     ︽ᠪᠢ ᠡᠮᠡᠭᠡ ᠡᠵᠢ ᠪᠤᠯᠤᠨ ᠨᠠᠭᠠᠴᠤ ᠡᠮᠡᠭᠡ ᠠᠴᠠ ᠪᠠᠨ ᠮᠠᠬᠠᠢ ᠤᠶᠤᠬᠤ ᠶᠢ ᠰᠤᠷᠤᠭᠰᠠᠨ ᠬᠦᠮᠤᠨ᠃ ᠮᠢᠨᠤ ᠡᠵᠢ ᠴᠤ ᠮᠠᠬᠠᠢ ᠤᠶᠤᠳᠠᠭ ᠬᠦᠮᠤᠨ ᠪᠠᠶᠢᠭᠰᠠᠨ᠂ ᠲᠡᠬᠦᠨ ᠤ ᠤᠶᠤᠵᠤ ᠲᠠᠭᠤᠰᠬᠠᠬᠰᠠᠨ ᠦᠬᠡᠢ ᠭᠤᠷᠪᠠᠨ ᠵᠦᠢᠷᠡᠢ ᠮᠠᠬᠠᠢ ᠶᠢ ᠪᠢ ᠤᠶᠤᠵᠤ ᠲᠠᠭᠤᠰᠬᠠᠭᠰᠠᠨ ᠶᠤᠮ᠃ ᠪᠢ ᠬᠡᠳᠡᠭ ᠬᠦᠮᠤᠨ ᠤᠶᠤᠯᠭ᠎ᠠ ᠰᠢᠳᠡᠯᠬᠡ ᠲᠠᠢ ᠨᠤᠴᠤᠯᠳᠤᠬᠤ ᠪᠠᠷ ᠵᠠᠶᠠᠭᠠᠭᠰᠠᠨ ᠬᠦᠮᠤᠨ ᠶᠤᠮ ᠪᠠ︖ ᠠᠷᠪᠠᠨ ᠬᠤᠶᠡᠷ ᠲᠠᠢ ᠠᠴᠠ ᠪᠠᠨ ᠡᠬᠢᠯᠡᠨ ᠪᠡᠶ᠎ᠡ ᠪᠠᠨ ᠲᠠᠭᠠᠭᠠᠵᠤ ᠦᠪᠡᠷ ᠤᠨ ᠱᠠᠬᠠᠢ ᠪᠠᠨ ᠤᠶᠤᠵᠤ ᠡᠮᠤᠰᠴᠤ ᠪᠠᠶᠢᠵᠡᠢ︾ ᠭᠡᠵᠤ ᠦᠢᠵᠢᠩᠭᠤᠸ᠎ᠠ ᠬᠡᠯᠡᠨ᠎ᠠ᠃     ᠲᠡᠷᠡ ᠨᠠᠭᠠᠴᠤ ᠡᠮᠡᠭᠡ ᠠᠴᠠ ᠪᠠᠨ ᠤᠷᠠᠨ ᠬᠠᠳᠬᠤᠮᠠᠯ ᠬᠠᠳᠬᠤᠬᠤ ᠶᠢ ᠰᠤᠷᠴᠤ᠂ ᠡᠮᠡᠭᠡ ᠡᠵᠢ ᠪᠤᠯᠤᠨ ᠬᠠᠳᠠᠮ ᠡᠵᠢ ᠠᠴᠠ ᠮᠠᠬᠠᠢ ᠤᠶᠤᠬᠤ ᠶᠢ ᠰᠤᠷᠴᠡᠢ᠃ 1974 ᠤᠨ ᠳᠤ᠂ ᠬᠠᠮᠤᠭ ᠠᠩᠬ᠎ᠠ ᠤᠳᠠᠭ᠎ᠠ ᠬᠠᠳᠠᠮ ᠡᠵᠢ ᠶᠢᠨ ᠢᠶᠠᠨ ᠤᠶᠤᠵᠤ ᠲᠠᠭᠤᠰᠬᠠᠭᠰᠠᠨ ᠦᠬᠡᠢ ᠮᠠᠬᠠᠢ ᠶᠢ ᠤᠶᠤᠵᠤ ᠲᠠᠭᠤᠰᠬᠠᠭᠠᠳ᠂ ᠮᠠᠬᠠᠢ ᠤᠶᠤᠬᠤ ᠶᠢᠨ ᠦᠨᠳᠤᠰᠤᠨ ᠤᠬᠠᠭᠠᠨ ᠢ ᠡᠵᠡᠮᠰᠢᠵᠤ᠂ ᠲᠡᠬᠦᠨ ᠠᠴᠠ ᠵᠠᠯᠭᠠᠭᠠᠳ ᠠᠴᠢ ᠵᠢᠬᠡ ᠨᠡᠷ ᠲᠡᠭᠡᠨ ᠤᠢ ᠶᠢᠨ ᠪᠠᠶᠠᠷ ᠢᠶᠠᠷ ᠮᠠᠬᠠᠢ ᠤᠶᠤᠵᠤ ᠡᠮᠤᠰᠬᠡᠵᠤ ᠪᠠᠶᠢᠵᠡᠢ᠃ 1975 ᠤᠨ ᠳᠤ ᠲᠡᠳᠡᠨ ᠤ ᠬᠢᠨ ᠦᠪᠡᠷ ᠤᠨ ᠬᠢ ᠤᠶᠤᠳᠠᠯ ᠤᠨ ᠮᠠᠰᠢᠨ ᠲᠠᠢ ᠪᠤᠯᠵᠤ᠂ ᠪᠦᠬᠦ ᠬᠡᠷ ᠤᠨ ᠬᠦᠮᠤᠰ ᠤᠨ ᠬᠤᠪᠴᠠᠰᠤ ᠬᠤᠨᠡᠷ ᠠᠴᠠ ᠡᠬᠢᠯᠡᠬᠡᠳ ᠠᠶᠢᠯ ᠰᠠᠭᠠᠬᠠᠯᠳᠠ ᠳᠠᠭᠠᠨ ᠤᠶᠤᠳᠠᠯ ᠤᠶᠤᠵᠤ᠂ ᠲᠤᠰᠠ ᠲᠡᠮᠵᠢᠯᠬᠡ ᠦᠵᠡᠬᠦᠯᠬᠦ ᠪᠤᠯᠪᠠ᠃ 2012 ᠤᠨ ᠠᠴᠠ ᠲᠡᠷᠡ ᠲᠤᠰᠬᠠᠢ ᠮᠠᠬᠠᠢ ᠤᠶᠤᠬᠤ ᠪᠠᠷ ᠭᠤᠤᠯ ᠦᠢᠯᠡ ᠤᠶᠤᠳᠠᠯ ᠢᠶᠠᠨ ᠪᠤᠯᠭᠠᠵᠤ᠂ ᠤᠳᠤ ᠪᠤᠯᠬᠤ ᠳᠤ ᠬᠡᠳᠤᠨ ᠵᠠᠭᠤᠨ ᠵᠦᠢᠷᠡᠢ ᠤᠷᠳᠤᠰ ᠮᠠᠬᠠᠢ ᠶᠢ ᠤᠷᠠᠯᠠᠵᠤ ᠤᠶᠤᠬᠰᠠᠨ ᠪᠦᠬᠡᠳ ᠨᠡᠯᠢᠶᠡᠳ ᠨᠠᠷᠢᠯᠢᠭ ᠤᠷᠠᠯᠢᠭ ᠬᠢᠴᠡ ᠲᠠᠢ ᠮᠠᠬᠠᠢ ᠶᠢ ᠤᠷᠠᠯᠠᠵᠤ ᠤᠶᠤᠬᠤ ᠪᠤᠯᠤᠭᠰᠠᠨ ᠪᠠᠶᠢᠨ᠎ᠠ᠃ ᠲᠡᠷᠡ ᠤᠷᠢᠳ ᠬᠤᠵᠢᠳ ᠲᠤᠭᠤᠷᠢᠮ ᠤᠨ ᠰᠦᠮ᠎ᠡ᠂ ᠦᠤᠰᠢᠨᠵᠤᠤ ᠶᠢᠨ ᠰᠦᠮ᠎ᠡ ᠳᠤ ᠬᠡᠳᠤᠨ ᠵᠦᠢᠷᠡᠢ ᠮᠠᠬᠠᠢ ᠤᠶᠤᠵᠤ ᠦᠭᠬᠦᠭᠰᠡᠨ ᠪᠦᠬᠡᠳ ᠲᠡᠯᠬᠡᠨ ᠦᠵᠡᠬᠦᠯᠬᠡ᠂ ᠤᠯᠠᠨ ᠤᠳᠠᠭ᠋ ᠎ᠠ ᠶᠢᠨ ᠠᠳᠠᠯᠢᠳᠬᠠᠨ ᠰᠢᠯᠭᠠᠷᠠᠭᠤᠯᠤᠯᠳᠠ ᠳᠤ ᠲᠡᠷᠢᠬᠦᠨ ᠲᠡᠰ ᠤᠨ ᠱᠠᠩᠨᠡᠯ ᠲᠤᠰᠴᠤ ᠦᠡᠭᠬᠡᠷᠡᠭᠰᠡᠨ ᠪᠦᠬᠡᠳ ᠤᠳᠤ ᠠᠴᠢ᠂ ᠵᠢᠬᠡ᠂ ᠬᠡᠤᠬᠡᠨ ᠪᠠ ᠠᠶᠢᠯ ᠠᠶᠢᠮᠠᠭ ᠤᠨ ᠪᠦᠰᠡᠬᠦ᠋ᠢᠴᠤᠳ ᠲᠡᠬᠦᠨ ᠠᠴᠠ ᠤᠷᠠᠨ ᠤᠶᠤᠳᠠᠯ ᠰᠤᠷᠬᠤ ᠪᠤᠯᠵᠡᠢ᠃
 
ᠢᠷᠡᠯᠲᠡ᠄ ᠣᠷᠳᠣᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号