ᠤᠯᠠᠨ ᠪᠡᠷᠭᠡ ᠶᠢ ᠲᠠᠪᠠᠭᠰᠠᠨ ᠤᠷᠬᠢᠯᠤᠮ᠎ᠠ ᠰᠡᠳᠬᠢᠯ ᠲᠠᠢ ᠮᠠᠯᠴᠢᠨ ᠵᠠᠯᠠᠭᠤ
ᠨᠡᠶᠢᠲᠡᠯᠡᠭᠰᠡᠨ ᠴᠠᠭ᠄
2020-08-10
    ᠮᠤᠤᠠᠤᠰᠤ ᠶᠢᠨ ᠡᠯᠡᠰᠦᠨ ᠤ ᠦᠷᠦᠴᠡᠨ ᠳᠤ ᠪᠠᠶᠢᠷᠢᠯᠠᠭᠰᠠᠨ ᠦᠤᠰᠢᠨ ᠬᠤᠰᠢᠭᠤᠨ ᠤ ᠦᠤᠰᠢᠨᠵᠤᠤ ᠪᠠᠯᠭᠠᠰᠤᠨ ᠤ ᠪᠠᠶᠠᠨᠲᠤᠯᠤᠭᠠᠢ ᠭᠠᠴᠠᠭᠠᠨ ᠤ ᠪᠠᠲᠠᠷ ᠮᠠᠯᠵᠢᠯ ᠤᠨ ᠬᠤᠷᠰᠢᠶ᠎ᠠ ᠬᠡᠮᠡᠬᠦ ᠭᠠᠵᠠᠷ ᠲᠤ ᠤᠷᠴᠢᠮ ᠤᠨ ᠬᠡᠳᠦᠨ ᠵᠢᠯ ᠠᠴᠠ ᠡᠬᠢᠯᠡᠨ ᠵᠠᠮ ᠴᠠᠬᠢᠯᠭᠠᠨ ᠨᠡᠪᠲᠡᠷᠡᠵᠤ᠂ ᠬᠦᠭᠵᠢᠯ ᠤᠨ ᠢᠷᠠᠭᠤ ᠠᠶᠠᠰ ᠴᠢᠪᠬᠠᠳᠠᠭᠰᠠᠨ ᠤᠴᠢᠷᠲᠠᠢ᠃ ᠬᠠᠷᠢᠨ ᠲᠡᠭᠦᠨ ᠠᠴᠠ ᠡᠮᠦᠨ᠎ᠡ ᠬᠤᠭᠤᠴᠠᠭᠠᠨ ᠳᠤ ᠡᠨᠡ ᠨᠤᠲᠤᠭ ᠤᠨ ᠮᠠᠯᠴᠢᠳ ᠪᠠᠯᠠᠷ ᠡᠷᠢᠶᠠᠯᠠᠩ ᠤᠨ ᠲᠤᠮᠳᠠ ᠬᠡᠳᠦᠨ ᠮᠠᠯ ᠢᠶᠠᠨ ᠮᠠᠯᠵᠢᠭᠠᠳ᠂ ᠰᠢᠨ᠎ᠡ ᠰᠤᠳᠤᠨ ᠪᠦᠬᠦᠨ ᠠᠴᠠ ᠬᠤᠵᠢᠬᠳᠠᠵᠦ ᠪᠠᠶᠢᠭᠰᠠᠨ ᠨᠢ ᠦᠨᠡᠨ᠃ 1979 ᠤᠨ ᠳᠤ ᠲᠦᠷᠦᠭᠰᠡᠨ ᠤᠷᠬᠢᠯᠳᠠᠯᠠᠢ ᠪᠤᠯ ᠶᠠᠭ ᠡᠶᠢᠮᠤ ᠤᠷᠴᠢᠨ ᠠᠬᠤᠢ᠂ ᠲᠡᠶᠢᠮᠤ ᠴᠠᠭ ᠦᠶ᠎ᠡ ᠳᠤ ᠪᠤᠶᠢᠵᠢᠵᠠᠢ᠃ ᠳᠡᠷᠡ ᠪᠠᠭ᠎ᠠ ᠰᠤᠷᠭᠠᠭᠤᠯᠢ᠂ ᠠᠩᠬ᠎ᠠ ᠲᠤᠮᠳᠠᠳᠤ ᠪᠠᠨ ᠲᠡᠭᠦᠰᠦᠮᠡᠭᠴᠡ ᠦᠷᠬᠦᠯᠵᠢᠯᠡᠨ ᠰᠤᠷᠭᠠᠭᠤᠯᠢ ᠳᠤ ᠰᠠᠭᠤᠬᠤ ᠵᠤᠭᠤᠰ ᠮᠦᠡᠭᠭᠦ ᠦᠭᠡᠢ ᠪᠤᠯᠤᠭᠠᠳ ᠠᠷᠭ᠎ᠠ ᠪᠤᠰᠤ ᠠᠷᠤ ᠬᠡᠷ ᠲᠡᠭᠡᠨ ᠬᠠᠷᠢᠵᠤ ᠢᠷᠡᠭᠰᠡᠨ ᠪᠠᠶᠢᠨ᠎ᠠ᠃     ᠲᠤᠭ᠎ᠠ ᠲᠠᠢ ᠬᠡᠳᠦᠬᠡᠨ ᠮᠠᠯ᠂ ᠬᠡᠪᠴᠢᠶ᠎ᠠ ᠲᠠᠢ ᠵᠢᠭᠠᠬᠠᠨ ᠪᠡᠯᠴᠢᠬᠡᠷ ᠲᠡᠭᠡᠷ᠎ᠡ ᠪᠠᠨ ᠦᠷᠬᠦᠯᠵᠢᠯᠡᠨ ᠮᠠᠯ ᠠᠵᠤ ᠠᠬᠤᠢ ᠡᠵᠡᠩᠨᠡᠬᠦ ᠳᠤ ᠵᠢᠯ ᠤᠨ ᠵᠢᠯ ᠢᠶᠠᠷ ᠤᠷᠤᠯᠭ᠎ᠠ ᠬᠡᠵᠤ ᠪᠠᠷᠤᠭ ᠦᠭᠡᠢ ᠪᠠᠶᠢᠭᠰᠠᠨ ᠪᠦᠬᠡᠳ ᠲᠤᠬᠠᠢ ᠶᠢᠨ ᠦᠶ᠎ᠠ ᠳᠤ ᠮᠠᠰᠢᠨ ᠮᠧᠬᠠᠨᠢᠬ ᠢ ᠪᠤᠤ ᠬᠡᠯᠡ᠂ ᠵᠠᠮ᠂ ᠴᠠᠬᠢᠯᠭᠠᠨ ᠴᠤ ᠨᠡᠪᠲᠡᠷᠡᠭᠡ ᠦᠭᠡᠢ ᠪᠠᠶᠢᠭᠰᠠᠨ ᠪᠤᠯᠬᠤᠷ ᠤᠷᠬᠢᠯᠳᠠᠯᠠᠢ ᠭᠠᠳᠠᠭᠰᠢ ᠭᠠᠷᠴᠤ ᠠᠮᠢᠳᠤᠷᠠᠯ ᠢᠶᠠᠨ ᠠᠷᠭᠠᠴᠠᠭᠠᠬᠤ ᠪᠠᠷ ᠵᠤᠷᠢᠭ ᠰᠢᠭᠤᠳᠪᠠ᠃ ᠢᠡᠭᠭᠢᠭᠡᠳ ᠪᠤᠰᠤᠳ ᠠᠶᠢᠯ ᠳᠤ ᠬᠤᠨᠢ ᠬᠠᠷᠢᠭᠤᠯᠬᠤ᠂ ᠦᠬᠡᠷ ᠲᠡᠵᠢᠬᠡᠬᠦ᠂ ᠪᠠᠷᠢᠯᠭ᠎ᠠ ᠶᠢᠨ ᠭᠠᠵᠠᠷ ᠲᠤᠭᠤᠰᠬ᠎ᠠ ᠵᠦᠬᠡᠬᠡᠬᠦ᠂ ᠰᠢᠪᠠᠷ ᠨᠤᠬᠤᠬᠤ ᠁ ᠬᠡᠬᠦᠴᠢᠯᠡᠨ ᠡᠯᠳᠡᠪ ᠤᠨ ᠬᠠᠷ᠎ᠠ ᠪᠤᠷᠤ ᠠᠵᠢᠯ ᠳᠤ ᠵᠠᠯᠠᠭᠤ ᠬᠠᠯᠠᠭᠤᠨ ᠨᠠᠰᠤᠨ ᠤ ᠬᠦᠴᠦ ᠴᠢᠳᠠᠯ ᠢᠶᠠᠨ ᠵᠢᠭᠠᠵᠤ ᠠᠮᠢᠳᠤᠷᠠᠭᠰᠠᠨ ᠴᠤ ᠵᠦᠪᠬᠡᠨ ᠪᠤᠷᠤ ᠬᠤᠳᠤᠭᠤᠲᠤ ᠪᠠᠨ ᠲᠦᠬᠦᠷᠬᠡᠬᠦ ᠠᠴᠠ ᠪᠢᠰᠢ ᠠᠮᠢᠳᠤᠷᠠᠯ ᠨᠢ ᠰᠠᠶᠢᠵᠢᠷᠠᠵᠤ ᠴᠢᠳᠠᠭ᠎ᠠ ᠦᠬᠡᠢ ᠪᠠᠶᠢᠯ᠎ᠠ᠃ ᠡᠬᠦᠨ ᠤ ᠰᠢᠯᠲᠠᠭᠠᠨ ᠢᠶᠠᠷ ᠲᠡᠷᠡ ᠬᠠᠷ᠎ᠠ ᠬᠦᠴᠦ ᠪᠠᠷ ᠢᠶᠠᠨ ᠠᠮᠢᠳᠤᠷᠠᠬᠤ ᠠᠴᠠ ᠪᠠᠨ ᠢᠯᠡᠬᠦᠦ ᠮᠡᠷᠬᠡᠵᠢᠯ ᠲᠠᠢ ᠪᠤᠯᠪᠠᠯ ᠲᠡᠭᠡᠷ᠎ᠡ ᠬᠡᠰᠡᠨ ᠢ ᠤᠬᠠᠭᠠᠷᠠᠨ ᠡᠯᠳᠡᠪ ᠤᠨ ᠮᠠᠰᠢᠨ ᠪᠠᠷᠢᠬᠤ ᠂ ᠭᠠᠯ ᠲᠤᠭᠤᠭᠠᠨ ᠤ ᠠᠵᠢᠯ ᠬᠢᠬᠦ᠂ ᠲᠤᠯᠠᠭᠠᠯᠠᠮᠵᠢ ᠤᠭᠰᠠᠷᠠᠬᠤ ᠭᠡᠬᠦᠴᠢᠯᠡᠨ ᠬᠦᠴᠦ ᠪᠠᠭ᠎ᠠ ᠵᠠᠷᠤᠴᠠᠭᠤᠯᠳᠠᠭ ᠴᠤ ᠮᠡᠷᠬᠡᠵᠢᠯ ᠱᠠᠭᠠᠷᠳᠠᠭᠳᠠᠳᠠᠭ ᠠᠵᠢᠯ ᠬᠢᠵᠤ ᠪᠢᠯᠡ᠃ ᠡᠨᠡ ᠨᠢ ᠬᠠᠷᠢᠨ ᠰᠠᠨᠠᠭᠠᠨ ᠠᠴᠠ ᠭᠠᠳᠠᠭᠤᠷ ᠲᠡᠭᠦᠨ ᠤ ᠤᠳᠤᠬᠢ ᠠᠮᠢᠳᠤᠷᠠᠯ ᠳᠤ ᠶᠡᠭᠡ ᠨᠦᠯᠥᠬᠡ ᠪᠤᠯᠤᠭᠰᠠᠨ ᠢ ᠳᠡᠷᠡ ᠰᠡᠬᠦᠯ ᠳᠤ ᠮᠡᠳᠡᠭᠰᠡᠨ ᠪᠠᠶᠢᠨ᠎ᠠ᠃ ᠬᠡᠪᠡᠴᠤ ᠤᠷᠬᠢᠯᠳᠠᠯᠠᠢ ᠶᠢ ᠠᠮᠢᠳᠤᠷᠠᠯ ᠲᠠᠩᠴᠤ ᠬᠠᠲᠠᠭᠤ ᠲᠤᠭᠯᠠᠵᠠᠢ ᠁     2012 ᠤᠨ ᠪᠤᠯᠬᠤ ᠳᠤ ᠤᠷᠬᠢᠯᠳᠠᠯᠠᠢ ᠶᠢᠨ ᠠᠵᠤ ᠠᠮᠢᠳᠤᠷᠠᠯ ᠨᠡᠯᠢᠶᠡᠳ ᠰᠠᠶᠢᠵᠢᠷᠠᠭᠰᠠᠨ ᠴᠤ ᠡᠵᠢ ᠨᠢ ᠬᠤᠳᠤᠭᠤᠳᠤᠨ ᠦᠮᠡᠨ ᠢᠶᠠᠷ ᠲᠤᠳᠤᠯᠠᠭᠳᠠᠨ᠂ ᠬᠡᠷ ᠠᠴᠠ ᠪᠠᠨ ᠤᠢᠢᠷ᠎ᠠ ᠪᠠᠶᠢᠭ᠎ᠠ ᠱᠠᠨ ᠰᠢ ᠮᠤᠵᠢ ᠶᠢᠨ ᠲᠡᠮᠡᠬᠡᠲᠤ ᠬᠤᠲᠠ ᠶᠢᠨ ᠠᠷᠠᠳ ᠤᠨ ᠡᠮᠨᠡᠯᠬᠡ ᠳᠤ ᠬᠦᠷᠴᠤ ᠡᠮᠨᠡᠬᠦᠯᠥᠭᠰᠡᠨ ᠴᠤ ᠲᠤᠰᠠ ᠦᠭᠡᠢ ᠪᠤᠯᠬᠤᠷ ᠠᠷᠭ᠎ᠠ ᠪᠤᠰᠤ ᠪᠤᠭᠤᠲᠤ ᠬᠤᠲᠠ ᠶᠢᠨ ᠠᠷᠠᠳ ᠤᠨ ᠡᠮᠨᠡᠯᠬᠡ ᠶᠢᠨ ᠬᠤᠷᠢᠶ᠎ᠠ ᠶᠢ ᠵᠤᠷᠢᠵᠠᠢ᠃ ᠡᠨᠡ ᠡᠮᠨᠡᠯᠬᠡ ᠶᠢᠨ ᠬᠤᠷᠢᠶᠠᠨ ᠳᠤ ᠲᠡᠷᠡ ᠡᠵᠢ ᠪᠠᠨ ᠡᠮᠨᠡᠬᠦᠯᠬᠦ ᠳᠤ 20 ᠭᠠᠷᠤᠢ ᠲᠦᠮᠡᠨ ᠲᠦᠬᠦᠷᠢᠭ ᠵᠠᠷᠤᠴᠠᠭᠤᠯᠤᠭᠰᠠᠨ ᠪᠦᠭᠡᠳ ᠪᠤᠴᠠᠵᠤ ᠬᠠᠷᠢᠭᠠᠳ ᠡᠮᠨᠡᠯᠬᠡ ᠶᠢᠨ ᠵᠠᠷᠤᠳᠠᠯ ᠢᠶᠠᠨ ᠲᠠᠩᠰᠠᠨ ᠠᠴᠠ ᠴᠠᠶᠢᠷᠠᠭᠤᠯᠵᠤ ᠴᠢᠳᠠᠭ᠎ᠠ ᠦᠭᠡᠢ ᠨᠢ ᠲᠡᠭᠦᠨ ᠳᠤ ᠨᠡᠩ ᠶᠡᠭᠡ ᠲᠠᠷᠤᠭᠠᠰᠤ ᠪᠤᠯᠵᠠᠢ᠃ ᠤᠴᠢᠷ ᠨᠢ ᠲᠡᠷᠡ ᠡᠵᠢ ᠪᠠᠨ ᠡᠮᠨᠡᠬᠦᠯᠬᠦ ᠳᠤ ᠭᠠᠳᠠᠭᠠᠳᠤ ᠠᠴᠠ ᠤᠷᠤᠭᠤᠯᠤᠭᠰᠠᠨ ᠡᠮ ᠨᠢ ᠤᠯᠠᠩᠭᠢ ᠲᠤᠭ᠎ᠠ ᠶᠢ ᠡᠵᠡᠯᠡᠭᠰᠡᠨ ᠪᠠᠶᠢᠪᠠ᠃ ᠲᠤᠰ ᠵᠢᠯ ᠤᠷᠬᠢᠯᠳᠠᠯᠠᠢ ᠬᠦᠷᠦᠩᠬᠡ ᠪᠠᠨ ᠬᠦᠨᠳᠦᠷᠬᠦ ᠶᠢᠨ ᠵᠡᠷᠭᠡ ᠪᠠᠷ ᠪᠠᠭ᠎ᠠ ᠪᠤᠰᠤ ᠦᠷᠢᠨ ᠳᠤ ᠪᠠᠷᠢᠭᠳᠠᠯ᠎ᠠ᠃ ᠢᠡᠭᠭᠢᠭᠡᠳ ᠴᠤ ᠲᠤᠰᠠ ᠪᠤᠯᠵᠤ ᠴᠢᠳᠠᠭᠰᠠᠨ ᠦᠭᠡᠢ ᠡᠵᠢ ᠨᠢ ᠪᠤᠷᠬᠠᠨ ᠤ ᠤᠷᠤᠨ ᠢ ᠰᠡᠮ ᠵᠤᠷᠢᠵᠠᠢ᠃     ︽ᠳᠠᠩ ᠢᠶᠠᠷ ᠢᠷᠡᠬᠦ ᠵᠤᠪᠠᠯᠠᠩ ᠦᠭᠡᠢ᠂ ᠲᠠᠪᠬᠤᠷ ᠢᠶᠠᠷ ᠢᠷᠡᠬᠦ ᠵᠢᠷᠭᠠᠯ ᠦᠭᠡᠢ︾ ᠬᠡᠭᠴᠢ ᠪᠠᠰᠠ ᠦᠨᠡᠨ ᠦᠬᠡ᠃ ᠤᠶᠤᠨ ᠰᠠᠨᠠᠭ᠎ᠠ᠂ ᠠᠵᠤ ᠠᠬᠤᠢ ᠶᠢᠨ ᠬᠦᠨᠳᠦᠷᠦᠯ ᠳᠤ ᠤᠷᠤᠭᠠᠳ ᠪᠠᠶᠢᠭᠰᠠᠨ ᠤᠷᠬᠢᠯᠳᠠᠯᠠᠢ ᠳᠤ ᠪᠠᠰᠠ ᠨᠢᠬᠡᠨ ᠠᠶᠤᠯ ᠵᠠᠨᠤᠯᠬᠢᠯᠠᠵᠤ ᠪᠠᠶᠢᠭᠰᠠᠨ ᠢ ᠲᠡᠷᠡ ᠬᠡᠷᠬᠢᠨ ᠮᠡᠳᠡᠬᠦ ᠪᠢᠯᠡ︖ 2013 ᠤᠨ ᠳᠤ ᠠᠪᠤ ᠨᠢ ᠪᠠᠰᠠ ᠠᠭᠤᠰᠬᠢᠨ ᠦᠮᠡᠨ ᠢᠶᠠᠷ ᠲᠤᠳᠤᠯᠠᠭᠳᠠᠨ᠂ ᠨᠡᠯᠢᠶᠡᠳ ᠬᠡᠳᠦᠨ ᠡᠮᠨᠡᠯᠬᠡ ᠶᠢᠨ ᠬᠤᠷᠢᠶ᠎ᠠ ᠪᠠᠷ ᠳᠠᠮᠵᠢᠨ ᠡᠮᠨᠡᠬᠦᠯᠥᠭᠰᠡᠨ ᠴᠤ ᠢᠯᠡᠷᠢ ᠪᠤᠯᠵᠤ ᠲᠡᠶᠢᠯᠥᠬᠡ ᠦᠭᠡᠢ᠃ ᠡᠪᠡᠳᠴᠢᠨ ᠵᠤᠪᠠᠯᠠᠩ ᠤᠨ ᠭᠠᠢ ᠪᠠᠷ ᠦᠷᠢ ᠳᠤ ᠲᠠᠷᠤᠭᠳᠠᠭᠰᠠᠨ ᠤᠷᠬᠢᠯᠳᠠᠯᠠᠢ ᠲᠤᠬᠠᠢ ᠶᠢᠨ ᠦᠶ᠎ᠡ ᠶᠢᠨ ᠠᠮᠢᠳᠤᠷᠠᠯ ᠳᠠᠭᠠᠨ ᠭᠤᠲᠤᠷᠠᠭᠠᠳ ᠰᠠᠭᠤᠪᠠᠯ ᠨᠡᠩ ᠤᠷᠤᠭᠤᠳᠠᠬᠤ ᠠᠶᠤᠯ ᠲᠠᠢ ᠶᠢ ᠰᠡᠷᠡᠵᠤ ᠮᠡᠳᠡᠭᠰᠡᠨ ᠪᠤᠯᠬᠤᠷ ᠠᠷᠭ᠎ᠠ ᠪᠦᠬᠦᠨ ᠢ ᠰᠦᠪᠡᠭᠴᠢᠯᠡᠵᠤ ᠡᠬᠢᠯᠡᠯ᠎ᠡ᠃ ᠬᠠᠮᠤᠭ ᠲᠦᠷᠦᠬᠦᠨ ᠳᠤ ᠨᠤᠲᠤᠭ ᠲᠠᠭᠠᠨ ᠪᠠᠶᠢᠰᠢᠩ ᠪᠠᠷᠢᠬᠤ ᠬᠡᠷᠡᠭᠲᠡᠢ ᠪᠠᠶᠢᠯ᠎ᠠ᠃ ᠤᠴᠢᠷ ᠨᠢ ᠠᠪᠤ ᠨᠢ ᠡᠪᠡᠳᠴᠢᠯᠡᠬᠡᠳ ᠪᠠᠶᠢᠬᠤ ᠬᠤᠭᠤᠴᠠᠭᠠᠨ ᠳᠤ ᠲᠡᠷᠡ ᠬᠠᠨᠢ ᠶᠢᠨ ᠵᠠᠶᠠᠭ᠎ᠠ ᠪᠠᠨ ᠬᠤᠯᠪᠤᠭᠰᠠᠨ ᠪᠤᠯᠬᠤᠷ ᠦᠪᠡᠷ ᠤᠨ ᠬᠡᠰᠡᠨ ᠤᠷᠤᠨ ᠰᠠᠭᠤᠴᠠ ᠲᠠᠢ ᠪᠤᠯᠬᠤ ᠨᠢ ᠴᠢᠬᠤᠯᠠ ᠪᠦᠭᠡᠳ ᠠᠪᠤ ᠪᠠᠨ ᠠᠰᠠᠷᠠᠨ ᠬᠠᠷᠠᠭᠠᠯᠵᠠᠬᠤ ᠳᠤ ᠨᠡᠩ ᠲᠦᠬᠦᠮ᠂ ᠢᠡᠭᠭᠢᠭᠡᠳ ᠲᠡᠷᠡ ᠬᠤᠷᠢᠮ ᠬᠢᠭᠰᠡᠨ ᠵᠤᠭᠤᠰ ᠢᠶᠠᠷ ᠢᠶᠠᠨ ᠨᠢᠬᠡ ᠪᠠᠶᠢᠰᠢᠩ ᠪᠠᠷᠢᠵᠤ᠂ ᠲᠠᠷᠠᠭ᠎ᠠ ᠵᠢᠯ ᠨᠢ ᠪᠤᠯᠬᠤ ᠳᠤ ᠠᠪᠤ ᠨᠢ ᠲᠡᠭᠦᠨ ᠳᠤ᠄ ︽ᠡᠨᠡ ᠵᠢᠯ ᠠᠮᠵᠢᠪᠠᠯ ᠬᠡᠤᠬᠡᠳ ᠤᠨ ᠢᠶᠠᠨ ᠤᠡᠭᠭᠤᠨ ᠦᠷᠪᠡᠯᠭᠡ ᠶᠢ ᠬᠦᠨᠳᠡᠬᠦ ᠤᠢ ᠶᠢᠨ ᠪᠠᠶᠠᠷ ᠢ ᠬᠢᠭᠡᠷᠡᠢ᠂ ᠠᠪᠤ ᠨᠢ ᠲᠡᠭᠦᠨ ᠢ ᠦᠵᠡᠴᠢᠬᠡᠭᠡᠳ ᠰᠠᠨᠠᠭ᠎ᠠ ᠠᠮᠠᠷᠠᠶ᠎ᠠ︾ ᠬᠡᠵᠤ ᠪᠢᠯᠡ︕ ︽ᠪᠤᠭᠤᠷᠤᠯ ᠤᠨ ᠦᠬᠡ ᠪᠤᠷᠤᠭᠤ ᠦᠭᠡᠢ︾ ᠬᠡᠳᠡᠭᠴᠢᠯᠡᠨ ᠨᠡᠬᠡᠷᠡᠨ ᠴᠤ ᠤᠷᠬᠢᠯᠳᠠᠯᠠᠢ ᠬᠡᠤᠬᠡᠳ ᠤᠨ ᠢᠶᠠᠨ ᠤᠢ ᠶᠢᠨ ᠪᠠᠶᠠᠷ ᠢ ᠬᠢᠵᠤ ᠳᠠᠭᠤᠰᠬᠠᠭᠠᠳ ᠳᠡᠮᠡᠢ ᠤᠳᠠᠯ ᠦᠭᠡᠢ ᠠᠪᠤ ᠨᠢ ᠦᠨᠡᠨ ᠤ ᠭᠠᠵᠠᠷ ᠲᠠᠭᠠᠨ ᠶᠠᠪᠤᠴᠢᠬᠠᠵᠠᠢ᠃ ᠡᠨᠡ ᠨᠢ 2015 ᠤᠨ ᠤ ᠤᠴᠢᠷ᠃     ᠠᠮᠢᠳᠤᠷᠠᠯ ᠤᠨ ᠪᠠᠷᠲᠠᠭᠠᠨ ᠳᠤ ᠳᠡᠯᠴᠢᠯᠡᠵᠤ ᠶᠠᠪᠤᠭ᠎ᠠ ᠬᠦᠮᠦᠨ ᠢ ᠨᠠᠮ᠂ ᠵᠠᠰᠠᠭ ᠠᠴᠠ ᠳᠡᠳᠬᠦᠨ ᠲᠡᠩᠬᠡᠷᠡᠬᠦᠯᠵᠤ ᠶᠠᠪᠤᠳᠠᠭ ᠨᠢ ᠰᠠᠶᠢᠬᠠᠨ᠃ 2015 ᠤᠨ ᠳᠤ ᠤᠷᠬᠢᠯᠳᠠᠯᠠᠢ ᠦᠪᠡᠷ ᠤᠨ ᠢᠶᠠᠨ ᠪᠠᠶᠢᠳᠠᠯ ᠢᠶᠠᠨ ᠭᠠᠴᠠᠭᠠᠨ ᠳᠤ ᠮᠡᠳᠡᠭᠳᠡᠭᠰᠡᠨ ᠳᠤ ᠲᠠᠷᠠᠭ᠎ᠠ ᠵᠢᠯ ᠨᠢ ᠭᠠᠴᠠᠭ᠎ᠠ ᠪᠤᠯᠤᠨ ᠪᠠᠯᠭᠠᠰᠤᠨ ᠠᠴᠠ ᠲᠡᠳᠡᠨ ᠤ ᠬᠡᠷ ᠲᠤ ᠴᠠᠬᠢᠯᠭᠠᠨ ᠨᠡᠪᠲᠡᠷᠡᠬᠦᠯᠬᠦ ᠶᠢᠨ ᠬᠠᠮᠲᠤ ᠨᠢᠬᠡ ᠬᠤᠳᠳᠤᠭ ᠮᠠᠯᠲᠠᠵᠤ ᠦᠭᠭᠦᠭᠰᠡᠨ ᠪᠠᠶᠢᠨ᠎ᠠ᠃ ᠮᠦᠨ ᠴᠤ ᠲᠡᠳᠡᠨ ᠤ ᠬᠡᠷ ᠲᠤ ᠬᠦᠷᠬᠦ ᠮᠠᠩᠬᠠᠨ ᠵᠠᠮ ᠢ ᠨᠢ ᠰᠢᠪᠠᠷ ᠴᠢᠯᠠᠭᠤᠨ ᠵᠠᠮ ᠢᠶᠠᠷ ᠤᠷᠤᠯᠠᠭᠤᠯᠤᠨ ᠵᠠᠰᠠᠵᠤ ᠦᠭᠭᠦᠭᠰᠡᠨ ᠨᠢ ᠶᠡᠭᠡ ᠰᠠᠶᠢᠨ ᠶᠠᠪᠤᠳᠠᠯ ᠪᠤᠯᠵᠠᠢ᠃     ᠤᠷᠬᠢᠯᠳᠠᠯᠠᠢ ᠲᠠᠢ ᠡᠨᠡ ᠪᠦᠬᠦᠨ ᠢ ᠵᠤᠭᠤᠭᠳᠠᠵᠤ ᠰᠠᠭᠤᠬᠤ ᠳᠤ ᠬᠦᠮᠦᠨ ᠤ ᠤᠶᠤᠨ ᠰᠠᠨᠠᠭᠠᠨ ᠤ ᠬᠦᠴᠦᠷᠬᠡᠭ ᠬᠦᠴᠦᠨ ᠨᠢ ᠦᠨᠢ ᠡᠬᠦᠷᠢᠳᠡ ᠠᠵᠤ ᠠᠬᠤᠢ ᠶᠢᠨ ᠶᠠᠳᠠᠭᠤᠷᠠᠯ ᠢ ᠢᠯᠠᠨ ᠲᠠᠪᠠᠳᠠᠭ ᠬᠡᠰᠡᠨ ᠢ ᠮᠡᠳᠡᠷᠡᠭᠰᠡᠨ ᠶᠤᠮ᠃ ᠲᠡᠷᠡ᠄ ︽2016 ᠤᠨ ᠳᠤ ᠲᠡᠭᠡᠳᠤ ᠱᠠᠲᠤᠨ ᠤ ᠤᠳᠤᠷᠢᠳᠤᠯᠭ᠎ᠠ ᠮᠠᠨ ᠤ ᠳᠤ ᠢᠷᠡᠭᠡᠳ ᠤᠯᠠᠨ ᠲᠠᠯ᠎ᠠ ᠪᠠᠷ ᠲᠤᠰᠠᠯᠠᠬᠤ ᠳᠤ ᠪᠢ ᠪᠠᠶᠠᠷᠯᠠᠬᠤ ᠶᠢᠨ ᠵᠡᠷᠭᠡ ᠪᠠᠷ ᠵᠤᠪᠠᠵᠤ ᠪᠠᠶᠢᠭᠰᠠᠨ᠂ ᠪᠤᠰᠤᠳ ᠤᠨ ᠡᠮᠦᠨ᠎ᠡ ︿ᠶᠠᠳᠠᠭᠤ ᠬᠦᠴᠢᠷᠳᠡᠯᠲᠡᠢ ᠡᠷᠦᠬᠡ﹀ ᠬᠡᠵᠤ ᠬᠡᠯᠡᠭᠳᠡᠬᠦ ᠶᠡᠭᠡ ᠰᠡᠳᠬᠢᠯ ᠵᠤᠪᠠᠮᠠᠷ ᠤᠴᠢᠷ ᠪᠠᠶᠢᠭᠰᠠᠨ᠃ ᠬᠡᠪᠡᠴᠤ ᠲᠡᠳᠡᠨ ᠤ ᠳᠡᠮᠵᠢᠯᠬᠡ ᠶᠢ ᠬᠦᠷᠲᠡᠬᠦ ᠶᠢᠨ ᠰᠠᠴᠠᠭᠤ ᠪᠢ ᠦᠪᠡᠷ ᠢᠶᠠᠨ ᠴᠤ ᠡᠷᠬᠡᠪᠰᠢ ᠴᠢᠷᠮᠠᠶᠢᠪᠠᠯ ᠰᠠᠶ᠋ᠢ ᠡᠨᠡ ᠶᠠᠳᠠᠭᠤ ᠮᠠᠯᠠᠭᠠᠢ ᠪᠠᠨ ᠲᠠᠶᠠᠭᠳᠠᠬᠤ ᠶᠢ ᠮᠡᠳᠡᠭᠰᠡᠨ᠂ ᠵᠦᠪᠬᠡᠨ ᠲᠡᠭᠡᠳᠤ ᠱᠠᠲᠤᠨ ᠠᠴᠠ ᠦᠭᠭᠦ ᠵᠤᠭᠤᠰ ᠮᠦᠡᠭᠭᠦ ᠪᠤᠶᠤ ᠡᠳ᠋ ᠪᠤᠳᠠᠰ ᠢ ᠬᠦᠯᠢᠶᠡᠭᠡᠳ ᠦᠪᠡᠷ ᠢᠶᠠᠨ ᠴᠢᠷᠮᠠᠶᠢᠬᠤ ᠦᠭᠡᠢ ᠶᠤᠮ ᠪᠤᠯ ᠨᠠᠰᠤ ᠪᠠᠷ ᠪᠠᠨ ᠲᠡᠩᠬᠡᠷᠡᠵᠤ ᠴᠢᠳᠠᠬᠤ ᠦᠭᠡᠢ ᠨᠢ ᠯᠠᠪᠲᠠᠢ︾ ᠬᠡᠮᠡᠨ ᠰᠤᠷᠪᠤᠯᠵᠢᠯᠠᠭᠴᠢ ᠳᠤ ᠶᠠᠷᠢᠵᠤ ᠪᠠᠶᠢᠯ᠎ᠠ᠃     2016 ᠤᠨ ᠠᠴᠠ 2019 ᠤᠨ ᠬᠦᠷᠲᠡᠯ᠎ᠡ ᠪᠠᠶᠠᠨᠲᠤᠯᠤᠭᠠᠢ ᠭᠠᠴᠠᠭ᠎ᠠ᠂ ᠦᠤᠰᠢᠨᠵᠤᠤ ᠪᠠᠯᠭᠠᠰᠤ ᠵᠢᠴᠢ ᠦᠤᠰᠢᠨ ᠬᠤᠰᠢᠭᠤᠨ ᠤ ᠰᠤᠶᠤᠯ ᠵᠤᠭᠠᠴᠠᠯ ᠤᠨ ᠲᠤᠪᠴᠢᠶᠠᠨ ᠠᠴᠠ ᠲᠡᠳᠡᠨ ᠤ ᠳᠤ 9 ᠦᠷᠡᠵᠢᠯ ᠤᠨ ᠬᠤᠨᠢ᠂ 1 ᠦᠨᠢᠶ᠎ᠡ ᠵᠢᠴᠢ 21500 ᠲᠦᠬᠦᠷᠢᠭ ᠤᠨ ᠪᠡᠯᠡᠨ ᠮᠦᠡᠭᠭᠦ ᠦᠭᠭᠦ ᠶᠢᠨ ᠬᠠᠮᠲᠤ 60 ᠳᠡᠭᠰᠢ ᠲᠦᠷᠪᠡᠯᠵᠢᠨ ᠮᠧᠲᠷ ᠤᠨ ᠮᠠᠯ ᠤᠨ ᠰᠠᠷᠠᠪᠴᠢ᠂ 100 ᠲᠡᠭᠰᠢ ᠲᠦᠷᠪᠡᠯᠵᠢᠨ ᠮᠧᠲᠷ ᠤᠨ ᠡᠪᠡᠰᠦᠨ ᠫᠸᠡᠭ ᠵᠡᠷᠭᠡ ᠶᠢ ᠪᠠᠷᠢᠵᠦ ᠦᠭᠴᠠᠢ᠃ ᠮᠦᠨ ᠴᠤ 23 ᠮᠦ ᠭᠠᠵᠠᠷ ᠤᠨ ᠪᠤᠷᠤ ᠴᠠᠷᠭᠠᠰᠤ ᠲᠠᠷᠢᠵᠤ ᠦᠭᠭᠦᠭᠰᠡᠨ ᠢᠶᠠᠷ ᠲᠡᠭᠦᠨ ᠤ ᠢᠳᠡᠪᠬᠢᠵᠢᠯ ᠢ ᠨᠡᠩ ᠶᠡᠭᠡ ᠳᠠᠶᠢᠴᠢᠯᠠᠵᠤ ᠴᠢᠳᠠᠵᠠᠢ᠃     ᠡᠳᠡᠬᠡᠷ ᠵᠢᠯ ᠤᠳ ᠲᠤ ᠤᠷᠬᠢᠯᠳᠠᠯᠠᠢ ᠨᠠᠮ᠂ ᠵᠠᠰᠠᠭ ᠤᠨ ᠬᠠᠯᠠᠭᠤᠨ ᠳᠡᠮᠵᠢᠯᠬᠡ ᠲᠤᠤᠷ᠎ᠠ ᠦᠪᠡᠷ ᠢᠶᠠᠨ ᠤᠢᠢᠭ᠎ᠠ ᠦᠭᠡᠢ ᠬᠦᠳᠡᠯᠮᠦᠷᠢᠯᠡᠵᠤ᠂ 9 ᠬᠤᠨᠢ ᠨᠢ 70 ᠭᠠᠷᠤᠢ ᠪᠤᠯᠤᠨ ᠦᠷᠡᠵᠢᠵᠤ᠂ ᠭᠠᠭᠴᠠᠬᠠᠨ ᠦᠨᠢᠶ᠎ᠡ ᠨᠢ 16 ᠲᠤᠯᠤᠭᠠᠢ ᠪᠤᠯᠤᠨ ᠤᠯᠠᠰᠢᠷᠠᠭᠰᠠᠨ ᠪᠠᠶᠢᠨ᠎ᠠ᠃ ᠮᠠᠯ ᠲᠠᠷᠢᠶᠠᠯᠠᠩ ᠢ ᠤᠶᠠᠯᠳᠤᠭᠤᠯᠤᠨ ᠠᠵᠤ ᠠᠬᠤᠢ ᠶᠢᠨ ᠤᠷᠤᠯᠭ᠎ᠠ ᠪᠠᠨ ᠨᠡᠮᠡᠭᠳᠡᠬᠦᠯᠬᠦ ᠠᠷᠭ᠎ᠠ ᠵᠠᠮ ᠢᠶᠠᠷ 25 ᠮᠦ ᠶᠢᠨ ᠡᠷᠳᠡᠨᠢ ᠰᠢᠰᠢ ᠲᠠᠷᠢᠵᠤ᠂ 23 ᠮᠦ ᠶᠢᠨ ᠪᠤᠷᠤ ᠴᠠᠷᠭᠠᠰᠤ ᠪᠠᠨ ᠤᠯᠠᠮ ᠴᠢᠨᠠᠷᠯᠢᠭ ᠪᠤᠯᠭᠠᠭᠰᠠᠨ ᠠᠴᠠ ᠲᠡᠳᠡᠨ ᠤ ᠵᠢᠯ ᠤᠨ ᠤᠷᠤᠯᠭ᠎ᠠ 2019 ᠤᠨ ᠳᠤ 8 ᠲᠦᠮᠡ ᠶᠢ ᠲᠠᠪᠠᠭᠰᠠᠨ ᠪᠠᠶᠢᠨ᠎ᠠ᠃     ᠠᠪᠤ ᠡᠵᠢ ᠪᠠᠨ ᠡᠮᠨᠡᠬᠦᠯᠬᠦ ᠳᠤ ᠬᠡᠷᠡᠭᠯᠡᠭᠰᠡᠨ ᠵᠤᠭᠤᠰ ᠮᠦᠡᠭᠭᠦ ᠶᠢ ᠲᠡᠷᠡ ᠲᠤᠬᠠᠢ ᠶᠢᠨ ᠦᠶ᠎ᠡ ᠳᠤ ᠭᠤᠤᠯᠳᠠᠭᠤ ᠵᠢᠬᠡᠯᠡᠯᠬᠡ ᠳᠤ ᠲᠦᠰᠢᠭᠯᠡᠭᠰᠡᠨ ᠪᠤᠯᠪᠠᠴᠤ ᠤᠳᠤ ᠪᠤᠯᠬᠤ ᠳᠤ ᠦᠨᠦᠬᠢ ᠵᠢᠬᠡᠯᠡᠯᠬᠡ ᠶᠢᠨ ᠭᠤᠷᠪᠠᠨ ᠤ ᠬᠤᠶᠠᠷ ᠢ ᠨᠢ ᠨᠢᠬᠡᠨᠲᠡ ᠲᠦᠯᠥᠵᠡᠢ᠃ ᠮᠦᠨ ᠴᠤ ᠦᠡᠭᠬᠡᠷᠡᠭᠰᠡᠨ ᠳᠤ ᠡᠵᠡᠮᠰᠢᠭᠰᠡᠨ ᠮᠠᠰᠢᠨ ᠮᠧᠬᠠᠨᠢᠬ ᠤᠨ ᠮᠡᠷᠬᠡᠵᠢᠯ ᠨᠢ ᠤᠳᠤ ᠲᠡᠭᠦᠨ ᠳᠤ ᠶᠡᠭᠡ ᠲᠤᠰᠠ ᠪᠤᠯᠵᠤ᠂ ᠲᠡᠷᠡ ᠮᠠᠯ ᠲᠠᠷᠢᠶᠠᠯᠠᠩ ᠦᠢᠯᠡᠳᠪᠦᠷᠢᠯᠡᠯ ᠢᠶᠠᠨ ᠬᠢᠬᠦ ᠶᠢᠨ ᠵᠠᠪᠰᠠᠷ ᠴᠢᠯᠥᠬᠡ ᠪᠠᠷ ᠬᠠᠵᠠᠭᠤ ᠬᠠᠪᠢ ᠶᠢᠨ ᠠᠶᠢᠯ ᠡᠷᠦᠬᠡ ᠪᠠᠷ ᠮᠡᠷᠬᠡᠵᠢᠯ ᠤᠨ ᠴᠢᠨᠠᠷᠲᠠᠢ ᠠᠵᠢᠯ ᠬᠢᠵᠤ ᠮᠦᠡᠭᠭᠦ ᠤᠯᠬᠤ ᠪᠠᠷ ᠪᠠᠷᠠᠬᠤ ᠦᠭᠡᠢ ᠵᠡᠷᠭᠡᠯᠡᠳᠡᠭᠡ ᠭᠠᠴᠠᠭ᠎ᠠ ᠰᠤᠮᠤᠨ ᠤ ᠶᠠᠳᠠᠭᠤ ᠬᠦᠴᠢᠷᠳᠡᠯᠲᠡᠢ ᠠᠶᠢᠯ ᠡᠷᠦᠬᠡ ᠳᠤ ᠮᠠᠰᠢᠨ ᠲᠤᠨᠤᠭ ᠤᠭᠰᠠᠷᠠᠬᠤ ᠵᠡᠷᠭᠡ ᠠᠵᠢᠯ ᠢ ᠬᠠᠷᠠᠮᠵᠢ ᠮᠦᠡᠭᠭᠦ ᠠᠪᠤᠯ ᠦᠭᠡᠢ ᠪᠠᠷ ᠬᠢᠵᠤ ᠪᠠᠶᠢᠭ᠎ᠠ ᠨᠢ ᠨᠡᠩ ᠪᠠᠶᠠᠷᠯᠠᠭᠤᠰᠢᠲᠠᠢ᠃     ᠤᠳᠤ ᠲᠡᠷᠡ ᠮᠠᠨᠢ ᠠᠮᠢ ᠪᠦᠯᠢ ᠲᠦᠷᠪᠡᠬᠦᠯᠡ ᠪᠠᠨ ᠠᠶᠠᠲᠠᠢ ᠰᠠᠶᠢᠬᠠᠨ ᠠᠮᠢᠳᠤᠷᠠᠵᠤ᠂ ᠨᠡᠩ ᠬᠡᠬᠡᠨ ᠰᠠᠷᠠᠭᠤᠯ ᠢᠷᠡᠬᠡᠳᠦᠢ ᠪᠠᠨ ᠢᠲᠡᠬᠡᠯ ᠲᠡᠬᠦᠯᠳᠡᠷ ᠴᠤᠭᠴᠠᠯᠠᠵᠤ ᠶᠠᠪᠤᠨ᠎ᠠ᠃ ᠲᠡᠭᠦᠨ ᠤ ᠠᠯᠢᠪᠠ ᠪᠦᠬᠦᠨ ᠦᠬᠡᠳᠡ ᠡᠰᠡᠷᠡᠭ ᠪᠠᠶᠢᠭᠠᠰᠠᠢ︕
 
ᠢᠷᠡᠯᠲᠡ᠄ ᠣᠷᠳᠣᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号