ᠦᠤᠰᠢᠨ ᠠᠷᠠᠳ ᠤᠨ ᠬᠤᠪᠢᠰᠬᠠᠯᠲᠤ ᠲᠠᠭᠤᠤ ᠪᠠᠨ ᠲᠦᠭᠦᠮ ᠦᠬᠦᠯᠡᠬᠦᠢ ︵ᠲᠤᠤᠷᠠᠳᠤ︶
ᠨᠡᠶᠢᠲᠡᠯᠡᠭᠰᠡᠨ ᠴᠠᠭ᠄
2020/8/20
  ︵ᠳᠣᠯᠤᠭ᠎ᠠ︶᠂ ︽ᠮᠦᠩᠬᠡᠪᠠᠶᠠᠨ︾᠃ ᠲᠣᠰ ᠳᠠᠭᠤᠣ ᠶᠢ 1912 ᠣᠨ ᠤ ᠣᠷᠴᠢᠮ ᠮᠥᠩᠭᠡᠪᠠᠶᠠᠨ ᠦᠪᠡᠷ ᠵᠶ᠋ᠠᠨ‌ᠵᠣᠬᠢᠶᠠᠵᠠᠢ᠃ ᠲᠤᠰ ᠳᠠᠭᠤᠤ 24 ᠪᠠᠳᠠᠭ ᠲᠠᠢ᠂ ᠪᠠᠳᠠᠭ ᠪᠦᠷᠢ 4 ᠮᠦᠷ ᠲᠠᠢ᠃ ᠭᠤᠤᠯ ᠠᠭᠤᠯᠭ᠎ᠠ ᠨᠢ ᠭᠡᠪᠡᠯ᠄ 1912 ᠣᠨ ᠳᠤ ᠦᠦᠰᠢᠨ ᠨᠤᠶᠠᠨ ᠴᠠᠭᠳᠣᠷᠰᠡᠷᠡᠩ ᠬᠤᠰᠢᠭᠤᠨ ᠤ ᠪᠠᠨ ᠵᠡᠭᠦᠨ ᠭᠡᠰᠡᠭ ᠤᠨ ᠨᠢᠭᠡ ᠪᠦᠯᠦᠭ ᠭᠠᠵᠠᠷ ᠢ ᠰᠠᠶᠢᠨᠳᠤᠷ᠎ᠠ ᠶᠢᠨ ᠭᠠᠵᠠᠷ ᠤᠨ ᠡᠵᠡᠳ ᠲᠤ ᠳᠦᠷᠢᠶᠠᠰᠦᠯᠡᠨ ᠬᠠᠭᠠᠯᠪᠤᠷᠢᠯᠠᠭᠤᠯᠵᠠᠢ᠃ ᠰᠠᠶᠢᠨᠳᠤᠷ᠎ᠠ ᠶᠢᠨ ᠭᠠᠵᠠᠷ ᠤᠨ ᠡᠵᠡᠳ ᠤᠨ ᠳᠡᠭᠡᠷᠡᠮ ᠴᠡᠷᠢᠭ ᠤᠳ ᠨᠢ ᠤᠶᠢᠷ᠎ᠠ ᠬᠠᠪᠢ ᠶᠢᠨ ᠠᠷᠠᠳ ᠤᠨ ᠮᠠᠯ ᠬᠦᠷᠦᠩᠭᠡ ᠶᠢ ᠳᠡᠭᠡᠷᠡᠮᠯᠡᠨ ᠪᠤᠯᠢᠶᠠᠬᠤ ᠳᠤ ᠮᠦᠩᠬᠡᠪᠠᠶᠠᠨ ᠭᠤᠷᠪᠠᠨ ᠴᠡᠷᠢᠭ ᠢ ᠨᠢ ᠠᠯᠠᠭᠰᠠᠨ ᠢᠶᠠᠷ ᠪᠠᠷᠠᠬᠤ ᠦᠭᠡᠢ ᠪᠠᠰᠠ ᠡᠳᠦᠢ ᠲᠡᠳᠦᠢ ᠮᠤᠷᠢ ᠪᠤᠯᠤᠨ ᠫᠣᠣ ᠵᠡᠪᠰᠡᠭ ᠢ ᠨᠢ ᠪᠤᠯᠢᠶᠠᠨ ᠠᠪᠴᠠᠢ᠃ ᠬᠡᠷᠡᠭ ᠭᠠᠷᠤᠭᠰᠠᠨ ᠤ ᠳᠠᠷᠠᠭ᠎ᠠ ᠮᠦᠩᠭᠡᠪᠠᠶᠠᠨ ᠬᠠᠩᠭᠢᠨ ᠬᠤᠰᠢᠭᠤᠨ ᠳᠤ ᠳᠤᠲᠠᠭᠠᠨ ᠶᠠᠪᠤᠭᠰᠠᠨ ᠪᠤᠯᠪᠠᠴᠤ ᠪᠠᠷᠢᠭᠳᠠᠵᠤ ᠳᠠᠯᠠ ᠬᠤᠨᠤᠭ ᠳ᠋ᠠᠯᠢᠶᠠᠨ ᠬᠢᠨᠵᠢᠨ ᠳᠤ ᠬᠢᠨᠵᠢᠯᠡᠭᠳᠡᠵᠦ ᠪᠠᠶᠢᠭᠠᠳ ᠬᠠᠮᠤᠭ ᠰᠡᠭᠦᠯ ᠳᠤ ᠰᠢᠭᠦᠨ ᠰᠢᠢᠳᠬᠡᠬᠦ ᠳᠤᠨᠢ ᠬᠢᠨᠵᠢ ᠪᠠᠨ ᠳᠠᠰᠣᠯᠣᠨ ᠳᠣᠲᠠᠭᠠᠨ ᠶᠠᠪᠤᠵᠤ ᠵᠠᠰᠠᠭ ᠬᠤᠰᠢᠭᠤᠨ ᠳᠤ ᠪᠠᠶᠢᠭ᠎ᠠ ᠰᠢᠨᠡᠯᠠᠮ᠎ᠠ ᠶᠢᠨ ᠴᠡᠷᠢᠭ ᠲᠤ ᠪᠠᠶᠢᠵᠤ ᠪᠠᠶᠢᠭᠠᠳ ᠰᠡᠬᠦᠯᠡᠷ ᠨᠢ ᠮᠣᠨᠠ ᠠᠭᠤᠯᠠᠨ ᠵᠦᠭ ᠳᠤᠲᠠᠭᠠᠨ ᠶᠠᠪᠤᠬᠰᠠᠨ ‍ᠦᠪᠡᠷ ᠤᠨ ᠦᠩᠭᠡᠷᠡᠯᠲᠡ ᠪᠠᠨ ᠰᠢᠯᠦᠭᠯᠡᠨ ᠳᠠᠭᠤᠯᠠᠵᠠᠢ᠃   ︵ᠨᠠᠢᠮᠠ︶᠂ ︽ᠴᠠᠭᠠᠨ ᠮᠣᠷᠢᠨ ᠵᠢᠯ ᠤᠨ ᠦᠩᠭᠡ︾᠃ ᠲᠤᠰ ᠳᠠᠭᠤᠤ ᠶᠢ ᠮᠢᠩᠭ᠎ᠠ ᠶᠢᠰᠦᠨ ᠵᠠᠭᠤ ᠭᠤᠴᠢᠭᠠᠳ ᠣᠨ ᠤ ᠦᠶ᠎ᠡ ᠪᠠᠷ ᠨᠢᠮᠠᠷᠢᠨᠴᠢᠨ ᠵᠤᠬᠢᠶᠠᠵᠠᠢ᠃ ᠲᠡᠷᠡ ᠠᠷᠠᠳ ᠤᠨ ᠬᠤᠪᠢᠰᠬᠠᠯᠲᠤ ᠴᠡᠷᠢᠭ ᠤᠨ ᠨᠢᠭᠡᠳᠦᠭᠡᠷ ᠳ᠋ᠢᠸᠢᠽᠢ ᠶᠢᠨ ᠳᠠᠷᠤᠭ᠎ᠠ ᠪᠦᠭᠡᠳ ᠦᠦᠰᠢᠨ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠭᠡᠯᠲᠡᠰ ᠤᠨ ᠳᠠᠷᠤᠭ᠎ᠠ ᠪᠠᠶᠢᠭᠰᠠᠨ ᠶᠤᠮ᠃ ᠲᠡᠷᠡ ᠡᠨᠡ ᠳᠠᠭᠤᠤ ᠶᠢ ᠮᠦᠩᠭᠡᠨ᠋ᠦ᠋ᠯᠵᠡᠢ ᠳᠤ ᠬᠤᠤᠷᠯᠠᠭᠳᠠᠬᠤ ᠶᠢᠨ ᠡᠮᠦᠨᠡᠬᠡᠨ ᠪᠢᠴᠢᠭᠰᠡᠨ ᠶᠣᠮ᠃ ᠲᠤᠰ ᠳᠠᠭᠤᠤ ᠲᠠᠪᠤᠨ ᠪᠠᠳᠠᠭ ᠲᠠᠢ᠂ ᠪᠠᠳᠠᠭ ᠪᠦᠷᠢ 4 ᠮᠦᠷ ᠲᠠᠢ᠃ ᠭᠤᠤᠯ ᠠᠭᠤᠯᠭ᠎ᠠ ᠨᠢ ᠭᠡᠪᠡᠯ᠄ 1929 ᠤᠨ ᠤ ᠴᠠᠭᠠᠨ ᠰᠠᠷ᠎ᠠ ᠰᠢᠨᠡᠯᠠᠮ᠎ᠠ ᠤᠷᠪᠠᠭᠴᠢ ᠡᠳᠡᠭᠡᠳ ᠲᠤ ᠬᠤᠤᠷᠯᠠᠭᠳᠠᠭᠰᠠᠨ ᠤ ᠳᠠᠷᠠᠭ᠎ᠠ᠂ ᠮᠦᠩᠭᠡᠨ᠋ᠦ᠋ᠯᠵᠡᠢ ᠬᠤᠷᠢᠶᠠᠨ ᠳᠠᠷᠤᠭ᠎ᠠ ᠪᠤᠯᠵᠤ ᠬᠤᠰᠢᠭᠤᠨ ᠤ ᠪᠦᠬᠦ ᠡᠷᠬᠡ ᠶᠢ ᠭᠠᠭᠴᠠ ᠪᠡᠶ᠎ᠡ ᠳᠡᠭᠡᠨ ᠬᠠᠮᠤᠷᠴᠤ᠂ ᠬᠤᠶᠠᠷ ᠨᠢᠭᠤᠷᠯᠠᠨ ᠳᠤᠭᠤᠶᠢᠯᠠᠩ ᠤᠨ ᠳᠠᠷᠤᠭ᠎ᠠ ᠪᠠᠶᠢᠯᠳᠤᠭᠴᠢᠳ ᠢ ᠡᠯᠳᠡᠪ ᠤᠨ ᠠᠷᠭ᠎ᠠ ᠪᠠᠷ ᠭᠦᠳᠬᠡᠨ ᠳᠠᠷᠤᠩᠭᠤᠶᠢᠯᠠᠭᠰᠠ ᠨᠢ ᠶᠠᠭ ᠴᠠᠭᠠᠨ ᠮᠣᠷᠢᠨ ᠵᠢᠯ ᠪᠤᠯᠬᠤ ᠲᠤᠯᠠ ᠡᠨᠡ ᠪᠠᠶᠢᠳᠠᠯ ᠢ ᠨᠢᠮᠠᠷᠢᠨᠴᠢᠨ ︽ᠴᠠᠭᠠᠨ ᠮᠣᠷᠢᠨ ᠵᠢᠯ ᠤᠨ ᠦᠩᠭᠡ︾ ᠭᠡᠬᠦ ᠳᠠᠭᠤᠤ ᠳᠠᠭᠠᠨ ᠪᠢᠲᠡᠬᠦᠦ ᠪᠠᠷ ᠳᠤᠰᠬᠠᠨ ᠳᠠᠭᠤᠯᠠᠵᠠᠢ᠃   ︵ᠶᠢᠰᠦ︶ ︽ᠪᠤᠭᠤᠲᠤ ᠠᠴᠠ ᠬᠤᠶᠢᠰᠢ︾᠃ ᠲᠤᠰ ᠳᠠᠭᠤᠤ 1924 ᠤᠨ ᠤ ᠦᠶᠡᠰ ᠵᠤᠬᠢᠶᠠᠭᠳᠠᠵᠠᠢ᠃ ᠲᠤᠰ ᠳᠠᠭᠤᠤ 34 ᠪᠠᠳᠠᠭ ᠲᠠᠢ᠂ ᠪᠠᠳᠠᠭ ᠪᠦᠷᠢ 2 ᠮᠦᠷ ᠲᠠᠢ᠃ ᠭᠤᠤᠯ ᠠᠭᠤᠯᠭ᠎ᠠ ᠨᠢ ᠭᠡᠪᠡᠯ᠄ ᠮᠣᠩᠭᠤᠯ ᠣᠯᠣᠰ ᠤᠨ ᠬᠤᠪᠢᠰᠬᠠᠯ ᠢᠯᠠᠯᠲᠠ ᠣᠯᠣᠭᠰᠠᠨ ᠤ ᠳᠠᠷᠠᠭ᠎ᠠ ᠰᠢᠨᠡᠯᠠᠮ᠎ᠠ ᠠᠷᠪᠠᠨ ᠬᠡᠳᠦᠨ ᠳᠤᠭᠤᠶᠢᠯᠠᠩ ᠤᠨ ᠰᠠᠶᠢᠨ ᠠᠨᠳᠠ ᠨᠦᠬᠦᠳ ᠢᠶᠠᠨ ᠳᠠᠭᠠᠭᠤᠯᠤᠨ ᠮᠣᠩᠭᠤᠯ ᠣᠯᠣᠰ ᠲᠤ ᠬᠦᠷᠴᠦ ᠮᠠᠷᠺᠰ ᠤᠨ ᠦᠵᠡᠯ ᠢ ᠰᠣᠷᠣᠯᠴᠠᠵᠤ ᠳᠡᠳᠡᠨ ᠠᠴᠠ ᠬᠤᠶᠠᠷ ᠭᠤᠷᠪᠠᠨ ᠵᠠᠭᠤᠨ ᠫᠣᠣ ᠵᠡᠪᠰᠡᠭ ᠤᠨ ᠳᠡᠮᠵᠢᠯᠭᠡ ᠶᠢ ᠤᠯᠵᠤ ᠪᠤᠭᠤᠲᠤ ᠪᠠᠷ ᠳᠠᠮᠵᠢᠭᠤᠯᠤᠨ ᠠᠪᠴᠢᠷᠠᠬᠤ ᠭᠡᠬᠦ ᠳᠤ ᠬᠠᠷᠢᠨ ᠳᠣᠬᠠᠢ ᠶᠢᠨ ᠦᠶ᠎ᠡ ᠳᠤ ᠪᠤᠭᠤᠳᠣ ᠶᠢ ᠰᠠᠬᠢᠨ ᠰᠠᠭᠤᠵᠤ ᠪᠠᠶᠢᠭᠰᠠᠨ ᠹᠧᠩ ᠢᠦᠢ ᠰᠢᠶᠠᠩ᠄ ︽ᠦᠦᠰᠢᠨ ᠠᠴᠠ ᠬᠡᠳᠦᠢ ᠴᠡᠷᠢᠭ ᠢᠷᠡᠪᠡᠯ ᠲᠡᠳᠦᠢ ᠶᠢ ᠠᠪ᠂ ᠪᠦᠬᠦᠨ ᠢ ᠦᠭᠬᠦ ᠦᠭᠡᠢ︾ ᠭᠡᠵᠡᠢ᠃ ᠡᠭᠦᠨ ᠳᠤ ᠰᠢᠨᠡᠯᠠᠮ᠎ᠠ ᠢᠲᠡᠭᠡᠯᠲᠦ ᠬᠦᠮᠦᠨ ᠢᠶᠠᠷ ᠨᠤᠲᠤᠭ ᠣᠷᠣᠭᠤ ᠪᠠᠨ ᠦᠭᠡ ᠶᠠᠪᠤᠭᠤᠯᠤᠭᠰᠠᠨ ᠳᠤ ᠨᠤᠲᠤᠭ ᠤᠨ ᠵᠠᠯᠠᠭᠤᠴᠤᠳ ᠨᠢ ᠰᠡᠮᠡᠭᠡᠷ ᠨᠢᠭᠡ ᠨᠢᠭᠡᠨ ᠳᠡᠭᠡᠨ ᠦᠭᠡ ᠳᠠᠮᠵᠢᠭᠤᠯᠤᠭᠰᠠᠭᠠᠷ ᠨᠡᠯᠢᠶᠠᠳ ᠠᠷᠪᠢᠨ ᠬᠦᠮᠦᠨ ᠪᠤᠯᠵᠤ ᠪᠤᠭᠤᠲᠤ ᠳᠤ ᠬᠦᠷᠴᠦ ᠫᠣᠣ ᠵᠡᠪᠰᠡᠭ ᠢᠶᠠᠨ ᠠᠪᠤᠭᠠᠳ ᠪᠤᠴᠠᠬᠤ ᠵᠠᠮ ᠳᠠᠭᠠᠨ ᠲᠤᠰ ᠳᠠᠭᠤᠤ ᠶᠢ ᠵᠤᠬᠢᠶᠠᠨ ᠳᠠᠭᠤᠯᠠᠭᠰᠠᠨ ᠢᠶᠠᠷ ᠣᠯᠠᠨ ᠤ ᠳᠣᠮᠳᠠ ᠮᠠᠰᠢ ᠦᠷᠭᠡᠨ ᠢᠶᠠᠷ ᠳᠠᠷᠬᠠᠵᠠᠢ᠃   ︵ᠠᠷᠪᠠ︶᠂ ︽ᠲᠤᠩᠭᠠᠯᠠᠭ ᠤᠨ ᠭᠤᠤᠯ︾᠃ ᠲᠤᠰ ᠳᠠᠭᠤᠤ ᠶᠢ 1912 ᠣᠨ ᠤ ᠦᠶᠡᠰ ᠠᠯᠲᠠᠨᠰᠦ᠋ᠮᠪᠦᠷ ᠵᠤᠬᠢᠶᠠᠵᠠᠢ᠃ ᠲᠤᠰ ᠳᠠᠭᠤᠤ 46 ᠪᠠᠳᠠᠭ ᠲᠠᠢ᠂ ᠪᠠᠳᠠᠭ ᠪᠦᠷᠢ 4 ᠮᠦᠷ ᠲᠠᠢ᠃ ᠭᠤᠤᠯ ᠠᠭᠤᠯᠭ᠎ᠠ ᠨᠢ ᠭᠡᠪᠡᠯ᠄ 1912 ᠣᠨ ᠳᠤ ᠦᠦᠰᠢᠨ ᠨᠤᠶᠠᠨ ᠴᠠᠭᠳᠣᠷᠰᠡᠷᠡᠩ ᠲᠤᠩᠭᠠᠯᠠᠭ ᠤᠨ ᠭᠤᠤᠯ ᠣᠷᠴᠢᠮ ᠶᠡᠭᠡ ᠬᠡᠮᠵᠢᠶᠠᠨ ᠤ ᠭᠠᠵᠠᠷ ᠨᠤᠲᠤᠭ ᠢ ᠰᠠᠶᠢᠨᠳᠣᠷ᠎ᠠ ᠶᠢᠨ ᠭᠠᠵᠠᠷ ᠤᠨ ᠡᠵᠡᠳ᠂ ᠪᠠᠶᠠᠨ ᠬᠤᠳᠠᠯᠳᠣᠭᠠᠴᠢᠨ ᠳᠤ ᠬᠤᠳᠠᠯᠳᠣᠨ ᠦᠭᠭᠦᠭᠰᠡᠨ ᠠᠴᠠ ᠳᠣᠬᠠᠢ ᠶᠢᠨ ᠭᠠᠵᠠᠷ ᠤᠨ ᠮᠠᠯᠴᠢᠨ ᠲᠦᠮᠡᠨ ᠬᠢᠯᠢᠩᠨᠡᠨ ᠬᠤᠷᠣᠰᠴᠣ ᠬᠠᠳᠠᠭᠤ ᠴᠢᠩᠭ᠎ᠠ ᠡᠰᠡᠷᠭᠦᠴᠡᠯ ᠲᠠᠯᠪᠢᠵᠤ ᠪᠠᠶᠢᠪᠠ᠃ ᠠᠯᠳᠠᠨᠰᠥ᠋ᠮᠪᠦᠷ ᠮᠠᠯᠴᠢᠨ ᠲᠦᠮᠡᠨ ᠢ ᠲᠦᠯᠦᠬᠡᠯᠡᠨ ᠲᠤᠰ ᠳᠠᠭᠤᠤ ᠶᠢ ᠵᠤᠬᠢᠶᠠᠨ ᠳᠠᠭᠤᠯᠠᠭᠰᠠᠨ ᠪᠠᠶᠢᠨ᠎ᠠ᠃   ᠭᠤᠷᠪᠠ᠂ ᠦᠦᠰᠢᠨ ᠠᠷᠠᠳ ᠤᠨ ᠬᠤᠪᠢᠰᠬᠠᠯᠲᠤ ᠳᠠᠭᠤᠤ ᠶᠢᠨ ᠰᠡᠳᠦᠪᠯᠡᠬᠦᠨ ᠤ ᠠᠩᠭᠢᠯᠠᠯ   ︵ᠨᠢᠭᠡ︶ ᠴᠠᠭ ᠲᠦᠷᠦ ᠶᠢᠨ ᠪᠠᠶᠢᠳᠠᠯ ᠢ ᠳᠣᠰᠬᠠᠭᠰᠠᠨ ᠳᠠᠭᠤᠤ  ︽ᠦᠦᠰᠢᠨ ᠬᠤᠰᠢᠭᠤ︾᠂ ︽ᠴᠠᠭᠠᠨ ᠮᠣᠷᠢᠨ ᠵᠢᠯ ᠤᠨ ᠦᠩᠭᠡ︾ ᠡᠨᠡ ᠬᠤᠶᠠᠷ ᠳᠠᠭᠤᠤ ᠪᠤᠯ ᠪᠦᠷ ᠴᠠᠭ ᠲᠦᠷᠦ ᠶᠢ ᠳᠣᠰᠬᠠᠭᠰᠠᠨ ᠳᠠᠭᠤᠤ ᠪᠤᠯᠤᠨ᠎ᠠ᠃ ᠡᠨᠡ ᠬᠤᠶᠠᠷ ᠳᠠᠭᠤᠤ ᠪᠦᠷ ᠰᠢᠨᠡᠯᠠᠮ᠎ᠠ ᠤᠷᠪᠠᠭᠴᠢ ᠡᠳᠡᠭᠡᠳ ᠲᠤ ᠬᠤᠤᠷᠯᠠᠭᠳᠠᠭᠰᠠᠨ ᠤ ᠳᠠᠷᠠᠭ᠎ᠠ ᠮᠦᠩᠬᠡᠨ᠋ᠦ᠋ᠯᠵᠡᠢ ᠬᠤᠰᠢᠭᠤᠨ ᠤ ᠶᠡᠭᠡ ᠡᠷᠬᠡ ᠶᠢ ᠠᠳᠬᠤᠭᠰᠠᠨ ᠤ ᠲᠠᠷᠠᠭᠠᠬᠢ ᠦᠦᠰᠢᠨ ᠬᠤᠰᠢᠭᠤᠨ ᠤ ᠰᠠᠮᠠᠭᠤᠨ ᠪᠠᠶᠢᠳᠠᠯ ᠢ ᠳᠣᠰᠬᠠᠭᠰᠨ ᠳᠠᠭᠤᠤ ᠪᠤᠯᠬᠤ ᠶᠤᠮ᠃   ︵ᠬᠤᠶᠠᠷ︶ ᠲᠡᠦᠬᠡᠲᠤ ᠬᠡᠷᠡᠭ ᠶᠠᠪᠤᠳᠠᠯ ᠢ ᠲᠣᠰᠬᠠᠭᠰᠠᠨ ᠳᠠᠭᠤᠤ   ︽ᠰᠢᠨᠡᠯᠠᠮ᠎ᠠ︾᠂ ︽ᠳᠣᠭᠤᠶᠢᠯᠠᠩ︾ ᠡᠨᠡ ᠬᠤᠶᠠᠷ ᠳᠠᠭᠤᠤ ᠪᠤᠯ ᠪᠦᠷ ᠰᠢᠨᠡᠯᠠᠮ᠎ᠠ ᠶᠢᠨ ᠭᠢᠯᠠᠷᠠᠭᠰᠠᠨ ᠨᠢᠭᠡ ᠨᠠᠰᠤᠨ ᠤ ᠤᠶᠢᠯᠡ ᠠᠵᠢᠯᠯᠠᠭ᠎ᠠ ᠶᠢ ᠮᠠᠭᠳᠠᠨ ᠳᠠᠭᠤᠯᠠᠭᠰᠠᠨ ᠢᠶᠠᠷ ᠪᠠᠷᠠᠬᠤ ᠦᠭᠡᠢ ᠪᠠᠰᠠ ᠳᠡᠭᠦᠨ ᠤ ᠳᠠᠶᠢᠴᠢᠨ ᠠᠨᠳᠠ ᠨᠦᠬᠦᠳ ᠵᠢᠴᠢ ᠳᠣᠭᠤᠶᠢᠯᠠᠩ ᠤᠨ ᠬᠦᠳᠡᠯᠭᠡᠭᠡᠨ ᠤ ᠳᠣᠬᠠᠢ ᠰᠢᠯᠦᠭᠯᠡᠨ ᠳᠠᠭᠤᠯᠠᠭᠰᠠᠨ ᠶᠤᠮ᠃ ︽ᠰᠢᠨ᠎ᠡ ᠰᠦᠮ᠎ᠡ ᠶᠢᠨ ᠴᠢᠭᠤᠯᠭᠠᠨ︾᠂ ︽ᠭᠠᠯᠠᠭᠤᠲᠤ ᠶᠢᠨ ᠰᠥᠮ᠎ᠡ ᠶᠢᠨ ᠴᠢᠭᠤᠯᠭᠠᠨ︾ ᠡᠨᠡ ᠬᠤᠶᠠᠷ ᠳᠠᠭᠤᠤ ᠪᠤᠯ ᠪᠦᠷ ᠬᠤᠶᠠᠷ ᠴᠢᠭᠤᠯᠭᠠᠨ ᠳᠡᠭᠡᠷ᠎ᠡ ᠡᠭᠦᠰᠦᠭᠰᠡᠨ ᠦᠨᠡᠨ ᠪᠤᠳᠠᠲᠤ ᠪᠠᠶᠢᠳᠠᠯ ᠢ ᠢᠯᠡᠴᠢᠯᠡᠨ ᠰᠢᠯᠦᠭᠯᠡᠨ ᠳᠠᠭᠤᠯᠠᠭᠰᠠᠨ ᠪᠠᠶᠢᠳᠠᠭ᠃   ︵ᠭᠤᠷᠪᠠ︶ ᠳᠣᠲᠣᠭᠠᠳᠤ ᠶᠢᠨ ᠳᠠᠷᠤᠩᠭᠤᠶᠢᠯᠠᠯ᠂ ᠭᠠᠳᠠᠭᠠᠳᠣ ᠶᠢᠨ ᠳᠦᠷᠢᠮᠡᠬᠡᠶᠢᠯᠡᠯ ᠢ ᠡᠰᠡᠷᠭᠦᠴᠡᠭᠰᠡᠨ ᠳᠠᠭᠤᠤ   ︽ᠰᠢᠨ᠎ᠡ ᠰᠦᠮ᠎ᠡ ᠶᠢᠨ ᠴᠢᠭᠤᠯᠭᠠᠨ︾ ᠪᠣᠯ ᠴᠢᠭᠤᠯᠭᠠᠨ ᠴᠢᠭᠤᠯᠤᠭᠰᠠᠨ ᠭᠤᠤᠯ ᠬᠡᠷᠡᠭ ᠣᠴᠢᠷ ᠢ ᠢᠯᠡᠴᠢᠯᠡᠨ ᠰᠢᠯᠦᠭᠯᠡᠵᠦ ᠳᠠᠭᠤᠯᠠᠭᠰᠠᠨ ᠶᠤᠮ᠃ ︽ᠭᠠᠯᠠᠭᠤᠲᠤ ᠶᠢᠨ ᠰᠦᠮ᠎ᠡ ᠶᠢᠨ ᠴᠢᠭᠤᠯᠭᠠᠨ︾ ᠪᠤᠯ ᠴᠢᠭᠤᠯᠭᠠᠨ ᠴᠢᠭᠤᠯᠬᠤ ᠪᠠᠷ ᠢᠷᠡᠭᠰᠡᠨ ᠨᠤᠶᠠᠳ ᠳᠦᠰᠢᠮᠡᠳ ᠤᠨ ᠬᠤᠪᠳᠤᠭ ᠰᠢᠨᠤᠬᠠᠢ ᠦᠢᠯᠡ ᠠᠵᠢᠯᠯᠠᠭ᠎ᠠ ᠶᠢ ᠰᠢᠯᠦᠭᠯᠡᠨ ᠳᠠᠭᠤᠯᠠᠭᠰᠠᠨ ᠶᠤᠮ᠃ ︽ᠮᠦᠩᠬᠡᠪᠠᠶᠠᠨ︾ ᠪᠤᠯ ᠮᠦᠩᠬᠡᠪᠠᠶᠠᠨ ᠦᠪᠡᠷ ᠤᠨ ᠪᠡᠶ᠎ᠡ ᠳᠡᠭᠡᠷ᠎ᠡ ᠡᠭᠦᠰᠦᠭᠰᠡᠨ ᠬᠡᠷᠡᠭ ᠤᠴᠢᠷ ᠤᠨ ᠦᠩᠭᠡᠷᠡᠯᠲᠡ ᠪᠠᠨ ᠲᠤᠭᠠᠴᠢᠨ ᠳᠠᠭᠤᠯᠠᠵᠠᠢ᠃ ︽ᠪᠤᠭᠤᠲᠤ ᠠᠴᠠ ᠬᠤᠶᠢᠰᠢ︾ ᠪᠤᠯ ᠦᠦᠰᠢᠨ ᠤ ᠵᠠᠯᠠᠭᠤᠴᠤᠳ ᠪᠤᠭᠤᠳᠤ ᠳᠤ ᠣᠴᠢᠨ ᠰᠢᠨᠡᠯᠠᠮ᠎ᠠ ᠶᠢ ᠬᠠᠪᠰᠤᠷᠤᠨ ᠴᠡᠷᠢᠭ ᠤᠨ ᠵᠡᠪᠰᠡᠭ ᠠᠪᠤᠭᠠᠳ ᠪᠤᠴᠠᠬᠤ ᠵᠠᠮ ᠳᠠᠭᠠᠨ ᠵᠤᠬᠢᠶᠠᠭᠳᠠᠭᠰᠠᠨ ᠳᠠᠭᠤᠤ ᠪᠤᠯᠬᠤ ᠶᠤᠮ᠃   ︵ᠳᠦᠷᠪᠡ︶ ᠨᠣᠲᠤᠭ ᠣᠰᠣ ᠪᠠᠨ ᠰᠠᠨᠠᠵᠤ ᠮᠥᠷᠥᠭᠡᠳᠦᠭᠰᠡᠨ ᠳᠠᠭᠤᠤ   ︽ᠵᠢᠷᠠᠨ ᠬᠠᠶᠢᠯᠠᠰᠣ︾᠂ ︽ᠲᠤᠩᠭᠠᠯᠠᠭ ᠤᠨ ᠭᠤᠤᠯ︾ ᠡᠨᠡ ᠬᠤᠶᠠᠷ ᠳᠠᠭᠤᠤ ᠪᠤᠯ ᠪᠦᠷ ᠦᠦᠰᠢᠨ ᠨᠤᠶᠠᠨ ᠴᠠᠭᠳᠣᠷᠰᠡᠷᠡᠩ ᠦᠪᠡᠷ ᠤᠨ ᠬᠤᠪᠳᠤᠭ ᠰᠢᠨᠤᠬᠠᠢ ᠰᠡᠳᠬᠢᠯ ᠢᠶᠠᠨ ᠬᠠᠩᠭᠠᠬᠤ ᠶᠢᠨ ᠲᠦᠯᠦᠭᠡ ᠬᠤᠰᠢᠭᠤ ᠨᠤᠲᠤᠭ ᠤᠨ ᠪᠡᠯᠴᠢᠭᠡᠷ ᠢᠶᠠᠨ ᠭᠠᠳᠠᠨ᠎ᠠ ᠣᠷᠣᠨ ᠤ ᠭᠠᠵᠠᠷ ᠤᠨ ᠡᠵᠡᠳ᠂ ᠴᠡᠷᠢᠭ ᠤᠨ ᠨᠤᠶᠠᠳ ᠲᠤ ᠳᠦᠷᠢᠶᠠᠰᠦᠯᠡᠨ ᠦᠭᠬᠦ ᠪᠤᠶᠤ ᠬᠤᠳᠠᠯᠳᠣᠨ ᠦᠭᠭᠦᠭᠰᠡᠨ ᠠᠴᠠ ᠮᠠᠯᠴᠢᠨ ᠲᠦᠮᠡᠨ ᠠᠷᠭ᠎ᠠ ᠪᠤᠰᠣ ᠨᠡᠭᠦᠨ ᠶᠠᠪᠤᠬᠤ ᠯᠠ ᠬᠡᠷᠡᠭ ᠪᠤᠯᠵᠤ᠂ ᠲᠡᠳᠡ ᠬᠡᠴᠢᠨᠡᠨ ᠦᠶ᠎ᠡ ᠪᠠᠷ ᠨᠤᠲᠤᠭᠯᠠᠨ ᠢᠷᠡᠭᠰᠡᠨ ᠪᠡᠯᠴᠢᠭᠡᠷ ᠨᠤᠲᠤᠭ ᠠᠴᠠ ᠪᠠᠨ ᠰᠠᠯᠵᠤ ᠶᠠᠳᠠᠬᠤ ᠳᠠᠭᠠᠨ ᠡᠮᠬᠡᠨᠢᠵᠤ ᠪᠢᠴᠢᠭᠰᠡᠨ ᠳᠠᠭᠤᠤ ᠪᠤᠯᠤᠨ᠎ᠠ᠃   ᠳᠦᠷᠪᠡ᠂ ᠦᠦᠰᠢᠨ ᠠᠷᠠᠳ ᠤᠨ ᠬᠤᠪᠢᠰᠬᠠᠯᠳᠣ ᠳᠠᠭᠤᠤ ᠶᠢᠨ ᠣᠨᠴᠠᠯᠢᠭ   ︵ᠨᠢᠬᠡ︶ ᠲᠡᠦᠬᠡᠲᠦ ᠴᠢᠨᠠᠷ ᠲᠠᠢ᠃ ᠦᠦᠰᠢᠨ ᠠᠷᠠᠳ ᠤᠨ ᠬᠤᠪᠢᠰᠬᠠᠯᠲᠤ ᠳᠠᠭᠤᠤ ᠨᠢ ᠪᠦᠷ ᠲᠡᠦᠬᠡᠨ ᠦᠨᠡᠨ ᠪᠤᠳᠠᠲᠤ ᠬᠡᠷᠡᠭ ᠤᠴᠢᠷ ᠠᠴᠠ ᠰᠡᠲᠦᠪᠯᠡᠨ ᠵᠤᠬᠢᠶᠠᠭᠳᠠᠭᠰᠠᠨ ᠪᠠᠶᠢᠳᠠᠭ᠃ ᠳᠠᠭᠤᠤ ᠶᠢᠨ ᠦᠭᠡ ᠰᠢᠯᠦᠭ ᠨᠢ ᠳᠣᠬᠠᠢ ᠶᠢᠨ ᠦᠶᠡᠰ ᠤᠨ ᠲᠡᠦᠬᠡᠨ ᠦᠨᠡᠨ ᠪᠤᠳᠠᠲᠤ ᠬᠡᠷᠡᠭ ᠣᠴᠢᠷ ᠢ ᠲᠡᠷᠡ ᠮᠦᠨ ᠢᠶᠠᠷ ᠨᠢ ᠲᠡᠮᠲᠡᠭᠯᠡᠵᠦ ᠪᠠᠶᠢᠳᠠᠭ᠃ ᠨᠡᠩ ᠢᠯᠠᠩᠭᠤᠶ᠎ᠠ ᠦᠦᠰᠢᠨ ᠠᠷᠠᠳ ᠤᠨ ᠬᠤᠪᠢᠰᠬᠠᠯᠲᠤ ᠳᠠᠭᠤᠤ ᠨᠢ ᠴᠠᠭᠳᠣᠷᠰᠡᠷᠡᠩ᠂ ᠲᠡᠭᠦᠰᠠᠠᠮᠤᠭᠤᠯᠠᠩ ᠤᠨ ᠵᠠᠰᠠᠭ ᠪᠠᠷᠢᠵᠤ ᠪᠠᠶᠢᠭᠰᠠᠨ ᠦᠶ᠎ᠡ ᠶᠢᠨ ᠲᠡᠦᠬᠡᠨ ᠦᠨᠡᠨ ᠪᠤᠳᠠᠳᠤ ᠪᠠᠶᠢᠳᠠᠯ ᠢ ᠲᠤᠰᠬᠠᠵᠤ ᠪᠠᠶᠢᠳᠠᠭ᠃ ᠵᠢᠱᠢᠶᠡᠯᠡᠪᠡᠯ᠄ ︽ᠳᠤᠭᠤᠶᠢᠯᠠᠩ︾ ᠭᠡᠬᠦ ᠳᠠᠭᠤᠤ ᠳᠤ ︽ᠰᠢᠨᠡᠯᠠᠮ᠎ᠠ ᠶᠢᠨ ᠠᠬ᠎ᠠ ᠳᠡᠭᠦᠦ ᠨᠠᠷ ᠰᠢᠯᠭᠠᠷᠠᠵᠤ ᠪᠠᠶᠢᠨ᠎ᠠ ᠰᠢᠦ ᠳ᠋ᠠ \ ᠰᠢᠨ᠎ᠡ ᠴᠠᠭ ᠤᠨ ᠵᠢᠷᠤᠮ ᠶᠣᠰᠣ ᠶᠢ ᠳᠠᠭᠠᠵᠠᠭᠠᠶ᠎ᠠ ᠳ᠋ᠠ \ ᠪᠠᠭᠯᠠᠷᠠᠵᠤ ᠴᠤᠭᠯᠠᠷᠠᠮᠠᠨᠵᠢᠨ ᠳᠤᠭᠤᠢ ᠪᠤᠯᠤᠭᠰᠠᠨ ᠶᠤᠮ ᠳ᠋ᠠ \ ᠪᠠᠲᠤ ᠴᠢᠩᠲᠠ ᠵᠢᠷᠤᠮ ᠢᠶᠠᠨ ᠪᠠᠷᠢᠵᠠᠭᠠᠶ᠎ᠠ ᠳ᠋ᠠ \ ᠳᠤᠯᠤᠭᠠᠨ ᠬᠤᠰᠢᠭᠤ ᠶᠢ ᠳᠣᠭᠳᠣᠯᠭᠠᠮᠠᠨᠵᠢᠨ ᠳᠤᠭᠤᠶᠢᠯᠠᠩ ᠪᠤᠯᠤᠭᠰᠠᠨ ᠶᠤᠮ \ ᠲᠣᠲᠣᠷ᠎ᠠ ᠮᠠᠭᠤᠲᠠᠢ ᠭᠤᠮᠢᠨᠳᠠᠩ ᠢ ᠲᠤᠭᠵᠢᠷᠠᠭᠤᠯᠵᠠᠭᠠᠶ᠎ᠠ ᠳ᠋ᠠ︾ ᠭᠡᠬᠦ ᠮᠡᠲᠤ ᠪᠠᠷ ᠳᠤᠭᠤᠶᠢᠯᠠᠩ ᠢ ᠶᠠᠮᠠᠷ ᠤᠴᠢᠷ ᠠᠴᠠ ᠪᠠᠶᠢᠭᠤᠯᠣᠭᠰᠠᠨ᠂ ᠶᠠᠮᠠᠷ ᠬᠦᠮᠦᠨ ᠤᠳᠤᠷᠢᠳᠴᠤ ᠪᠠᠶᠢᠭᠰᠠᠨ᠂ ᠬᠡᠷᠬᠢᠨ ᠲᠡᠮᠡᠴᠡᠯ ᠶᠠᠪᠤᠭᠤᠯᠵᠤ ᠪᠠᠶᠢᠭᠰᠠᠨ ᠵᠡᠷᠭᠡ ᠲᠡᠦᠬᠡ ᠶᠢᠨ ᠦᠨᠡᠨ ᠪᠤᠳᠠᠲᠤ ᠪᠠᠶᠢᠳᠠᠯ ᠢ ᠪᠢᠴᠢᠵᠡᠢ᠃   ︵ᠬᠤᠶᠠᠷ︶ ᠣᠯᠠᠨ ᠲᠦᠮᠡᠨᠴᠢ ᠴᠢᠨᠠᠷ ᠲᠠᠢ᠃ ᠦᠦᠰᠢᠨ ᠠᠷᠠᠳ ᠤᠨ ᠬᠤᠪᠢᠰᠬᠠᠯᠲᠤ ᠳᠠᠭᠤᠤ ᠦᠷᠭᠡᠨ ᠢᠶᠠᠷ ᠳᠠᠷᠬᠠᠨ ᠳᠡᠯᠭᠡᠷᠡᠭᠰᠡᠨ ᠠᠴᠠ ᠨᠢ ᠦᠵᠡᠪᠡᠯ ᠲᠡᠷᠡ ᠨᠢ ᠯᠠᠪᠲᠠᠢ ᠨᠢᠭᠡ ᠬᠤᠶᠠᠷ ᠬᠦᠮᠦᠨ ᠤ ᠰᠠᠨᠠᠭ᠎ᠠ ᠶᠢ ᠢᠯᠡᠳᠬᠡᠭᠰᠡᠨ ᠪᠢᠰᠢ᠂ ᠬᠠᠷᠢᠨ ᠡᠨᠡ ᠳᠠᠭᠤᠤ ᠨᠢ ᠦᠷᠭᠡᠨ ᠣᠯᠠᠨ ᠠᠷᠠᠳ ᠲᠦᠮᠡᠨ ᠤ ᠰᠠᠨᠠᠭ᠎ᠠ ᠶᠢ ᠢᠯᠡᠳᠬᠡᠭᠰᠡᠨ ᠠᠴᠠ ᠰᠠᠶ᠋ᠢ ᠦᠷᠭᠡᠨ ᠢᠶᠠᠷ ᠠᠷᠠᠳ ᠤᠨ ᠳᠤᠮᠳᠠ ᠳᠠᠮᠵᠢᠭᠤᠯᠤᠭᠳᠠᠨ ᠳᠠᠷᠬᠠᠵᠠᠢ᠃ ᠡᠬᠦᠨ ᠢᠶᠠᠷ ᠪᠠᠷᠠᠬᠤ ᠦᠬᠡᠢ᠂ ᠨᠢᠭᠡ ᠳᠠᠭᠤᠤ ᠶᠢ ᠡᠬᠢᠨ ᠠᠴᠠ ᠨᠢ ᠠᠳᠠᠭ ᠲᠤ ᠬᠦᠷᠲᠡᠯ᠎ᠡ ᠵᠦᠪᠬᠡᠨ ᠨᠢᠬᠡ ᠯᠠ ᠬᠦᠮᠦᠨ ᠵᠤᠬᠢᠶᠠᠭᠰᠠᠨ ᠨᠢ ᠴᠦᠭᠡᠨ ᠪᠠᠶᠢᠳᠠᠭ᠃ ᠬᠠᠷᠢᠨ ᠨᠢᠭᠡ ᠬᠦᠮᠦᠨ ᠤ ᠵᠤᠬᠢᠶᠠᠭᠰᠠᠨ ᠳᠠᠭᠤᠤ ᠨᠢ ᠣᠯᠠᠨ ᠲᠦᠮᠡᠨ ᠤ ᠳᠣᠮᠳᠠ ᠳᠠᠮᠵᠢᠭᠤᠯᠤᠭᠳᠠᠨ ᠳᠠᠷᠬᠠᠬᠤ ᠳᠠᠭᠠᠨ ᠦᠭᠡ ᠶᠢᠨ ᠲᠤᠭ᠎ᠠ ᠨᠢ ᠨᠡᠮᠡᠭᠳᠡᠬᠦ᠂ ᠬᠠᠰᠤᠭᠳᠠᠬᠤ᠂ ᠬᠤᠪᠢᠷᠠᠬᠤ ᠶᠠᠪᠤᠳᠠᠯ ᠪᠦᠷ ᠭᠠᠷᠬᠤ ᠶᠤᠮ᠃ ᠵᠢᠱᠢᠶᠡᠯᠡᠪᠡᠯ᠄ ︽ᠦᠦᠰᠢᠨ ᠬᠤᠰᠢᠭᠤ︾ ᠭᠡᠰᠡᠨ ᠳᠠᠭᠤᠤ ᠪᠠᠷ ᠠᠪᠤᠭᠠᠳ ᠬᠡᠯᠡᠭᠰᠡᠨ ᠴᠦ ᠨᠢᠮᠠᠷᠢᠨᠴᠢᠨ ᠬᠠᠮᠤᠭ ᠠᠩᠬ᠎ᠠ ᠵᠤᠬᠢᠶᠠᠬᠤ ᠳᠤ 5 ᠪᠠᠳᠠᠭ ᠪᠠᠶᠢᠵᠤ᠂ ᠰᠡᠬᠦᠯᠡᠷ ᠨᠢ ᠣᠯᠠᠨ ᠤ ᠳᠣᠮᠳᠠ ᠳᠠᠮᠵᠢᠨ ᠳᠠᠷᠬᠠᠭᠰᠠᠭᠠᠷ ᠪᠠᠶᠢᠵᠤ ᠲᠡᠷᠡ ᠨᠢ ᠬᠦᠭᠵᠢᠭᠡᠳ 19 ᠪᠠᠳᠠᠭ ᠪᠤᠯᠤᠭᠰᠠᠨ ᠪᠠᠶᠢᠨ᠎ᠠ᠃   ︵ᠭᠤᠷᠪᠠ︶ ᠬᠤᠪᠢᠰᠬᠠᠯᠲᠤ ᠴᠢᠨᠠᠷ ᠲᠠᠢ᠃ ᠦᠦᠰᠢᠨ ᠠᠷᠠᠳ ᠤᠨ ᠬᠤᠪᠢᠰᠬᠠᠯᠲᠤ ᠳᠠᠭᠤᠤ ᠨᠢ ᠪᠦᠷ ᠬᠠᠷ᠎ᠠ ᠰᠢᠷ᠎ᠠ ᠹᠸᠣᠳᠠᠯ ᠬᠢᠭᠡᠳ ᠨᠤᠶᠠᠳ ᠢ ᠡᠰᠡᠷᠭᠦᠴᠡᠭᠰᠡᠨ᠂ ᠬᠠᠷᠢ ᠶᠢᠨ ᠴᠢᠳᠭᠦᠷ᠂ ᠬᠤᠯᠠᠭᠠᠢ ᠳᠡᠭᠡᠷᠡᠮ᠂ ᠬᠠᠷᠭᠢᠰ ᠵᠠᠯᠢᠬᠠᠢ᠂ ᠰᠢᠨᠣᠬᠠᠢ ᠠᠷᠠᠯᠵᠢᠶᠠᠴᠢᠨ ᠤ ᠳᠠᠷᠤᠯᠠᠯ ᠢ ᠡᠰᠡᠷᠭᠦᠴᠡᠭᠰᠡᠨ ᠳᠠᠭᠤᠣ ᠨᠤᠭᠤᠳ ᠪᠤᠯᠬᠤ ᠶᠤᠮ᠃ ᠡᠭᠦᠨ ᠳᠤ ᠰᠢᠨᠡᠯᠠᠮ᠎ᠠ ᠶᠢᠨ ᠤᠳᠣᠷᠢᠳᠣᠭᠰᠠᠨ ᠦᠦᠰᠢᠨ ᠨᠣᠲᠤᠭ ᠤᠨ ᠮᠠᠯᠴᠢᠳ ᠤᠨ ᠪᠣᠰᠣᠯᠭ᠎ᠠ᠂ ᠳᠤᠭᠤᠶᠢᠯᠠᠩ ᠤᠨ ᠬᠦᠳᠡᠯᠭᠡᠭᠡᠨ ᠤ ᠳᠠᠭᠤᠣ ᠰᠢᠯᠦᠭ ᠨᠢ ᠨᠡᠩ ᠴᠦ ᠬᠤᠪᠢᠰᠬᠠᠯᠲᠤ ᠴᠢᠨᠠᠷ ᠢᠶᠠᠷ ᠴᠢᠩᠭ᠎ᠠ ᠪᠠᠶᠢᠳᠠᠭ᠃ ᠵᠢᠱᠢᠶᠡᠯᠡᠪᠡᠯ᠄ ︽ᠰᠢᠨᠡᠯᠠᠮ᠎ᠠ︾ ᠭᠡᠰᠡᠨ ᠳᠠᠭᠤᠤ ᠳᠤ ︽ᠦᠨᠳᠦᠷ ᠴᠠᠭᠠᠨ ᠮᠠᠩᠬ᠎ᠠ ᠨᠢ \ ᠡᠳᠦᠷ ᠤᠨ ᠭᠠᠵᠠᠷ ᠠᠴᠠ ᠬᠠᠷᠠᠭᠳᠠᠨ᠎ᠠ \ ᠦᠯᠵᠡᠶᠢᠵᠷᠭᠠᠯ ᠤᠨ ᠠᠨᠳᠠ ᠪᠢᠳᠠ \ ᠦᠭᠡᠳᠡᠯᠡᠨ ᠮᠠᠨᠳᠣᠵᠣ ᠳᠠᠪᠰᠢᠨ᠎ᠠ \ ᠠᠪᠦ ᠡᠵᠢ ᠶᠢᠨ ᠠᠰᠠᠷᠠᠯ ᠬᠠᠶᠢᠷ᠎ᠠ \ ᠠᠷᠪᠢᠨ ᠢᠯᠡᠭᠦᠦ ᠪᠠᠶᠢᠨ᠎ᠠ \ ᠠᠴᠢ ᠦᠷ᠎ᠡ ᠪᠢᠳᠠ ᠨᠠᠷ \ ᠠᠴᠢᠯᠠᠨ ᠬᠠᠷᠢᠭᠤᠯᠤᠶ᠎ᠠ \ ᠠᠮᠢᠲᠠᠨ ᠤ ᠡᠷᠬᠢᠮ ᠮᠠᠩᠯᠠᠢ \ ᠪᠤᠯᠤᠭᠰᠠᠨ ︵ᠴᠦ︶ ᠬᠤᠶᠢᠨ᠎ᠠ \ ᠠᠴᠢ ᠦᠷ᠎ᠡ ᠬᠡᠦᠬᠡᠳ ᠪᠢᠳᠠ \ ᠬᠦᠭᠵᠢᠬᠦᠯᠵᠦ ᠮᠠᠨᠳᠤᠭᠤᠯᠤᠶ᠎ᠠ︾ ᠭᠡᠵᠦ ᠳᠠᠭᠤᠤ ᠶᠢᠨ ᠡᠴᠦᠰ ᠤᠨ ᠪᠠᠳᠠᠭ ᠲᠤ ᠬᠤᠪᠢᠰᠬᠠᠯ ᠤᠨ ᠵᠤᠷᠢᠭ ᠰᠠᠨᠠᠭ᠎ᠠ ᠶᠢ ᠢᠯᠡᠳᠬᠡᠭᠰᠡᠨ ᠪᠠᠶᠢᠨ᠎ᠠ᠃   ︵ᠳᠦᠷᠪᠡ︶ ᠣᠷᠣᠨ ᠨᠤᠲᠤᠭ ᠤᠨ ᠴᠢᠨᠠᠷ ᠲᠠᠢ᠃ ᠭᠠᠵᠠᠷ ᠭᠠᠵᠠᠷ ᠤᠨ ᠤᠷᠴᠢᠨ ᠲᠤᠭᠤᠷᠢᠨ᠂ ᠪᠠᠶᠢᠭᠠᠯᠢ ᠶᠢᠨ ᠦᠵᠡᠮᠵᠢ᠂ ᠵᠡᠩ ᠳᠠᠳᠬᠠᠯ᠂ ᠬᠡᠯᠡ ᠶᠠᠷᠢᠶ᠎ᠠ ᠨᠢ ᠣᠨᠳᠣᠣ ᠪᠠᠶᠢᠳᠠᠭ ᠪᠦᠭᠡᠳ ᠦᠦᠰᠢᠨ ᠠᠷᠠᠳ ᠤᠨ ᠬᠤᠪᠢᠰᠬᠠᠯᠲᠤ ᠳᠠᠭᠤᠤ ᠳᠤ ᠨᠤᠲᠤᠭ ᠤᠨ ᠶᠠᠷᠢᠶ᠎ᠠ ᠤᠯᠠᠨ ᠪᠠᠶᠢᠳᠠᠭ᠃ ᠵᠢᠱᠢᠶᠡᠯᠡᠪᠡᠯ᠄ ︽ᠭᠠᠯᠠᠭᠤᠲᠤ ᠶᠢᠨ ᠰᠦᠮ᠎ᠡ ᠶᠢᠨ ᠴᠢᠭᠤᠯᠭᠠᠨ ︾ ᠭᠡᠰᠡᠨ ᠳᠠᠭᠤᠤ ᠳᠤ ︽ᠤᠤᠭᠤᠬᠤ ᠪᠠᠷ ᠢᠶᠠᠨ ᠤᠤᠭᠤ ᠳ᠋ᠠ \ ᠤᠮᠠᠯᠬᠤ ᠪᠠᠷ ᠢᠶᠠᠨ ᠤᠮᠠᠯ ᠳ᠋ᠠ \ ᠤᠤᠭᠤᠭᠰᠠᠨ ᠤ ᠪᠠᠨ ᠳᠠᠷᠠᠭ᠎ᠠ ᠪᠠᠷ \ ᠤᠨᠲᠠᠭ᠎ᠠ ᠪᠠᠷ ᠢᠶᠠᠨ ᠦᠬᠦ ᠳ᠋ᠠ \ ᠳᠠᠷᠠᠩ ᠰᠠᠭᠠᠷᠠᠯ ᠮᠣᠷᠢ ᠨᠢ \ ᠳᠠᠯᠤ ᠳᠦᠭᠦᠷᠡᠩ ᠲᠠᠭᠠᠷᠢ ᠲᠠᠢ \ ᠳᠠᠷᠪᠠᠭᠯᠠᠭᠰᠠᠨ ᠳᠠᠯᠠᠳᠴᠣᠳ ᠤᠨ \ ᠳᠠᠯᠢᠩ ᠱᠦᠩ ᠱᠦᠩ ᠤᠨ ᠳᠠᠮᠨᠠᠭᠤᠷᠭ᠎ᠠ︾ ᠭᠡᠵᠦ ᠮᠠᠰᠢ ᠠᠷᠪᠢᠨ ᠨᠣᠲᠤᠭ ᠤᠨ ᠬᠡᠯᠡᠯᠭᠡ ᠬᠡᠷᠡᠭᠯᠡᠭᠰᠡᠨ ᠪᠠᠶᠢᠨ᠎ᠠ᠃ ︽ᠰᠢᠨ᠎ᠡ ᠰᠦᠮ᠎ᠡ ᠶᠢᠨ ᠴᠢᠭᠤᠯᠭᠠᠨ︾ ᠭᠡᠰᠡᠨ ᠳᠠᠭᠤᠤ ᠳᠠᠬᠢ ︽ᠵᠢᠤ ᠶᠤᠸᠠᠢ ᠰᠠᠷ᠎ᠠ᠂ ᠯᠠ ᠶᠤᠸᠠᠢ ᠰᠠᠷ᠎ᠠ᠂ ᠳ᠋ᠠ ᠬᠦᠩ ᠶᠧ︾᠂ ᠰᠢᠨᠡᠯᠠᠮ᠎ᠠ ᠬᠡᠰᠡᠨ ᠳᠠᠭᠤᠤ ᠳᠠᠬᠢ ︽ᠣᠷᠳᠤ ᠵᠠᠮ ᠤᠨ ᠵᠢᠩ ᠵᠢᠢ᠂ ᠮᠤᠩᠬᠠᠭ ᠬᠤᠯᠠᠭᠠᠢ ᠵᠢᠩ ᠲᠦᠩ ᠯᠢᠩ᠂ ᠵᠢᠩ ᠤᠨ ᠴᠡᠷᠢᠭ ᠴᠢ ᠪᠢᠩ ᠲᠤᠸᠠᠨ᠂ ᠵᠢᠩ ᠭᠠᠩ ᠰᠤᠮᠤ᠂ ᠰᠠᠯᠪᠤᠷᠢ ᠠᠩᠭᠢ ᠶᠢᠨ ᠳ᠋ᠢ ᠰᠢᠶᠦ᠋ᠩ ᠤᠳ︾ ᠭᠡᠵᠦ ᠮᠠᠰᠢ ᠠᠷᠪᠢᠨ ᠬᠢᠲᠠᠳ ᠦᠭᠡ ᠪᠠᠶᠢᠳᠠᠭ᠃ ᠦᠦᠰᠢᠨ ᠬᠤᠰᠢᠭᠤ ᠪᠤᠯ ᠣᠷᠳᠣ ᠵᠠᠬ᠎ᠠ ᠪᠠᠷ ᠢᠶᠠᠨ ᠱᠠᠨᠰᠢ ᠮᠤᠵᠢ ᠲᠠᠢ ᠬᠢᠯᠢ ᠨᠡᠶᠢᠯᠡᠵᠦ᠂ ᠡᠷᠲᠡᠨ ᠠᠴᠠ ᠠᠪᠤᠭᠠᠳ ᠬᠢᠲᠠᠳ ᠦᠨᠳᠦᠰᠦᠲᠡᠨ ᠤ ᠮᠠᠶᠢᠮᠠᠶᠢᠴᠢᠨ ᠬᠤᠳᠠᠯᠳᠣᠭᠠᠴᠢᠨ ᠢᠷᠡᠵᠦ ᠭᠠᠷᠳᠠᠭ ᠪᠦᠭᠡᠳ ᠨᠡᠩ ᠢᠯᠠᠩᠭᠤᠶ᠎ᠠ ᠴᠢᠩ ᠤᠯᠤᠰ ᠤᠨ ᠰᠡᠭᠦᠯᠴᠢ ᠬᠦᠷᠦᠭᠡᠳ ᠬᠤᠰᠢᠭᠤᠨ ᠤ ᠨᠤᠶᠠᠨ ᠡᠳ᠋ ᠮᠥᠩᠭᠦ ᠡᠷᠬᠡ ᠠᠰᠢᠭ ᠤᠨ ᠲᠦᠯᠦᠭᠡ ᠰᠢᠨᠤᠵᠤ᠂ ᠳᠠᠰᠣᠷᠠᠯ ᠦᠭᠡᠢ ᠭᠠᠵᠠᠷ ᠨᠤᠲᠤᠭ ᠢᠶᠠᠨ ᠬᠤᠳᠠᠯᠳᠣᠭᠰᠠᠨ ᠠᠴᠠ ᠴᠦᠬᠡᠨ ᠪᠤᠰᠤ ᠬᠢᠲᠠᠳ ᠬᠦᠮᠦᠰ ᠡ᠊ᠨᠳᠡ ᠣᠷᠣᠰᠢᠨ ᠰᠠᠭᠤᠵᠠᠢ᠃ ᠡᠶᠢᠮᠤ ᠠᠴᠠ ᠲᠤᠩ ᠣᠯᠠᠨ ᠬᠢᠲᠠᠳ ᠦᠭᠡ ᠨᠢ ᠮᠣᠩᠭᠤᠯ ᠠᠶᠠᠯᠭᠤ ᠣᠷᠣᠵᠣ᠂ ᠨᠤᠲᠤᠭ ᠤᠨ ᠬᠡᠯᠡᠯᠭᠡ ᠪᠤᠯᠤᠨ ᠬᠤᠪᠢᠷᠠᠭᠰᠠᠨ ᠪᠠᠶᠢᠨ᠎ᠠ᠃   ︵ᠲᠠᠪᠤ︶᠂ ᠦᠯᠢᠭᠡᠷᠯᠢᠭ ᠴᠢᠨᠠᠷ ᠲᠠᠢ᠃ ᠦᠦᠰᠢᠨ ᠠᠷᠠᠳ ᠤᠨ ᠬᠤᠪᠢᠰᠬᠠᠯᠲᠤ ᠳᠠᠭᠤᠤ ᠶᠢᠨ ᠣᠯᠠᠩᠬᠢ ᠨᠢ ᠠᠷᠪᠠᠨ ᠬᠡᠳᠦ ᠬᠤᠷᠢᠨ ᠪᠠᠳᠠᠭ᠂ ᠴᠢᠨᠠᠭᠰᠢᠯᠠᠪᠠᠯ ᠬᠡᠳᠦᠨ ᠠᠷᠪᠠᠨ ᠪᠠᠳᠠᠭ ᠣᠷᠲᠤ ᠪᠠᠶᠢᠳᠠᠭ ᠪᠤᠯᠬᠤᠷ ᠳᠠᠭᠤᠤ ᠶᠢᠨ ᠠᠭᠤᠯᠭ᠎ᠠ ᠨᠢ ᠶᠡᠭᠡ ᠠᠷᠪᠢᠨ ᠢ ᠬᠠᠮᠤᠷᠤᠭᠰᠠᠨ ᠪᠠᠶᠢᠳᠠᠭ᠃ ᠨᠢᠭᠡ ᠳᠠᠭᠤᠤ ᠳᠤ ᠬᠡᠷᠡᠭ ᠣᠴᠢᠷ ᠤᠨ ᠡᠬᠢᠯᠡᠯᠲᠡ᠂ ᠦᠩᠭᠡᠷᠡᠯᠲᠡ᠂ ᠲᠡᠭᠦᠰᠬᠡᠯ ᠢ ᠪᠦᠷ ᠪᠢᠴᠢᠭᠰᠡᠨ ᠢᠶᠠᠷ ᠪᠠᠷᠠᠬᠤ ᠦᠬᠡᠢ ᠪᠠᠰᠠ ᠵᠤᠬᠢᠶᠠᠭᠴᠢ ᠦᠪᠡᠷ ᠤᠨ ᠦᠵᠡᠯᠲᠡ ᠪᠤᠳᠤᠯ ᠢᠶᠠᠨ ᠪᠢᠴᠢᠭᠰᠡᠨ ᠪᠠᠶᠢᠳᠠᠭ᠃ ᠵᠢᠱᠢᠶᠡᠯᠡᠪᠡᠯ᠄ ︽ᠰᠢᠨ᠎ᠡ ᠰᠦᠮ᠎ᠡ ᠶᠢᠨ ᠴᠢᠭᠤᠯᠭᠠᠨ︾ ᠭᠡᠰᠡᠨ ᠳᠠᠭᠤᠤ ᠨᠢ ᠡᠬᠢᠯᠡᠭᠰᠡᠭᠡᠷ ︽ᠰᠢᠨ᠎ᠡ ᠰᠦᠮ᠎ᠡ ᠶᠢᠨ ᠴᠢᠭᠤᠯᠭᠠᠨ ᠨᠢ \ ᠰᠢᠨᠠᠯᠭᠠᠭᠰᠠᠨ ᠴᠢᠭᠤᠯᠭᠠᠨ ᠪᠠᠶᠢᠨ᠎ᠠ \ ᠰᠢᠨᠵᠢ ᠮᠠᠭᠤᠲᠠᠢ ᠳ᠋ᠠ ᠶᠢᠨ ᠳᠦᠰᠢᠮᠡᠳ ᠢ \ ᠰᠢᠷᠠᠮᠤᠨ ᠲᠤᠭᠵᠢᠷ ᠢᠶᠠᠷ ᠦᠳᠡᠯ᠎ᠡ ᠳ᠋ᠤᠤ \ ᠴᠢᠭᠤᠯᠭᠠᠨ ᠴᠢᠭᠤᠯᠤᠭᠰᠠᠨ ᠬᠡᠷᠡᠭ ᠨᠢ \ ᠴᠤᠬᠤᠮ ᠶᠠᠮᠠᠷ ᠪᠤᠯᠤᠭᠰᠠᠨ ᠢ ᠴᠤᠭᠯᠠᠷᠠᠭᠰᠠᠨ ᠬᠦᠮᠦᠰ \ ᠴᠤᠭ ᠢᠶᠠᠷ ᠳᠠᠶᠠᠭᠠᠷ ᠮᠡᠳᠡᠨ᠎ᠡ︾ ᠭᠡᠵᠦ ᠶᠠᠭᠤᠨ ᠳᠤ ᠴᠢᠭᠤᠯᠭᠠᠨ ᠴᠢᠭᠤᠯᠤᠭᠰᠠᠨ ᠤ ᠳᠣᠬᠠᠢ ᠪᠢᠴᠢᠵᠡᠢ᠃ ᠳᠠᠭᠤᠤ ᠶᠢᠨ ᠳᠣᠮᠳᠠ ᠶᠢᠨ ᠭᠡᠰᠡᠭ ᠲᠤ ︽ᠳᠠᠷᠤᠰᠢ ᠳᠤᠷ ᠰᠠᠭᠤᠭᠰᠠᠨ \ ᠳᠠᠯᠠᠢ ᠶᠢᠨ ᠡᠮ᠎ᠡ ᠦᠵᠦᠮ ᠲᠠᠢ \ ᠳᠠᠴᠢᠶᠠᠳᠠᠵᠤ ᠶᠡᠭᠡ ᠨᠡᠶᠢᠯᠡᠭᠡᠳ \ ᠳᠠᠩᠴᠤ ᠨᠢᠭᠤᠷ ᠢᠶᠠᠨ ᠪᠠᠷᠠᠯ᠎ᠠ ᠪᠠ \ ᠡᠯᠭᠦᠪᠴᠢ ᠳᠣᠲᠣᠭᠠᠵᠢ ᠶᠢᠨ ᠣᠴᠢᠷ ᠠᠴᠠ \ ᠦᠷᠭᠦᠯᠵᠢᠯᠡᠭᠰᠡᠨ ᠬᠡᠷᠡᠭ ᠶᠤᠮ \ ᠦᠨᠡᠨ ᠮᠠᠭᠠᠳ ᠢ ᠨᠢ ᠣᠯᠬᠤ ᠦᠭᠡᠢ ᠪᠠᠷ \ ᠦᠨᠡᠬᠡᠷ ᠠᠷᠭ᠎ᠠ ᠪᠠᠨ ᠪᠠᠷᠠᠯ᠎ᠠ ᠳ᠋ᠣᠣ︾ ᠭᠡᠵᠦ ᠬᠡᠷᠡᠭ ᠣᠴᠢᠷ ᠤᠨ ᠦᠷ᠎ᠡ ᠳ᠋ᠦᠩ ᠢ ᠪᠢᠴᠢᠵᠡᠢ᠃ ᠳᠠᠭᠤᠤ ᠶᠢᠨ ᠡᠴᠦᠰ ᠲᠤ ︽ᠳᠠᠭᠤᠲᠤ ᠶᠢᠨ ᠬᠡᠷᠡᠭ ᠢ ᠳᠠᠭᠤᠰᠬᠠᠭᠰᠠᠨ \ ᠳᠠᠭᠤᠯᠠᠯᠲᠠᠢ ᠰᠣᠨᠢᠨ ᠶᠠᠭᠤ ᠪᠤᠢ ᠭᠡᠪᠡᠯ \ ᠳᠠᠶᠠᠭᠠᠷ ᠤᠯᠠᠨ ᠤ ᠳᠠᠭᠤᠯᠠᠭᠰᠠᠨ \ ᠳᠠᠬᠢᠨ ᠵᠢᠷᠭᠠᠬᠤ ᠶᠢᠨ ᠪᠡᠯᠭᠡ ᠪᠠᠶᠢᠨ᠎ᠠ︾ ᠭᠡᠵᠦ ᠰᠠᠶᠢᠬᠠᠨ ᠢᠶᠠᠷ ᠵᠦᠩᠨᠡᠵᠡᠢ᠃   ︵ᠵᠢᠷᠭᠤᠭ᠎ᠠ︶᠂ ᠣᠬᠠᠭᠤᠯᠭ᠎ᠠ ᠶᠢᠨ ᠴᠢᠨᠠᠷ ᠲᠠᠢ᠃ ᠦᠦᠰᠢᠨ ᠠᠷᠠᠳ ᠤᠨ ᠬᠤᠪᠢᠰᠬᠠᠯᠲᠤ ᠳᠠᠭᠤᠤ ᠶᠢᠨ ᠶᠡᠬᠡᠩᠬᠢ ᠨᠢ ᠦᠦᠰᠢᠨ ᠨᠤᠶᠠᠨ ᠴᠠᠭᠳᠣᠷᠰᠡᠷᠡᠩ ᠪᠤᠯᠤᠨ ᠲᠡᠭᠦᠨ ᠤ ᠬᠦᠦ ᠲᠡᠭᠦᠰᠠᠠᠮᠤᠭᠤᠯᠠᠩ ᠤᠨ ᠵᠠᠰᠠᠭ ᠲᠦᠷᠦ ᠶᠢ ᠡᠰᠡᠷᠭᠦᠴᠡᠬᠦ᠂ ᠴᠢᠩ ᠣᠯᠣᠰ ᠤᠨ ᠵᠠᠰᠠᠭ ᠲᠦᠷᠦ ᠶᠢ ᠡᠰᠡᠷᠭᠦᠴᠡᠬᠦ᠂ ᠬᠠᠷᠢ ᠣᠷᠣᠨ ᠤ ᠠᠲᠠᠷ ᠬᠠᠭᠠᠯᠪᠤᠷᠢᠯᠠᠭᠴᠢᠳ ᠢ ᠡᠰᠡᠷᠭᠦᠴᠡᠬᠦ ᠶᠢ ᠣᠷᠢᠶᠠᠯᠠᠨ ᠤᠬᠠᠭᠤᠯᠤᠭᠰᠠᠨ ᠠᠭᠤᠯᠭ᠎ᠠ ᠲᠠᠢ ᠪᠠᠶᠢᠳᠠᠭ᠃ ᠵᠢᠱᠢᠶᠡᠯᠡᠪᠡᠯ᠄ ︽ᠦᠦᠰᠢᠨ ᠬᠤᠰᠢᠭᠤ︾ ᠭᠡᠰᠡᠨ ᠳᠠᠭᠤᠤ ᠳᠤ ︽ᠴᠤᠭᠴᠠᠯᠠᠭᠰᠠᠨ ᠪᠠᠶᠢᠳᠠᠯ ᠲᠠᠢ \ ᠴᠤᠭᠯᠠᠷᠠᠭᠰᠠᠨ ᠣᠯᠠᠩᠬᠢ ᠪᠢᠳᠠ \ ᠴᠤᠭ ᠢᠶᠠᠷ ᠳᠠᠶᠠᠭᠠᠷ ᠨᠡᠶᠢᠯᠡᠪᠡᠯ \ ᠴᠤᠭᠲᠤ ᠨᠠᠷᠠᠨ ᠯᠤᠭ᠎ᠠ ᠠᠳᠠᠯᠢ \ ᠵᠠᠩᠭᠠᠨ ᠣᠪᠣᠭᠠᠨ ᠠᠷᠤ ᠳᠤ \ ᠵᠠᠷᠯᠢᠭ ᠤᠨ ᠲᠦᠩ ᡁᠢ ᠪᠠᠭᠤᠵᠠᠢ ᠶᠠ︕ \ ᠵᠢᠶᠠᠩ ᠵᠦᠩ᠂ ᠮᠠ ᠰᠢᠶᠠᠷ ᠬᠤᠶᠠᠷ ᠯᠤᠭ᠎ᠠ \ ᠵᠠᠶᠢᠯᠠᠯ ᠦᠭᠡᠢ ᠲᠤᠯᠤᠶ᠎ᠠ︾ ᠭᠡᠵᠦ ᠠᠷᠠᠳ ᠲᠦᠮᠡᠨ ᠬᠠᠮᠲᠤ ᠪᠠᠷ ᠢᠶᠠᠨ ᠴᠤᠭᠯᠠᠷᠠᠪᠠᠯ ᠴᠤᠭᠲᠤ ᠨᠠᠷᠠ ᠲᠠᠢ ᠠᠳᠠᠯᠢ ᠬᠦᠴᠦᠨ ᠲᠠᠢ ᠪᠤᠯᠤᠨ᠎ᠠ᠂ ᠪᠢᠳᠠ ᠪᠦᠭᠦᠳᠡᠭᠡᠷ ᠢᠶᠠᠨ ᠬᠦᠴᠦ ᠪᠠᠨ ᠬᠠᠮᠲᠤᠳᠬᠠᠭᠠᠳ ᠵᠠᠯᠢᠬᠠᠢ ᠬᠤᠳᠠᠯᠳᠣᠭᠠᠴᠢᠨ ᠵᠢᠶᠠᠩ ᠵᠦᠩ᠂ ᠮᠠ ᠰᠢᠶᠠᠷ ᠲᠠᠢ ᠲᠡᠮᠡᠴᠡᠵᠡᠭᠡᠶ᠎ᠡ ᠭᠡᠵᠦ ᠠᠷᠠᠳ ᠲᠦᠮᠡᠨ ᠢ ᠤᠬᠠᠭᠤᠯᠤᠭᠰᠠᠨ ᠪᠠᠶᠢᠨ᠎ᠠ᠃ ︽ᠰᠢᠨᠡᠯᠠᠮ᠎ᠠ︾ ᠭᠡᠰᠡᠨ ᠳᠠᠭᠤᠤ ᠳᠤ ︽ᠰᠢᠨᠡᠯᠠᠮ᠎ᠠ ᠶᠢᠨ ᠠᠬ᠎ᠠ ᠳᠡᠭᠦᠦ ᠪᠢᠳᠠ ᠰᠢᠯᠭᠠᠷᠠᠵᠤ ᠪᠠᠶᠢᠨ᠎ᠠ ᠰᠢᠤ ᠳ᠋ᠣᠣ ᠰᠢᠨ᠎ᠡ ᠴᠠᠭ ᠤᠨ ᠵᠢᠷᠤᠮ ᠶᠤᠰᠤ ᠶᠢ ᠳᠠᠭᠠᠵᠠᠭᠠᠶ᠎ᠠ ᠳ᠋ᠣᠣ︾᠂ ︽ᠰᠠᠯᠠᠭᠠᠨ ᠳᠠᠷᠤᠭ᠎ᠠ ᠯᠢᠶᠠᠨᠵᠠᠩ ᠤᠨ \ ᠰᠠᠯᠪᠤᠷᠢ ᠠᠩᠭᠢ ᠶᠢᠨ ᠳ᠋ᠢ ᠰᠢᠶᠥ᠋ᠩ ᠤᠳ \ ᠰᠠᠨᠠᠭ᠎ᠠ ᠵᠤᠷᠢᠭ ᠢᠶᠠᠨ ᠨᠢᠭᠡᠳᠬᠡᠬᠡᠳ \ ᠰᠠᠮᠠᠭᠤᠨ ᠳᠠᠶᠢᠰᠤᠨ ᠢ ᠳᠠᠷᠣᠵᠠᠭᠠᠶ᠎ᠠ ᠳ᠋ᠤᠤ \ ᠠᠷᠪᠠ ᠶᠢᠨ ᠳᠠᠷᠤᠭ᠎ᠠ ᠱᠢ ᠵᠠᠩ ᠤᠳ \ ᠠᠬ᠎ᠠ ᠳᠡᠭᠦᠦ ᠳ᠋ᠢ ᠰᠢᠶᠦ᠋ᠩ ᠤᠳ \ ᠠᠶᠤᠯᠲᠤ ᠳᠠᠶᠢᠰᠤᠨ ᠢ ᠳᠠᠷᠤᠴᠢᠬᠠᠭᠠᠳ \ ᠠᠮᠤᠷ ᠲᠠᠶᠢᠪᠤᠩ ᠵᠢᠷᠭᠠᠵᠠᠭᠠᠶ᠎ᠠ ᠳ᠋ᠤᠤ︾ ᠭᠡᠵᠦ ᠰᠢᠨᠡᠯᠠᠮ᠎ᠠ ᠶᠢᠨ ᠳᠣᠣᠷᠠᠬᠢ ᠴᠡᠷᠢᠭ ᠠᠩᠭᠢ ᠶᠢᠨ ᠨᠦᠬᠦᠳ ᠢᠶᠠᠨ ᠪᠦᠭᠦᠳᠡᠭᠡᠷ ᠰᠠᠨᠠᠭ᠎ᠠ ᠵᠤᠷᠢᠭ ᠢᠶᠠᠨ ᠨᠢᠭᠡᠳᠬᠡᠬᠡᠳ ᠰᠢᠨ᠎ᠡ ᠴᠠᠭ ᠤᠨ ᠶᠤᠰᠤ ᠵᠢᠷᠣᠮ ᠠᠴᠠ ᠲᠠᠭᠠᠨ ᠰᠤᠷᠴᠦ᠂ ᠠᠶᠤᠯᠲᠤ ᠳᠠᠶᠢᠰᠣᠨ ᠢ ᠳᠠᠷᠤᠭᠠᠳ ᠠᠮᠤᠷ ᠲᠠᠶᠢᠪᠤᠩ ᠵᠢᠷᠭᠠᠨ ᠰᠠᠭᠤᠵᠠᠭᠠᠶ᠎ᠠ ᠭᠡᠵᠦ ᠣᠬᠠᠭᠤᠯᠤᠭᠰᠠᠨ ᠪᠠᠶᠢᠨ᠎ᠠ᠃   ︵ᠳᠣᠯᠤᠭ᠎ᠠ︶᠂ ᠪᠡᠯᠭᠡᠳᠡᠯ ᠤᠨ ᠴᠢᠨᠠᠷ ᠲᠠᠢ᠃ ᠦᠦᠰᠢᠨ ᠠᠷᠠᠳ ᠤᠨ ᠬᠤᠪᠢᠰᠬᠠᠯᠲᠤ ᠳᠠᠭᠤᠤ ᠨᠢ ᠪᠦᠷ ᠳᠣᠬᠠᠢ ᠶᠢᠨ ᠦᠶ᠎ᠡ ᠶᠢᠨ ᠬᠠᠷᠭᠢᠰ ᠬᠠᠷᠠᠩᠭᠤᠢ ᠹᠸᠥᠳᠡᠯ ᠤᠨ ᠨᠡᠶᠢᠬᠡᠮ ᠳᠤ ᠪᠤᠢ ᠪᠤᠯᠵᠤ᠂ ᠠᠷᠠᠳ ᠲᠦᠮᠡᠨ ᠳᠠᠭᠤᠤ ᠰᠢᠯᠦᠭ ᠢᠶᠠᠷ ᠳᠠᠮᠵᠢᠨ ᠳᠤᠬᠠᠢ ᠶᠢᠨ ᠦᠶ᠎ᠡ ᠶᠢᠨ ᠨᠡᠶᠢᠬᠡᠮ ᠤᠨ ᠬᠠᠷᠠᠰᠠᠯᠲᠤ ᠪᠠᠶᠢᠳᠠᠯ ᠢ ᠢᠯᠡᠴᠢᠯᠡᠵᠤ᠂ ᠮᠥᠨ ᠴᠦ ᠳᠠᠭᠤᠤ ᠪᠠᠷ ᠳᠠᠮᠵᠢᠨ ᠡᠨᠡ ᠬᠦ ᠬᠠᠷᠠᠰᠠᠯᠲᠤ ᠨᠡᠶᠢᠬᠡᠮ ᠤᠨ ᠪᠠᠶᠢᠳᠠᠯ ᠡᠷᠲᠡ ᠣᠷᠣᠢ ᠦᠭᠡᠢ ᠡᠴᠦᠰᠯᠡᠵᠦ᠂ ᠰᠠᠶᠢᠨ ᠰᠠᠶᠢᠬᠠᠨ ᠨᠡᠶᠢᠬᠡᠮ ᠡᠷᠲᠡ ᠣᠷᠣᠢ ᠦᠭᠡᠢ ᠬᠦᠷᠴᠦ ᠢᠷᠡᠬᠦ ᠶᠤᠮ ᠭᠡᠵᠦ ᠪᠡᠯᠭᠡᠳᠡᠳᠡᠭ᠃ ᠵᠢᠱᠢᠶᠡᠯᠡᠪᠡᠯ᠄ ︽ᠴᠠᠭᠠᠨ ᠮᠣᠷᠢᠨ ᠵᠢᠯ ᠤᠨ ᠦᠩᠭᠡ︾ ᠭᠡᠰᠡᠨ ᠳᠠᠭᠤᠤ ᠳᠤ ︽ᠬᠤᠷᠢᠨ ᠨᠢᠭᠡᠨ ᠤ ᠬᠤᠩᠭᠤᠷ ᠰᠠᠯᠬᠢᠨ \ ᠬᠤᠶᠢᠨ᠎ᠠ ᠪᠠᠨ ᠪᠠᠶᠢᠨ᠎ᠠ ᠰᠢᠤ ᠳ᠋ᠣᠣ \ ᠬᠤᠬᠢᠷ ᠵᠤᠳ ᠬᠤᠤᠷᠯᠠᠯ ᠰᠢᠯᠡᠭᠡ \ ᠬᠤᠭᠵᠢᠷᠠᠬᠤ ︵ᠶᠠ︶ ᠳ᠋ᠣᠣ︾᠂ ︽ᠬᠤᠨᠢ ᠮᠤᠷᠢ ᠦᠬᠡᠷ ᠮᠠᠯ ᠤᠨ \ ᠬᠤᠲᠠ ᠨᠢ ᠪᠠᠶᠢᠭᠰᠠᠨ ᠬᠤᠶᠢᠨ᠎ᠠ \ ᠬᠤᠷᠳᠤᠨ ᠦᠰᠦᠭᠡᠳ ᠵᠤᠵᠠᠭᠠᠨ ᠪᠤᠯᠬᠤ ᠨᠢ \ ᠶᠠᠭᠤᠨ ᠳᠠᠭᠠᠨ ᠤᠳᠠᠬᠤ ᠪᠤᠢ \ ᠰᠢᠪᠡᠷ ᠰᠠᠶᠢᠬᠠᠨ ᠪᠤᠷᠤᠭᠠᠨ ᠬᠤᠷ᠎ᠠ ᠦᠩᠭᠡᠷᠡᠭᠰᠡᠨ ᠬᠤᠶᠢᠨ᠎ᠠ \ ᠰᠢᠯᠢ ᠪᠠᠯᠠᠷ ᠬᠠᠭᠤᠷᠠᠢ ᠬᠦᠳᠡᠭᠡ \ ᠰᠢᠩᠭᠡᠭᠡᠨ ᠠᠪᠳᠠᠭ ᠳ᠋ᠣᠣ︾ ᠭᠡᠵᠦ ᠬᠡᠳᠦ᠋ᠢᠪᠡᠷ ᠣᠳᠣ ᠶᠢᠨ ᠪᠠᠶᠢᠳᠠᠯ ᠭᠠᠵᠠᠷ ᠪᠥᠬᠦᠨ ᠳᠤ ᠬᠠᠷᠠᠩᠭᠤᠢ ᠬᠠᠷᠠᠰᠠᠯᠲᠤ ᠪᠦᠭᠡᠳ ᠶᠠᠳᠠᠭᠤ ᠬᠤᠭᠤᠰᠤᠨ ᠪᠠᠶᠢᠬᠤ ᠪᠤᠯᠪᠠᠴᠤ ᠡᠨᠡ ᠪᠦᠬᠦᠨ ᠪᠦᠷ ᠬᠤᠩᠭᠤᠷ ᠰᠠᠯᠬᠢᠨ᠂ ᠰᠢᠪᠡᠷᠡᠭᠡ ᠪᠤᠷᠤᠭᠠᠨ ᠢᠶᠠᠷ ᠬᠤᠭ ᠦᠭᠡᠢ ᠠᠷᠢᠯᠵᠤ᠂ ᠪᠢᠳᠠᠨᠤᠰ ᠤᠨ ᠪᠡᠯᠴᠢᠬᠡᠷ ᠨᠤᠳᠤᠭ᠂ ᠬᠤᠨᠢᠨ ᠬᠤᠷᠤᠭ᠎ᠠ ᠪᠠᠶᠢᠭᠰᠠᠨ ᠴᠠᠭ ᠲᠤ ᠳᠡᠮᠡᠢ ᠤᠳᠠᠯ ᠦᠭᠡᠢ ᠬᠤᠨᠢ ᠮᠠᠯ ᠮᠢᠨᠢ ᠦᠰᠦᠨ ᠵᠤᠵᠠᠭᠠᠷᠠᠵᠤ ᠰᠠᠶᠢᠬᠠᠨ ᠴᠠᠭ ᠬᠦᠷᠴᠦ ᠢᠷᠡᠬᠦ ᠶᠤᠮ ᠭᠡᠵᠦ ᠵᠦᠩᠨᠡᠨ ᠪᠡᠯᠭᠡᠳᠡᠭᠰᠡᠨ ᠪᠠᠶᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号