ᠲᠤᠭᠤᠯᠲᠠᠢ ᠭᠠᠴᠠᠭᠠᠨ ᠳᠤ ︽ᠵᠤᠯᠠᠭ ᠤᠨ ᠨᠠᠶᠢᠷ︾ ᠪᠤᠯᠤᠯ᠎ᠠ
ᠨᠡᠶᠢᠲᠡᠯᠡᠭᠰᠡᠨ ᠴᠠᠭ᠄
2020/8/27
  ᠨᠠᠯᠠᠭᠠᠷ ᠨᠠᠮᠤᠷ ᠤᠨ ᠨᠠᠢᠮᠠᠨ ᠰᠠᠷ᠎ᠠ ᠳᠤ ᠦᠤᠰᠢᠨ ᠬᠤᠰᠢᠭᠤᠨ ᠤ ᠲᠤᠭ ᠪᠠᠯᠭᠠᠰᠤᠨ ᠤ ᠲᠤᠭᠤᠯᠲᠠᠢ ᠭᠠᠴᠠᠭ᠎ᠠ ᠶᠢᠨ ᠮᠠᠯᠴᠢᠳ ᠲᠠᠵᠢᠨᠢ ᠶᠢᠨ ᠤᠪᠤᠭᠠᠨ ᠲᠠᠬᠢᠯᠭ᠎ᠠ ᠶᠢ ᠲᠤᠬᠢᠶᠠᠯᠲᠤᠭᠤᠯᠤᠨ ᠤᠯᠠᠮᠵᠢᠯᠠᠯᠲᠦ ︽ᠵᠤᠯᠠᠭ ᠤᠨ ᠨᠠᠶᠢᠷ︾ ᠢ ᠡᠷᠬᠢᠯᠡᠨ ᠬᠢᠵᠦ᠂ ᠬᠤᠷᠠᠭᠰᠠᠨ ᠤᠯᠠᠨ ᠢᠶᠠᠨ ᠪᠠᠶᠠᠰᠬᠠᠪᠠ᠃   ᠵᠤᠯᠠᠭ ᠤᠨ ᠨᠠᠶᠢᠷ ᠲᠡᠭᠡᠷ᠎ᠡ ᠮᠠᠯᠴᠢᠳ ᠤᠷᠳᠤ ᠵᠡᠯᠡᠨ ᠲᠡᠭᠡᠷ᠎ᠠ ᠤᠶᠠᠭᠰᠠᠨ ᠭᠡᠭᠦᠦ ᠤᠨᠠᠭ᠎ᠠ ᠶᠢ ᠠᠷᠴᠠ ᠰᠠᠩ ᠢᠶᠠᠷ ᠠᠷᠢᠭᠤᠳᠬᠠᠨ᠂ ᠰᠢᠷ᠎ᠠ ᠲᠤᠰᠤ ᠪᠠᠷ ᠮᠢᠯᠢᠶᠠᠨ ᠢᠷᠦᠭᠡᠯ ᠲᠠᠯᠪᠢᠵᠦ᠂ ᠵᠤᠯᠠᠭ ᠤᠨ ᠨᠠᠶᠢᠷ ᠤᠨ ᠵᠠᠩ ᠦᠢᠯᠠ ᠶᠢ ᠤᠯᠠᠮᠵᠢᠯᠠᠯᠲᠦ ᠶᠤᠰᠤ ᠪᠠᠷ ᠨᠢᠮᠪᠠᠢ ᠬᠦᠢᠴᠡᠳᠬᠡᠭᠰᠡᠨ ᠤ ᠲᠠᠷᠠᠭ᠎ᠠ ᠮᠤᠷᠢ ᠤᠷᠤᠯᠳᠤᠭᠤᠯᠤᠨ ᠬᠤᠷᠠᠭᠰᠠᠨ ᠤᠯᠠᠨ ᠤ ᠤᠷᠮ᠎ᠠ ᠶᠢ ᠰᠡᠷᠭᠦᠭᠡᠭᠰᠡᠨ ᠪᠠᠶᠢᠨ᠎ᠠ᠃   ᠨᠤᠲᠤᠭ ᠤᠨ ᠲᠤᠮᠤᠭᠠᠲᠠᠨ ᠫᠠᠯᠠᠭᠠᠷ᠄ ︽ᠨᠠᠶᠢᠬᠡᠮ ᠤᠨ ᠲᠦᠷᠭᠡᠨ ᠬᠦᠭᠵᠢᠯᠲᠠ ᠶᠢ ᠲᠠᠭᠠᠯᠲᠤᠨ ᠬᠦᠲᠡᠭᠡ ᠨᠤᠲᠤᠭ ᠲᠤ ᠠᠲᠤᠭᠤ ᠤᠨᠤᠭ᠎ᠠ ᠴᠦᠭᠡᠷᠡᠵᠦ᠂ ᠴᠦᠭᠡᠷᠡᠭᠦ ᠶᠢᠨ ᠲᠠᠭᠠᠤ ᠠᠲᠤᠭᠤᠨ ᠰᠤᠶᠤᠯ ᠴᠤ ᠭᠡᠭᠡᠭᠳᠡᠭᠰᠡᠨ ᠪᠠᠶᠢᠨ᠎ᠠ᠃ ᠬᠡᠪᠡᠴᠦ ᠤᠷᠴᠢᠮ ᠤᠨ ᠬᠡᠲᠦᠨ ᠵᠢᠯ ᠠᠴᠠ ᠬᠦᠲᠡᠭᠡ ᠠᠶᠢᠯ ᠢᠶᠠᠷ ᠠᠲᠤᠭᠤ ᠤᠯᠠᠨ ᠬᠠᠷᠠᠭᠳᠠᠬᠤ ᠪᠤᠯᠵᠠᠢ᠃ ᠠᠲᠤᠭᠤ ᠪᠠᠶᠢᠬᠤ ᠳᠤ ᠠᠲᠤᠭᠤᠨ ᠰᠤᠶᠤᠯ᠂ ᠮᠠᠯᠵᠢᠬᠤ ᠰᠤᠶᠤᠯ ᠴᠤ ᠲᠠᠭᠠᠯᠳᠤᠭᠠᠳ ᠬᠦᠭᠵᠢᠬᠦ ᠤᠴᠢᠷᠲᠠᠢ᠂ ᠡᠶᠢᠮᠤ ᠠᠴᠠ ᠡᠨᠡ ᠤᠲᠠᠭᠠᠨ ᠤ ᠵᠤᠯᠠᠭ ᠤᠨ ᠨᠠᠶᠢᠷ ᠢ ᠨᠤᠲᠤᠭ ᠤᠨ ᠲᠤᠮᠤᠭᠠᠲᠠᠳ ᠠᠴᠠ ᠰᠠᠨᠠᠭᠠᠴᠢᠯᠠᠵᠦ ᠬᠢᠭᠰᠡᠨ ᠭᠤᠤᠯ ᠵᠤᠷᠢᠯᠭ᠎ᠠ ᠪᠤᠯ ᠵᠤᠯᠠᠭ ᠤᠨ ᠨᠠᠶᠢᠷ ᠤᠨ ᠵᠠᠩ ᠦᠢᠯᠡ ᠶᠢ ᠵᠠᠯᠠᠭᠤ ᠬᠤᠶᠢᠴᠢᠰ ᠲᠠᠭᠠᠨ ᠦᠪᠯᠠᠨ ᠵᠠᠯᠭᠠᠮᠵᠢᠯᠠᠭᠤᠯᠬᠤ ᠶᠢᠨ ᠲᠦᠯᠦᠭᠡ ᠶᠤᠮ︾ ᠭᠡᠵᠦ ᠤᠳᠬ᠎ᠠ ᠬᠦᠨ ᠶᠠᠷᠢᠯ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号