ᠤᠷᠠᠯᠢᠬᠴᠢᠨ ᠡᠷᠦᠬᠡ ᠶᠢᠨ ᠨᠢᠭᠡᠨ ᠰᠠᠶᠢᠬᠠᠨ ᠰᠤᠶᠤᠯᠰᠠᠭ ᠠᠵᠢᠯᠯᠠᠭ᠎ᠠ
ᠨᠡᠶᠢᠲᠡᠯᠡᠭᠰᠡᠨ ᠴᠠᠭ᠄
2020/8/27
    ᠵᠦᠯᠭᠡᠨ ᠨᠤᠭᠤᠭ᠎ᠠ ᠬᠠᠩᠬᠤᠯᠤᠭᠰᠠᠨ 2020 ᠤᠨ ᠤ 8 ᠰᠠᠷ᠎ᠠ ᠶᠢᠨ ᠨᠢᠭᠡᠨ ᠰᠠᠶᠢᠬᠠᠨ ᠡᠳᠥᠷ᠂ ᠦᠥᠰᠢᠨ ᠬᠤᠰᠢᠭᠤᠨ ᠤ ᠦᠥᠰᠢᠨᠵᠤᠤ ᠪᠠᠯᠭᠠᠰᠤᠨ ᠤ ᠪᠠᠶᠠᠨᠳᠤᠯᠤᠭᠠᠢ ᠭᠠᠴᠠᠭᠠᠨ ᠤ ᠪᠠᠳᠠᠷ ᠮᠠᠯᠵᠢᠯ ᠤᠨ ᠬᠤᠷᠰᠢᠶᠠᠨ ᠤ ᠮᠠᠯᠴᠢᠨ ᠰᠣᠳᠤ ᠡᠵᠢ ᠶᠢᠨ ᠬᠢᠨ ︽ᠪᠤᠭᠤᠷᠤᠯ ᠤᠨ ᠪᠤᠶᠠᠨ︾ ᠨᠤᠳᠤᠭ ᠪᠠᠶᠠᠰᠬᠤ ᠭᠡᠷ ᠤᠨ ᠨᠠᠶᠢᠷ ᠢ ᠡᠷᠬᠢᠯᠡᠨ ᠤᠷᠠᠯᠢᠬᠴᠢᠨ ᠡᠷᠦᠬᠡ ᠶᠢᠨ ᠬᠡᠷᠡᠯ ᠬᠢᠯᠪᠠᠭ᠎ᠠ ᠪᠠᠨ ᠲᠠᠬᠢᠨᠳᠠ ᠪᠠᠳᠠᠷᠠᠭᠤᠯᠤᠯ᠎ᠠ᠃
    ᠰᠤᠳᠤ ᠡᠵᠢ ᠶᠢᠨ ᠬᠢᠨ ᠪᠤᠯ ᠬᠤᠯᠠ ᠤᠶᠢᠷ᠎ᠠ ᠳᠠᠭᠠᠨ ᠠᠯᠳᠠᠷᠰᠢᠭᠰᠠᠨ ᠰᠤᠳᠤᠨ ᠤᠷᠠᠯᠢᠭᠴᠢᠨ ᠡᠷᠥᠭᠡ ᠶᠤᠮ᠃ ᠤᠳᠠᠭᠠᠨ ᠵᠢᠯ ᠤᠨ ᠳᠤᠷᠰᠢ ᠮᠠᠯ ᠦᠢᠯᠡᠳᠪᠤᠷᠢᠯᠡᠯ ᠢᠶᠠᠨ ᠡᠷᠬᠢᠯᠡᠬᠦ ᠶᠢᠨ ᠳᠠᠭᠠᠤ ᠦᠥᠰᠢᠨ ᠬᠤᠰᠢᠭᠤᠨ ᠳᠠᠭᠠᠨ ᠠᠩᠬᠠᠳᠠᠭᠴᠢ ᠭᠡᠷ ᠪᠦᠯᠢ ᠶᠢᠨ ᠰᠤᠶᠤᠯ ᠤᠷᠠᠯᠢᠭ ᠤᠨ ᠳᠤᠭᠤᠶᠢᠯᠠᠩ ᠢ ᠪᠠᠶᠢᠭᠤᠯᠵᠤ ᠤᠷᠤᠨ᠂ ᠠᠶᠢᠮᠠᠭ ᠲᠤ ᠤᠯᠠᠨ ᠤᠳᠠᠭ᠎ᠠ ᠳᠤᠭᠯᠠᠯᠳᠠ ᠭᠠᠷᠭᠠᠵᠤ ᠱᠠᠩᠨᠠᠯ ᠬᠦᠬᠢᠬᠦᠯᠥᠯ ᠤᠯᠵᠤ ᠶᠠᠪᠤᠵᠤ ᠪᠠᠶᠢᠭᠰᠠᠨ ᠳᠡᠥᠭᠡ ᠲᠠᠢ ᠪᠦᠭᠡᠳ ᠬᠠᠮᠳᠤ ᠪᠠᠷ ᠢᠶᠠᠨ ᠳᠠᠭᠤᠯᠠᠵᠤ ᠨᠠᠶᠢᠷᠯᠠᠬᠤ᠂ ᠬᠦᠭᠵᠢᠮ ᠪᠠᠷᠢᠬᠤ᠂ ᠳᠤᠭᠯᠠᠵᠤ ᠨᠠᠭᠠᠳᠬᠤ ᠠᠪᠢᠶᠠᠰ ᠲᠠᠢ ᠡᠷᠦᠬᠡ ᠪᠢᠯᠡ ᠃ ᠰᠤᠳᠤ ᠡᠵᠢ ᠶᠢᠨ ᠭᠡᠷ ᠤᠨ ᠬᠦᠮᠥᠨ ᠰᠠᠷᠠᠩᠳᠤᠷᠵᠢ ᠨᠠᠰᠤᠳᠠᠨ ᠠᠮᠢᠳᠤ ᠰᠡᠷᠡᠬᠦᠨ ᠪᠠᠶᠢᠬᠤ ᠳᠠᠭᠠᠨ ᠤᠷᠳᠤᠰ ᠠᠷᠠᠳ ᠤᠨ ᠪᠤᠭᠤᠨᠢ ᠳᠠᠭᠤᠤ ᠶᠢᠨ ᠬᠤᠰᠢᠭᠤ ᠳᠠᠰ ᠤᠨ ᠳᠦᠯᠥᠭᠡᠯᠡᠬᠦ ᠴᠢᠨᠠᠷᠳᠡᠢ ᠤᠯᠠᠮᠵᠢᠯᠠᠭᠴᠢ ᠪᠠᠶᠢᠵᠤ᠂ 2011 ᠤᠨ ᠳᠤ ᠳᠤᠮᠳᠠᠳᠤ ᠤᠯᠤᠰ ᠤᠨ ᠳᠠᠭᠤᠤ ᠬᠦᠭᠵᠢᠮ ᠤᠨ ᠳᠡᠭᠡᠳᠥ ᠰᠤᠷᠭᠠᠭᠤᠯᠢ ᠶᠢᠨ ᠬᠤᠶᠠᠳᠤᠭᠠᠷ ᠤᠳᠠᠭᠠᠨ ᠤ ᠤᠷᠠᠯᠢᠭ ᠤᠨ ᠦᠶᠡᠯᠡᠯ ᠤᠨ ᠭᠠᠷᠠᠭ ᠤᠨ ᠰᠢᠷᠢᠰ ᠠᠵᠢᠯᠯᠠᠭ᠎ᠠ ᠵᠢᠴᠢ ᠳᠤᠮᠳᠠᠳᠤ ᠤᠯᠤᠰ ᠤᠨ ᠤᠯᠠᠮᠵᠢᠯᠠᠯᠳᠤ ᠳᠠᠭᠤᠤ ᠬᠦᠭᠵᠢᠮ ᠰᠤᠶᠤᠯ ᠤᠨ ᠡᠬᠢ ᠪᠠᠶᠠᠯᠢᠭ ᠤᠨ ᠰᠠᠩ ᠤᠨ ᠳᠦᠰᠥᠯ ᠤᠨ ᠳᠤᠭᠤᠶᠢᠯᠠᠩ ᠤᠨ 58 ᠳ᠋ᠤᠭᠠᠷ ᠬᠤᠭᠤᠴᠠᠭᠠᠨ ᠤ ᠠᠵᠢᠯᠯᠠᠭᠠᠨ ᠳᠤ ᠤᠷᠢᠯᠭ᠎ᠠ ᠪᠠᠷ ᠭᠡᠷ ᠳᠠᠶᠠᠭᠠᠷ ᠢᠶᠠᠨ ᠨᠠᠶᠢᠰᠯᠠᠯ ᠪᠡᠭᠡᠵᠢᠩ ᠳᠤ ᠬᠦᠷᠴᠥ ᠤᠷᠳᠤᠰ ᠠᠷᠠᠳ ᠤᠨ ᠳᠠᠭᠤᠤ ᠪᠠ ᠤᠯᠠᠮᠵᠢᠯᠠᠯᠳᠤ ᠬᠦᠭᠵᠢᠮ ᠢᠶᠠᠨ ᠰᠤᠨᠢᠷᠬᠠᠭᠤᠯᠤᠭᠠᠳ ᠤᠯᠠᠨ ᠤ ᠢᠳᠡᠭᠡᠯ ᠪᠢᠰᠢᠷᠡᠯ ᠢ ᠤᠯᠤᠭᠰᠠᠨ ᠪᠠᠶᠢᠨ᠎ᠠ᠃ 2005 ᠤᠨ ᠳᠤ ᠦᠪᠥᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠤᠳᠬ᠎ᠠ ᠤᠷᠠᠯᠢᠭᠴᠢᠳ ᠤᠨ ᠡᠪᠯᠡᠯ ᠤᠨ ︽ᠦᠪᠥᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠰᠤᠳᠤᠨ ᠤᠳᠬ᠎ᠠ ᠤᠷᠠᠯᠢᠭᠴᠢᠨ ᠡᠷᠥᠭᠡ︾ ᠪᠠᠷ ᠦᠨᠡᠯᠡᠭᠳᠡᠵᠥ ᠱᠠᠩᠨᠠᠯ ᠬᠦᠬᠢᠭᠦᠯᠥᠯ ᠤᠯᠤᠭᠰᠠᠨ ᠢᠶᠠᠷ ᠪᠠᠷᠠᠬᠤ ᠦᠭᠡᠢ ᠤᠷᠢᠳ ᠬᠤᠵᠢᠳ ᠠᠶᠢᠮᠠᠭ᠂ ᠬᠤᠰᠢᠭᠤ᠂ ᠪᠠᠯᠭᠠᠰᠤ᠂ ᠭᠠᠴᠠᠭᠠᠨ ᠤ ᠱᠠᠩᠨᠠᠯ ᠬᠦᠭᠢᠬᠦᠯᠥᠯ ᠢ ᠤᠯᠠᠨᠳᠠ ᠳᠣᠰᠴᠠᠢ᠃ ᠰᠠᠷᠠᠩᠳᠤᠷᠵᠢ ᠨᠠᠰᠤᠳᠠᠨ ᠨᠠᠰᠤ ᠪᠠᠷᠠᠭᠰᠠᠨ ᠤ ᠳᠠᠷᠠᠭ᠎ᠠ ᠡᠳᠡᠨ ᠤ ᠬᠢᠨ ᠬᠡᠷᠢᠶᠠᠰ ᠬᠦᠰᠡᠯ ᠢ ᠨᠢ ᠵᠠᠯᠭᠠᠮᠵᠢᠯᠠᠵᠤ᠂ ᠭᠡᠷ ᠡᠷᠥᠭᠡ ᠪᠠᠷ ᠢᠶᠠᠨ ᠤᠯᠠᠨ ᠨᠠᠶᠢᠳᠠ ᠶᠢᠨ ᠰᠤᠶᠤᠯ ᠤᠨ ᠠᠵᠢᠯᠯᠠᠭᠠᠨ ᠳᠤ ᠦᠷᠬᠦᠯᠵᠢᠯᠡᠨ ᠢᠳᠡᠪᠬᠢᠳᠠᠢ ᠤᠷᠤᠯᠴᠠᠨ 2013 ᠤᠨ ᠠᠴᠠ ︽ᠪᠤᠭᠤᠷᠤᠯ ᠤᠨ ᠪᠤᠶᠠᠨ︾ ᠨᠤᠳᠤᠭ ᠪᠠᠶᠠᠰᠬᠤ ᠭᠡᠷ ᠤᠨ ᠨᠠᠶᠢᠷ ᠢ ᠦᠷ᠎ᠡ ᠭᠡᠥᠭᠡᠳ ᠤᠳ ᠨᠢ ᠡᠭᠡᠯᠵᠢᠯᠡᠨ ᠡᠷᠬᠢᠯᠡᠵᠤ ᠬᠢᠭᠡᠳ ᠡᠳᠥᠭᠡ ᠨᠠᠢᠮᠡᠳᠡᠬᠢ ᠤᠳᠠᠭ᠎ᠠ ᠪᠠᠨ ᠤᠭᠳᠤᠨ ᠠᠪᠴᠤ ᠪᠠᠶᠢᠨ᠎ᠠ᠃     ᠡᠨᠡ ᠤᠳᠠᠭᠠᠨ ᠤ ᠠᠵᠢᠯᠯᠠᠭᠠᠨ ᠳᠤ ᠰᠤᠳᠤ ᠡᠵᠢ ᠶᠢᠨ ᠠᠴᠢᠷ ᠦᠷ᠎ᠡ ᠳᠦᠷᠪᠡᠨ ᠦᠶ᠎ᠡ ᠶᠢᠨ ᠬᠢᠨ ᠬᠦᠷᠥᠯᠴᠠᠨ ᠢᠷᠡᠵᠥ ᠰᠠᠩ ᠳᠠᠯᠪᠢᠨ ︽ᠡᠵᠡᠨ ᠰᠠᠩ︾ ᠤᠩᠰᠢᠵᠤ ᠤᠯᠠᠨ ᠢᠶᠠᠷ ᠢᠶᠠᠨ ᠰᠠᠩ ᠤᠨ ᠰᠦᠷᠥ ᠪᠠᠨ ᠳᠤᠭᠤᠷᠢᠨ ᠡᠷᠬᠢᠵᠥ ᠨᠤᠳᠤᠭ ᠤᠰᠤ ᠳᠠᠶᠢᠪᠤᠩ ᠠᠮᠤᠭᠤᠯᠠᠩ ᠰᠠᠶᠢᠨ ᠰᠠᠶᠢᠬᠠᠨ ᠪᠠᠶᠢᠬᠤ ᠶᠢ ᠲᠠᠭᠠᠳᠬᠠᠬᠤ ᠶᠢᠨ ᠬᠠᠮᠳᠤ ᠳᠠᠭᠤᠤ ᠳᠠᠭᠤᠯᠠᠵᠤ᠂ ᠬᠦᠭᠵᠢᠮ ᠬᠦᠭᠵᠢᠮᠳᠡᠵᠥ ᠪᠠᠶᠠᠰᠤᠯᠴᠠᠵᠤ ᠬᠦᠭᠡᠷᠥᠯᠳᠥᠨ᠂ ᠨᠤᠮᠢᠨ ᠨᠤᠭᠤᠭᠠᠨ ᠠᠬᠢᠳᠤ ᠶᠢᠨ ᠵᠦᠯᠭᠡᠨ ᠴᠠᠶᠢᠳᠠᠮ ᠳᠤ ᠬᠦᠷᠴᠥ ᠡᠯ᠎ᠡ ᠵᠦᠢᠯ ᠤᠨ ᠳᠤᠬᠯᠠᠭᠠᠮ ᠨᠠᠭᠠᠳᠤᠮ ᠪᠠ ᠤᠶᠤᠨ ᠤ ᠰᠠᠳᠤᠪ ᠬᠠᠷᠢᠭᠤᠯᠬᠤ ᠠᠵᠢᠯᠯᠠᠭ᠎ᠠ ᠦᠷᠨᠢᠬᠦᠯᠵᠥ᠂ ᠮᠠᠩᠯᠠᠶᠢᠯᠠᠬᠴᠢᠳ ᠢᠶᠠᠨ ᠱᠠᠩᠨᠠᠨ ᠵᠤᠷᠢᠭᠵᠢᠭᠤᠯᠪᠠ᠃     ᠤᠷᠠᠯᠢᠬᠴᠢᠨ ᠡᠷᠦᠬᠡ ᠶᠢᠨ ︽ᠪᠤᠭᠤᠷᠤᠯ ᠤᠨ ᠪᠤᠶᠠᠨ︾ ᠨᠤᠳᠤᠭ ᠪᠠᠶᠠᠰᠬᠤ ᠭᠡᠷ ᠤᠨ ᠨᠠᠶᠢᠷ ᠡᠶᠢᠨ ᠬᠦ ᠰᠠᠶᠢᠬᠠᠨ ᠦᠨᠳᠥᠷᠯᠡᠵᠥ᠂ ᠴᠢᠮᠡᠭᠡᠯᠡᠨ ᠮᠡᠳᠡᠬᠡᠯᠡᠬᠦ ᠮᠢᠨᠤ ᠰᠡᠳᠬᠢᠯ ᠬᠦᠭᠡᠷᠥᠨ ᠪᠠᠶᠠᠰᠤᠯ᠎ᠠ᠃ ᠤᠷᠠᠯᠢᠬᠴᠢᠨ ᠡᠷᠦᠬᠡ ᠶᠢᠨ ᠡᠨᠡ ᠰᠠᠶᠢᠬᠠᠨ ᠰᠤᠶᠤᠯᠰᠠᠭ ᠠᠵᠢᠯᠯᠠᠭ᠎ᠠ ᠨᠢ ᠮᠠᠨ ᠤ ᠤᠷᠳᠤᠰ ᠨᠤᠲᠤᠭ ︽ᠲᠠᠭᠤᠤ ᠶᠢᠨ ᠲᠠᠯᠠᠢ ᠪᠦᠵᠢᠭ ᠤᠨ ᠦᠯᠤᠬᠡᠢ︾ ᠪᠤᠯᠬᠤ ᠶᠢ ᠮᠠᠯᠴᠢᠨ ᠡᠷᠦᠬᠡ ᠶᠢᠨ ᠡᠭᠦᠳᠡᠨ ᠠᠴᠠ ᠲᠠᠬᠢᠨᠳᠠ ᠬᠡᠷᠡᠴᠢᠯᠡᠯ ᠎ᠡ᠃ ᠬᠠᠮᠤᠭ ᠰᠡᠬᠦᠯ ᠳᠤ ᠪᠤᠭᠤᠷᠤᠯ ᠨᠠᠰᠤᠳᠠᠨ ᠤ ᠠᠶᠢᠯ ᠭᠡᠷ ᠤᠨ ᠠᠵᠠ ᠭᠡᠶᠢᠮᠤᠷᠢ ᠨᠢ ᠮᠠᠨᠳᠤᠵᠤ᠂ ᠠᠵᠢᠯ ᠦᠢᠯᠡᠰ ᠨᠢ ᠤᠯᠠᠮ ᠤᠷᠤᠭᠰᠢᠳᠠᠢ ᠪᠤᠯᠬᠤ ᠶᠢ ᠵᠦᠡᠭᠨᠡᠨ ᠢᠷᠦᠭᠡᠶ᠎ᠡ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号