ᠮᠠᠨ ᠤ ᠬᠤᠰᠢᠭᠤᠨ ᠤ ᠮᠠᠯᠴᠢᠳ ︽ᠰᠢᠨᠵᠢᠯᠡᠬᠦ ᠣᠬᠠᠭᠠᠨ ᠰᠢᠨ᠎ᠡ ᠮᠡᠷᠭᠡᠵᠢᠯ ᠳᠤ ᠲᠦᠰᠢᠭᠯᠡᠨ ᠪᠠᠶᠠᠵᠢᠯ | ᠴᠢᠨᠡᠭᠡᠯᠢᠭᠵᠢᠯᠣᠨ ᠠᠯᠬᠤᠴᠠ ᠪᠠᠨ ᠲᠦᠷᠬᠡᠳᠬᠡᠶᠡ︾ ᠬᠡᠬᠦ ᠮᠠᠯᠴᠢᠨ ᠳᠠᠷᠢᠶᠠᠴᠢᠨ ᠤ ᠬᠡᠷᠡᠭᠯᠡᠬᠡᠨ ᠤ ᠮᠡᠷᠭᠡᠵᠢᠯ ᠤᠨ | ᠪᠤᠯᠪᠠᠰᠣᠷᠠᠯ ᠳᠤ ᠣᠷᠣᠯᠴᠠᠨ ᠮᠠᠯ ᠲᠠᠷᠢᠶᠠᠯᠠᠩ ᠤᠨ ᠮᠡᠳᠡᠯᠭᠡ ᠮᠡᠷᠭᠡᠵᠢᠯ ᠢᠶᠠᠨ ᠳᠡᠭᠡᠭᠰᠢᠯᠡᠭᠦᠯᠵᠤ ᠦᠢᠯᠡᠳᠪᠦᠷᠢᠯᠡᠯ | ᠠᠮᠢᠳᠤᠷᠠᠯ ᠳᠠᠭᠠᠨ ᠦᠢᠯᠡᠴᠢᠯᠡᠭᠦᠯᠵᠦ ᠪᠠᠶᠢᠨ᠎ᠠ᠃ | ᠳᠣᠰ ᠣᠳᠠᠭᠠᠨ ᠤ ᠪᠤᠯᠪᠠᠰᠣᠷᠠᠯ ᠳᠤ ᠦᠪᠦᠷ ᠮᠤᠩᠭᠤᠯ ᠤᠨ ᠳᠠᠷᠢᠶᠠᠯᠠᠩ ᠤᠨ ᠶᠡᠭᠡ ᠰᠣᠷᠭᠠᠭᠤᠯᠢ ᠶᠢᠨ ᠮᠠᠯ | ᠡᠮᠨᠡᠯᠬᠡᠶᠢᠨ ᠳᠡᠭᠡᠳᠦ ᠰᠣᠷᠭᠠᠭᠤᠯᠢ ᠶᠢᠨ ᠫᠷᠤᠹᠧᠰᠰᠣᠷ᠂ ᠳ᠋ᠣᠺᠲ᠋ᠤᠷᠠᠨᠲ ᠤᠨ ᠵᠢᠯᠤᠭᠤᠳᠣᠭᠴᠢ ᠪᠠᠭᠰᠢ ᠬᠠᠰᠰᠦ᠋ᠷᠤᠩ᠂ | ᠦᠪᠦᠷ ᠮᠤᠩᠭᠤᠯ ᠤᠨ ᠳᠠᠷᠢᠶᠠᠯᠠᠩ ᠤᠨ ᠶᠡᠭᠡ ᠰᠣᠷᠭᠠᠭᠤᠯᠢ ᠶᠢᠨ ᠳᠡᠭᠡᠳᠦ ᠳᠡᠰ ᠤᠨ ᠮᠠᠯ ᠠᠵᠤ ᠠᠬᠤᠢ ᠶᠢᠨ | ᠮᠡᠷᠭᠡᠵᠢᠯᠳᠡᠨ ᠨᠠᠷᠠᠨᠮᠠᠨᠳᠣᠬᠤ᠂ ᠦᠪᠦᠷ ᠮᠤᠩᠭᠤᠯ ᠤᠨ ᠠᠯᠳᠠᠨ ᠭᠠᠳᠠᠰᠣ ᠰᠢᠨᠵᠢᠯᠡᠭᠡ ᠮᠡᠷᠭᠡᠵᠢᠯ ᠤᠨ ᠬᠢᠵᠭᠠᠷᠳᠣ | ᠺᠤᠮᠫᠠᠨᠢ ᠶᠢᠨ ᠣᠳᠣᠷᠢᠳᠬᠤ ᠵᠦᠪᠯᠡᠯᠣᠨ ᠳᠠᠷᠤᠭ᠎ᠠ ᠰᠣᠶᠣᠯ ᠤᠨ ᠰᠣᠳᠣᠯᠣᠭᠠᠴᠢ ᠳᠡᠭᠡᠳᠦ ᠳᠡᠰ ᠤᠨ ᠠᠵᠤ | ᠠᠬᠤᠶᠢᠯᠠᠯᠳᠠᠨ ᠬᠠᠰᠪᠤᠯᠣ ᠠᠴᠠ ︽ᠮᠠᠯ ᠤᠨ ᠬᠢᠵᠢᠭ ᠡᠪᠡᠳᠴᠢᠨ ᠤ ᠬᠦᠨᠦᠬᠡᠯ ᠢ ᠰᠢᠨᠵᠢᠯᠡᠬᠦ ᠣᠬᠠᠭᠠᠨᠴᠢ ᠪᠠᠷ | ᠰᠡᠷᠬᠡᠶᠢᠯᠡᠨ ᠵᠠᠰᠠᠬᠤ︾᠂ ᠬᠤᠨᠢ ᠦᠬᠡᠷ ᠲᠤ ᠦᠷᠬᠦᠯᠵᠢ ᠳᠣᠬᠢᠶᠠᠯᠳᠣᠬᠤ ᠬᠠᠯᠳᠠᠪᠤᠷᠢᠳᠣ ᠡᠪᠡᠳᠴᠢᠨ ᠢ ᠰᠡᠷᠬᠡᠶᠢᠯᠡᠬᠦ | ᠦᠨᠳᠦᠰᠦᠨ ᠮᠡᠳᠡᠯᠬᠡ᠂ ᠲᠤᠭᠠᠴᠠᠯᠠᠭᠰᠠᠨ ᠮᠠᠯ ᠠᠵᠤ ᠠᠬᠤᠢ ᠪᠤᠯᠤᠨ ᠦᠨᠳᠦᠷ ᠰᠢᠮ᠎ᠡ ᠳᠡᠵᠢᠬᠡᠯᠳᠦ ᠡᠪᠡᠰᠦ ᠳᠠᠷᠢᠬᠤ | ᠵᠡᠷᠭᠡ ᠳᠠᠯ᠎ᠠ ᠠᠴᠠ ᠬᠢᠴᠢᠶᠡᠯ ᠳᠠᠶᠢᠯᠤᠮᠵᠢ ᠬᠢᠭᠰᠡᠨ ᠪᠠᠶᠢᠨ᠎ᠠ᠃ | ᠦᠪᠦᠷ ᠮᠤᠩᠭᠤᠯ ᠤᠨ ᠳᠠᠷᠢᠶᠠᠯᠠᠩ ᠤᠨ ᠶᠡᠭᠡ ᠰᠣᠷᠭᠠᠭᠤᠯᠢ ᠶᠢᠨ ᠮᠠᠯ ᠡᠮᠨᠡᠯᠬᠡ ᠶᠢᠨ ᠳᠡᠭᠡᠳᠦ | ᠰᠣᠷᠭᠠᠭᠤᠯᠢ ᠶᠢᠨ ᠫᠷᠤᠹᠧᠰᠰᠣᠷ᠂ ᠳ᠋ᠣᠺᠲ᠋ᠤᠷᠠᠨᠲ ᠤᠨ ᠵᠢᠯᠤᠭᠤᠳᠣᠭᠴᠢ ᠪᠠᠭᠰᠢ ᠬᠠᠰᠰᠦ᠋ᠷᠤᠩ᠄ ︽ᠣᠶᠢᠷ᠎ᠠ ᠶᠢᠨ | ᠵᠢᠯ ᠤᠳ ᠠᠴᠠ ᠪᠡᠯᠴᠢᠭᠡᠷ ᠤᠰᠤ ᠮᠠᠭᠤᠳᠠᠬᠤ ᠶᠢ ᠳᠠᠭᠠᠯᠳᠤᠨ ᠬᠤᠷᠣᠬᠠᠢ ᠶᠢᠨ ᠡᠪᠡᠳᠴᠢᠨ ᠨᠡᠶᠢᠳᠡᠮ ᠳᠡᠭᠡᠨ ᠲᠦᠭᠡᠮᠡᠯ | ᠣᠷᠣᠰᠢᠵᠤ ᠪᠠᠶᠢᠨ᠎ᠠ᠂ ᠭᠡᠪᠡᠴᠦ ᠮᠠᠨ ᠤ ᠮᠠᠯᠴᠢᠳ ᠮᠠᠯ ᠳᠤ ᠴᠣᠬᠤᠮ ᠶᠠᠮᠠᠷ ᠬᠤᠷᠣᠬᠠᠢ ᠶᠢᠨ ᠡᠪᠡᠳᠴᠢᠨ ᠪᠠᠶᠢᠬᠤ᠂ | ᠬᠢᠷᠢ ᠵᠡᠷᠭᠡ ᠬᠦᠨᠳᠦ ᠪᠠᠶᠢᠬᠤ᠂ ᠡᠮ ᠥᠭᠭᠦᠭᠰᠡᠨ ᠤ ᠳᠠᠷᠠᠭ᠎ᠠ ᠬᠤᠷᠣᠬᠠᠢ ᠶᠢ ᠨᠢ ᠲᠠᠭᠤᠵᠤ ᠴᠢᠳᠠᠭᠰᠠᠨ ᠡᠰᠡᠬᠦ ᠳᠤ | ᠲᠤᠲᠤᠷᠬᠠᠢ ᠣᠶᠢᠯᠠᠭᠠᠯᠲᠠ ᠪᠠᠶᠢᠬᠤ ᠦᠭᠡᠢ᠂ ᠵᠥᠪᠬᠡᠨ ᠱᠠᠭᠠᠷᠳᠠᠯᠭ᠎ᠠ ᠶᠣᠰᠣᠭᠠᠷ ᠡᠮ ᠥᠭᠭᠦᠭᠡᠳ ᠡᠭᠦᠷᠭᠡ | ᠪᠡᠶᠡᠯᠡᠭᠦᠯᠦᠭᠰᠡᠨ ᠲᠡᠳᠦᠢ᠂ ᠢᠩᠭᠢᠬᠦᠯᠡᠷ ᠪᠢᠳᠠ ᠮᠠᠯᠴᠢᠳ ᠲᠠᠭᠠᠨ ᠲᠤᠷᠰᠢᠯᠲᠠ ᠪᠠᠷ ᠳᠠᠮᠵᠢᠭᠠᠳ ᠡᠨᠡ ᠭᠠᠵᠠᠷ | ᠣᠷᠣᠨ ᠳᠤ ᠶᠠᠮᠠᠷ ᠬᠤᠷᠣᠬᠠᠢ ᠶᠢᠨ ᠡᠪᠡᠳᠴᠢᠨ ᠨᠡᠶᠢᠳᠡᠮ ᠣᠷᠣᠰᠢᠵᠤ ᠪᠠᠶᠢᠬᠤ᠂ ᠶᠠᠮᠠᠷ ᠡᠮ ᠢᠶᠠᠷ ᠬᠤᠷᠣᠬᠠᠢ ᠶᠢ ᠨᠢ | ᠲᠠᠭᠤᠪᠠᠯ ᠲᠤᠶᠢᠯᠪᠤᠷᠢᠲᠠᠢ ᠡᠮᠨᠡᠵᠤ ᠳᠡᠶᠢᠯᠬᠦ ᠶᠢ ᠮᠠᠯᠴᠢᠨ ᠲᠦᠮᠡᠨ ᠳᠡᠭᠡᠨ ᠵᠥᠪ ᠢᠶᠠᠷ ᠲᠠᠨᠢᠭᠤᠯᠵᠤ᠂ ᠤᠶᠢᠯᠠᠭᠠᠭᠤᠯᠵᠤ | ᠂ ᠮᠡᠳᠡᠭᠦᠯᠬᠦ ᠶᠢᠨ ᠲᠥᠯᠥᠭᠡ ᠡᠨᠡ ᠤᠳᠠᠭᠠᠨ ᠤ ᠬᠢᠴᠢᠶᠡᠯ ᠢ ᠣᠷᠣᠭᠰᠠᠨ ᠪᠠᠶᠢᠨ᠎ᠠ︾ ᠬᠡᠵᠤ ᠪᠠᠶᠢᠪᠠ᠃ | ᠭᠤᠷᠪᠠᠨ ᠮᠡᠷᠬᠡᠵᠢᠯᠳᠡᠨ ᠪᠠᠭᠰᠢ ᠠᠴᠠ ᠣᠨᠣᠯ ᠪᠠ ᠦᠢᠯᠡᠳᠦᠯᠬᠡ ᠶᠢ ᠣᠶᠠᠯᠳᠣᠭᠤᠯᠣᠨ ᠣᠶᠢᠯᠠᠭᠠᠮᠵᠢᠳᠠᠢ | ᠠᠮᠢᠳᠣᠯᠢᠭ ᠦᠬᠡ ᠶᠠᠷᠢᠶ᠎ᠠ ᠸᠢᠳᠢᠤ᠋ ᠪᠢᠴᠢᠯᠭᠡ ᠪᠠᠷ ᠳᠠᠶᠠᠭᠠᠷ ᠲᠤ ᠮᠠᠯ ᠤᠨ ᠬᠢᠵᠢᠭ ᠡᠪᠡᠳᠴᠢᠨ ᠢ ᠣᠷᠢᠳᠴᠢᠯᠠᠨ | ᠰᠡᠷᠬᠡᠶᠢᠯᠡᠬᠦ᠂ ᠰᠢᠨᠵᠢᠯᠡᠬᠦ ᠣᠬᠠᠭᠠᠨᠴᠢ ᠪᠠᠷ ᠳᠡᠵᠢᠬᠡᠨ ᠮᠠᠯᠵᠢᠬᠤ ᠲᠤᠬᠠᠢ ᠨᠠᠷᠢᠨ ᠲᠠᠶᠢᠯᠪᠤᠷᠢᠯᠠᠵᠤ ᠪᠠᠰᠠ ᠮᠠᠯᠴᠢᠨ | ᠳᠠᠷᠢᠶᠠᠴᠢᠳ ᠲᠠᠢ ᠳᠡᠵᠢᠬᠡᠨ ᠮᠠᠯᠵᠢᠬᠤ ᠳᠣᠮᠳᠠ ᠪᠠᠶᠢᠡᠭᠭᠤ ᠳᠣᠬᠢᠶᠠᠯᠳᠣᠬᠤ ᠠᠰᠠᠭᠤᠳᠠᠯ ᠳᠤ ᠴᠢᠭᠯᠡᠬᠦᠯᠦᠨ | ᠶᠠᠷᠢᠯᠴᠠᠭ᠎ᠠ ᠦᠷᠨᠢᠬᠦᠯᠪᠡ᠃ | ᠣᠷᠳᠣᠰ ᠬᠤᠲᠠ ᠶᠢᠨ ᠷᠠᠳᠢᠣ᠋ ᠲᠧᠯᠸᠢᠰ ᠬᠤᠷᠢᠶᠠᠨ ᠤ ᠮᠣᠩᠭᠤᠯ ᠷᠠᠳᠢᠣ᠋᠂ ᠬᠤᠰᠢᠭᠤ ᠶᠠᠳᠠᠭᠤ ᠶᠢ ᠲᠡᠳᠬᠦᠬᠦ | ᠨᠡᠭᠡᠭᠡᠯᠲᠡ ᠶᠢᠨ ᠠᠯᠪᠠᠨ ᠭᠡᠷ᠂ ᠰᠦᠯᠳᠡ ᠰᠤᠮᠤ᠂ ᠤᠯᠠᠭᠠᠨᠲᠣᠯᠣᠭᠠᠢ ᠪᠠᠯᠭᠠᠰᠤᠨ ᠤ ᠵᠠᠰᠠᠭ ᠤᠨ ᠣᠷᠳᠣᠨ ᠠᠴᠠ | ᠬᠠᠮᠲᠤᠷᠠᠨ ᠶᠠᠪᠤᠭᠳᠠᠭᠤᠯᠤᠭᠰᠠᠨ ᠳᠣᠰ ᠣᠳᠠᠭᠠᠨ ᠤ ᠪᠤᠯᠪᠠᠰᠣᠷᠠᠯ ᠨᠢ ᠮᠠᠯᠴᠢᠨ ᠳᠠᠷᠢᠶᠠᠴᠢᠨ ᠤ ᠬᠡᠷ ᠤᠨ ᠳᠡᠵᠢᠬᠡᠪᠦᠷᠢ | ᠠᠮᠢᠳᠠᠨ ᠤ ᠬᠢᠵᠢᠭ ᠡᠪᠡᠳᠴᠢᠨ ᠢ ᠰᠢᠨᠵᠢᠯᠡᠬᠦ ᠣᠬᠠᠭᠠᠨᠴᠢ ᠪᠠᠷ ᠰᠡᠷᠬᠡᠶᠢᠯᠡᠨ ᠵᠠᠰᠠᠬᠤ ᠦᠵᠡᠯ ᠣᠬᠠᠮᠰᠠᠷ ᠢ ᠦᠨᠡᠨᠬᠦ | ᠳᠡᠭᠡᠭᠰᠢᠯᠡᠬᠦᠯᠵᠤ ᠮᠠᠯᠴᠢᠨ ᠳᠠᠷᠢᠶᠠᠴᠢᠨ ᠤ ᠮᠠᠯ ᠤᠨ ᠬᠢᠵᠢᠭ ᠡᠪᠡᠳᠴᠢᠨ ᠤ ᠬᠦᠨᠦᠬᠡᠯ ᠢ ᠰᠢᠨᠵᠢᠯᠡᠬᠦ ᠣᠬᠠᠭᠠᠨᠴᠢ ᠪᠠᠷ | ᠰᠡᠷᠬᠡᠶᠢᠯᠡᠨ ᠵᠠᠰᠠᠬᠤ ᠮᠡᠳᠡᠯᠬᠡ ᠶᠢ ᠨᠡᠮᠡᠭᠳᠡᠭᠦᠯᠦᠭᠰᠡᠨ ᠪᠠᠶᠢᠨ᠎ᠠ᠃ | |