ᠪᠥᠬᠦ ᠬᠤᠲᠠ ᠶᠢᠨ ᠭᠤᠤᠯᠳᠠᠯᠭ᠎ᠠ ᠲᠠᠢ ᠲᠥᠷᠥᠯ ᠵᠦᠢᠯ ᠭᠤᠤᠯᠳᠠᠯᠭ᠎ᠠ ᠲᠠᠢ ᠠᠵᠢᠯ ᠢ ᠨᠢᠭᠡᠳᠦᠯᠲᠡᠶ ᠲᠦᠯᠦᠪᠵᠢᠭᠦᠯᠦᠨ ᠠᠬᠢᠭᠤᠯᠬᠤ ᠬᠤᠯᠪᠤᠭᠠᠯᠠᠨ ᠬᠥᠳᠡᠯᠦᠯᠴᠡᠬᠦ ᠲᠣᠭᠲᠠᠴᠠ ᠶᠢᠨ 13 ᠳ᠋ᠤᠭᠠᠷ ᠤᠳᠠᠭ᠎ᠠ ᠶᠢᠨ ᠠᠯᠪᠠᠯᠠᠬᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2020/8/31
     8 ᠰᠠᠷ᠎ᠠ ᠶᠢᠨ 19 ᠤ ᠡᠳᠦᠷ᠂ ᠬᠤᠲᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠬᠤᠲᠠ ᠶᠢᠨ ᠳᠠᠷᠤᠭ᠎ᠠ ᠰᠡᠴᠡᠨᠪᠢᠯᠢᠭ ᠪᠥᠬᠦ ᠬᠤᠲᠠ ᠶᠢᠨ ᠭᠤᠤᠯᠳᠠᠯᠭ᠎ᠠ ᠲᠠᠢ ᠲᠥᠷᠥᠯ ᠵᠦᠢᠯ ᠭᠤᠤᠯᠳᠠᠯᠭ᠎ᠠ ᠲᠠᠢ ᠠᠵᠢᠯ ᠢ ᠨᠢᠭᠡᠳᠦᠯᠲᠡᠶ ᠲᠦᠯᠦᠪᠵᠢᠭᠦᠯᠦᠨ ᠠᠬᠢᠭᠤᠯᠬᠤ ᠬᠤᠯᠪᠤᠭᠠᠯᠠᠨ ᠬᠥᠳᠡᠯᠦᠯᠴᠡᠬᠦ ᠲᠣᠭᠲᠠᠴᠠ ᠶᠢᠨ 13 ᠳ᠋ᠤᠭᠠᠷ ᠤᠳᠠᠭ᠎ᠠ ᠶᠢᠨ ᠠᠯᠪᠠᠯᠠᠬᠤ ᠬᠤᠷᠠᠯ ᠢ ᠡᠷᠬᠢᠯᠡᠨ ᠬᠤᠷᠠᠯᠳᠤᠭᠤᠯᠵᠤ᠂ ᠥᠪᠡᠷᠲᠡᠭᠡᠨ ᠵᠠᠰᠠᠬᠤ ᠣᠷᠣᠨ ᠤ ᠪᠠᠯᠠ ᠣᠷᠣᠭᠤᠯᠤᠯᠲᠠ ᠶᠢ ᠲᠣᠭᠲᠠᠪᠤᠷᠢᠵᠢᠭᠤᠯᠬᠤ ᠵᠢᠴᠢ ᠴᠢᠬᠤᠯᠠ ᠶᠡᠭᠡ ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠶᠢᠨ ᠬᠠᠷᠠᠭᠠᠨ ᠳᠠᠪᠲᠠᠮᠵᠢ ᠶᠢᠨ ᠲᠣᠬᠢᠷᠠᠭᠤᠯᠤᠯᠲᠠ ᠶᠢᠨ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠵᠤ᠂ ᠪᠦᠬᠦ ᠬᠤᠲᠠ ᠶᠢᠨ ᠳ᠋ᠦᠩᠰᠢᠭᠤᠷ ᠲᠥᠭᠦᠷᠢᠭ ᠠᠴᠠ ᠳᠡᠭᠡᠭᠰᠢᠬᠢ ᠭᠤᠣᠯᠳᠠᠯᠭ᠎ᠠ ᠲᠠᠢ ᠲᠥᠷᠥᠯ ᠵᠦᠢᠯ᠂ 2016 — 2019 ᠤᠨ ᠤ ᠲᠥᠪ ᠤᠨ ᠲᠥᠰᠦᠪ ᠤᠨ ᠳᠣᠲᠣᠷᠠᠬᠢ ᠪᠡᠯᠡ ᠣᠷᠣᠭᠤᠯᠤᠯᠲᠠ ᠶᠢᠨ ᠲᠥᠷᠥᠯ ᠵᠦᠢᠯ ᠤᠨ ᠠᠬᠢᠴᠠ ᠵᠢᠴᠢ ᠲᠥᠷᠥᠯ ᠵᠦᠢᠯ ᠤᠨ ᠨᠥᠭᠡᠴᠡ ᠶᠢᠨ ᠪᠠᠶᠢᠳᠠᠯ ᠢ ᠵᠠᠷᠯᠠᠨ ᠮᠡᠳᠡᠭᠳᠡᠵᠦ᠂ ᠡᠯ᠎ᠡ ᠬᠤᠰᠢᠭᠤ ᠲᠣᠭᠤᠷᠢᠭ ᠤᠨ ᠪᠡᠯᠡ ᠣᠷᠣᠭᠤᠯᠤᠯᠲᠠ ᠪᠠ ᠲᠥᠷᠦᠯ ᠵᠦᠢᠯ ᠤᠨ ᠠᠵᠢᠯ ᠢ ᠲᠣᠬᠢᠷᠠᠭᠤᠯᠵᠤ᠂ ᠳᠠᠷᠠᠭᠠᠴᠢ ᠶᠢᠨ ᠠᠯᠬᠤᠮ ᠤᠨ ᠭᠤᠣᠯᠳᠠᠯᠭ᠎ᠠ ᠲᠠᠢ ᠡᠭᠦᠷᠭᠡ ᠶᠢ ᠲᠤᠬᠢᠷᠠᠭᠤᠯᠤᠨ ᠪᠠᠶᠢᠷᠢᠯᠠᠭᠤᠯᠪᠠ᠃ ᠬᠤᠲᠠ ᠶᠢᠨ ᠳᠡᠳ᠋ ᠳᠠᠷᠤᠭ᠎ᠠ ᠯᠢ ᠸᠧᠨ ᠵᠥᠩ᠂ ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ᠂ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠨ ᠡᠷᠬᠢᠯᠡᠭᠴᠢ ᠭᠤᠤ ᡁᠢ ᠬᠤᠸᠠ᠂ ᠬᠤᠲᠠ ᠶᠢᠨ ᠵᠠᠰᠠᠭ ᠤᠨ ᠣᠷᠳᠣᠨ ᠤ ᠨᠠᠷᠢᠨ ᠪᠢᠴᠢᠭ ᠤᠨ ᠳᠠᠷᠤᠭ᠎ᠠ ᠵᠠᠩ ᠵᠥᠩ ᡁᠢ ᠬᠤᠷᠠᠯ ᠳᠤ ᠣᠷᠣᠯᠴᠠᠵᠠᠶ᠃      ᠰᠡᠴᠡᠨᠪᠢᠯᠢᠭ ᠪᠡᠯᠡ ᠣᠷᠣᠭᠤᠯᠤᠯᠲᠠ ᠶᠢ ᠲᠣᠭᠲᠠᠪᠤᠷᠢᠵᠢᠭᠤᠯᠵᠤ᠂ ᠲᠦᠷᠦᠯ ᠵᠦᠢᠯ ᠢ ᠠᠳᠬᠤᠬᠤ ᠪᠣᠯ ᠠᠵᠤ ᠠᠬᠤᠢ ᠶᠢᠨ ᠨᠡᠮᠡᠭᠳᠡᠯ ᠢ ᠳᠠᠶᠢᠴᠢᠯᠠᠬᠤ ᠴᠢᠬᠤᠯᠠ ᠬᠥᠳᠡᠯᠭᠡᠭᠦᠷ ᠪᠠᠶᠢᠵᠤ᠂ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠴᠢᠬᠤᠯᠠ ᠠᠷᠭ᠎ᠠ ᠬᠡᠮᠵᠢᠶ᠎ᠡ ᠮᠥᠨ᠃ ᠣᠳᠣᠬᠠᠨ ᠳᠤ ᠪᠦᠬᠦ ᠬᠤᠲᠠ ᠶᠢᠨ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠨᠡᠮᠡᠭᠳᠡᠯ ᠤᠨ ᠬᠤᠷᠳᠤᠴᠠ ᠲᠣᠭᠲᠠᠭᠤᠨ ᠢᠶᠠᠷ ᠳᠡᠭᠡᠭᠰᠢᠯᠡᠵᠦ ᠪᠠᠶᠢᠭ᠎ᠠ ᠪᠣᠯᠪᠠᠴᠤ ᠳᠡᠰ ᠳᠠᠷᠠᠭᠠᠯᠠᠯ ᠤᠨ ᠴᠠᠭ ᠤᠨ ᠠᠬᠢᠴᠠ ᠠᠴᠠ ᠪᠠᠰᠠ ᠨᠡᠯᠢᠶᠡᠳ ᠶᠡᠭᠡ ᠵᠥᠷᠢᠶ᠎ᠡ ᠲᠠᠢ ᠪᠠᠶᠢᠨ᠎ᠠ᠃ ᠡᠯ᠎ᠡ ᠱᠠᠲᠤᠨ ᠤ ᠡᠯ᠎ᠡ ᠰᠠᠯᠠᠭ᠎ᠠ ᠮᠥᠴᠢᠷ ᠤᠨ ᠬᠢᠨ ᠬᠠᠷᠢᠭᠤᠴᠠᠯᠭᠠᠲᠤ ᠤᠬᠠᠮᠰᠠᠷ ᠢᠶᠠᠨ ᠴᠢᠩᠭᠠᠳᠬᠠᠵᠤ᠂ ᠢᠲᠡᠭᠡᠯ ᠵᠣᠷᠢᠭ ᠢᠶᠠᠨ ᠪᠠᠲᠤᠳᠬᠠᠨ᠂ ᠬᠠᠷᠠᠯᠲᠠ ᠪᠠᠷ ᠤᠳᠤᠷᠢᠳᠤᠮᠵᠢ ᠪᠣᠯᠭᠠᠬᠤ᠂ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠂ ᠦᠷ᠎ᠡ ᠪᠦᠳᠦᠮᠵᠢ ᠪᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ᠂ ᠲᠥᠷᠥᠯ ᠵᠦᠢᠯ ᠤᠨ ᠡᠮᠦᠨᠡᠬᠢ ᠬᠤᠭᠤᠴᠠᠭᠠᠨ ᠤ ᠠᠵᠢᠯ ᠢ ᠲᠦᠷᠭᠡᠳᠬᠡᠨ ᠠᠬᠢᠭᠤᠯᠵᠤ᠂ ᠮᠥᠩᠭᠦᠨ ᠬᠦᠢᠯᠭᠡᠭᠡᠨ ᠤ ᠦᠢᠯᠡᠴᠢᠯᠡᠭᠡᠨ ᠤ ᠭᠦᠴᠦᠯᠠᠴᠠ ᠪᠠᠨ ᠨᠡᠮᠡᠭᠳᠡᠭᠦᠯᠦᠨ᠂ ᠠᠷᠭ᠎ᠠ ᠪᠦᠬᠦᠨ ᠢ ᠰᠦᠪᠡᠭᠴᠢᠯᠡᠨ ᠪᠦᠲᠦᠮᠵᠢᠲᠡᠢ ᠪᠡᠯᠡ ᠣᠷᠣᠭᠤᠯᠤᠯᠲᠠ ᠶᠢ ᠥᠷᠭᠡᠳᠬᠡᠵᠦ᠂ ᠮᠠᠨ ᠤ ᠬᠤᠲᠠ ᠶᠢᠨ ᠠᠵᠤ ᠠᠬᠤᠢ ᠶᠢᠨ ᠨᠡᠮᠡᠭᠳᠡᠯ ᠤᠨ ᠦᠨᠳᠦᠰᠦᠨ ᠲᠤᠭ᠎ᠠ ᠶᠢ ᠪᠦᠬᠦ ᠬᠦᠴᠦᠨ ᠢᠶᠠᠷ ᠲᠣᠭᠲᠠᠪᠤᠷᠢᠵᠢᠭᠤᠯᠬᠤ ᠬᠡᠷᠡᠭᠲᠡᠢ ᠬᠡᠵᠤ ᠵᠢᠭᠠᠵᠤ ᠭᠠᠷᠭᠠᠪᠠ᠃     ᠰᠡᠴᠡᠨᠪᠢᠯᠢᠭ ᠲᠥᠷᠥᠯ ᠵᠦᠢᠯ ᠢ ᠲᠥᠰᠦᠪᠯᠡᠬᠦ᠂ ᠨᠥᠭᠡᠴᠡᠯᠡᠬᠦ ᠠᠵᠢᠯ ᠢ ᠰᠠᠶᠢᠲᠤᠷ ᠠᠳᠬᠤᠵᠤ᠂ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠲᠠᠢ ᠤᠶᠠᠯᠳᠤᠭᠤᠯᠤᠨ᠂ ᠠᠵᠤ ᠦᠢᠯᠡᠰ ᠤᠨ ᠬᠡᠯᠬᠢᠶ᠎ᠡ ᠶᠢᠨ ᠰᠡᠳᠬᠢᠬᠦᠶ ᠪᠠᠷ ᠠᠵᠤ ᠦᠢᠯᠡᠰ ᠤᠨ ᠲᠥᠪᠯᠡᠷᠡᠯ ᠢ ᠪᠤᠵᠠᠭᠠᠶᠢᠷᠠᠭᠤᠯᠬᠤ᠂ ᠠᠵᠤ ᠦᠢᠯᠡᠰ ᠤᠨ ᠬᠡᠯᠬᠢᠶ᠎ᠡ ᠶᠢ ᠥᠷᠭᠡᠳᠬᠡᠬᠦ᠂ ᠮᠡᠷᠭᠡᠵᠢᠯ ᠤᠨ ᠳᠡᠰ ᠳᠠᠪᠬᠤᠷᠭ᠎ᠠ ᠶᠢ ᠳᠡᠭᠡᠭᠰᠢᠯᠡᠭᠦᠯᠬᠦ᠂ ᠬᠥᠭᠵᠢᠯᠲᠡ ᠶᠢᠨ ᠰᠠᠭᠤᠷᠢ ᠶᠢ ᠪᠠᠲᠤᠳᠬᠠᠬᠤ ᠰᠢᠯᠢᠳᠡᠭ ᠲᠥᠷᠥᠯ ᠵᠦᠢᠯ ᠢ ᠲᠥᠰᠦᠪᠯᠡᠨ ᠨᠥᠭᠡᠴᠡᠯᠡᠬᠦ ᠶᠢ ᠪᠠᠷᠢᠮᠲᠠᠯᠠᠬᠤ ᠬᠡᠷᠡᠭᠲᠡᠢ᠃ ᠠᠷᠠᠯᠵᠢᠶᠠᠴᠢᠨ ᠤᠷᠢᠵᠤ ᠪᠡᠯᠡ ᠲᠠᠳᠠᠬᠤ ᠭᠦᠴᠦᠯᠠᠴᠠ ᠪᠠᠨ ᠨᠡᠮᠡᠭᠳᠡᠭᠦᠯᠦᠨ᠂ ᠠᠵᠤ ᠦᠢᠯᠡᠰ ᠤᠨ ᠬᠥᠭᠵᠢᠯᠲᠡ ᠶᠢᠨ ᠪᠠᠶᠢᠷᠢ ᠲᠣᠭᠲᠠᠭᠠᠯᠲᠠ ᠶᠢᠨ ᠲᠣᠭᠤᠷᠢᠨ ᠳᠤ ᠠᠷᠠᠯᠵᠢᠶᠠᠴᠢᠨ ᠤᠷᠢᠬᠤ ᠠᠷᠭ᠎ᠠ ᠬᠡᠯᠪᠡᠷᠢ ᠶᠢᠨ ᠰᠢᠨ᠎ᠡ ᠶᠢ ᠡᠭᠦᠳᠴᠦ᠂ ᠤᠬᠠᠭᠤᠯᠤᠨ ᠲᠠᠨᠢᠯᠴᠠᠭᠤᠯᠬᠤ ᠶᠢ ᠴᠢᠩᠭᠠᠳᠬᠠᠨ᠂ ᠣᠯᠠᠨ ᠳᠡᠰ ᠳᠠᠪᠬᠤᠷᠭ᠎ᠠ᠂ ᠣᠯᠠᠨ ᠠᠷᠭ᠎ᠠ ᠵᠠᠮ ᠢᠶᠠᠷ ᠠᠷᠠᠯᠵᠢᠶᠠᠴᠢᠨ ᠤᠷᠢᠵᠤ ᠪᠡᠯᠡ ᠲᠠᠲᠠᠬᠤ ᠠᠵᠢᠯᠯᠠᠭ᠎ᠠ ᠶᠢ ᠥᠷᠭᠡᠨ ᠳᠡᠯᠭᠡᠷᠡᠩᠭᠦᠶ ᠥᠷᠨᠢᠭᠦᠯᠵᠦ᠂ ᠠᠵᠤ ᠠᠬᠤᠶ ᠶᠢᠨ ᠴᠢᠨᠠᠷ ᠰᠠᠶᠢᠲᠠᠶ ᠬᠥᠭᠵᠢᠯᠲᠡ ᠶᠢᠨ ᠰᠠᠭᠤᠷᠢ ᠶᠢ ᠲᠠᠰᠤᠷᠠᠯᠲᠠ ᠥᠬᠡᠶ ᠪᠠᠬᠢᠵᠢᠭᠦᠯᠬᠦ ᠬᠡᠷᠡᠭᠲᠡᠢ ᠬᠡᠵᠤ ᠴᠢᠬᠤᠯᠠᠴᠢᠯᠠᠪᠠ᠃     ᠰᠡᠴᠡᠨᠪᠢᠯᠢᠭ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠲᠣᠬᠢᠷᠠᠭᠤᠯᠤᠯᠲᠠ ᠶᠢ ᠤᠯᠠᠮ ᠨᠢᠭᠡ ᠠᠯᠬᠤᠮ ᠴᠢᠩᠭᠠᠳᠬᠠᠵᠤ᠂ ︽ᠦᠨᠡᠨ ᠪᠣᠳᠠᠲᠠᠶ︾ ᠪᠠᠶᠢᠬᠤ ᠶᠢ ᠴᠢᠩᠭ᠎ᠠ ᠠᠳᠬᠤᠨ᠂ ᠠᠰᠠᠭᠤᠳᠠᠯ ᠢ ᠰᠢᠢᠳᠪᠤᠷᠢᠯᠡᠬᠦ ᠶᠠᠪᠤᠳᠠᠯ ᠢ ᠢᠮᠠᠭᠲᠠ ᠲᠣᠪᠤᠶᠢᠮ᠎ᠠ ᠪᠠᠶᠢᠷᠢᠨ ᠳᠤ ᠲᠠᠯᠪᠢᠵᠤ᠂ ᠴᠠᠭ ᠲᠤᠬᠠᠶ ᠳᠤᠨᠢ ᠡᠮᠬᠢᠯᠡᠨ ᠵᠠᠳᠠᠯᠵᠤ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠶᠠᠪᠤᠴᠠ ᠳᠤ ᠣᠷᠣᠰᠢᠵᠤ ᠪᠠᠶᠢᠭ᠎ᠠ ᠬᠦᠴᠢᠷ ᠠᠰᠠᠭᠤᠳᠠᠯ ᠢ ᠪᠦᠬᠦ ᠬᠦᠴᠦᠨ ᠢᠶᠠᠷ ᠢᠶᠠᠨ ᠵᠣᠬᠢᠴᠠᠭᠤᠯᠤᠨ ᠰᠢᠢᠳᠪᠤᠷᠢᠯᠡᠵᠤ᠂ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢ ᠲᠦᠷᠭᠡᠳᠬᠡᠨ ᠨᠡᠮᠡᠭᠳᠡᠭᠦᠯᠬᠦ ᠳᠤ ᠭᠦᠴᠦᠳᠠᠢ ᠪᠦᠲᠦᠮᠵᠢᠲᠡᠶ ᠪᠠᠲᠤᠯᠠᠭ᠎ᠠ ᠪᠠ ᠦᠢᠯᠡᠴᠢᠯᠡᠭᠡ ᠬᠠᠩᠭᠠᠬᠤ ᠬᠡᠷᠡᠭᠲᠡᠶ ᠬᠡᠵᠤ ᠱᠠᠭᠠᠷᠳᠠᠭᠰᠠᠨ ᠪᠠᠶᠢᠨ᠎ᠠ᠃     ᠬᠤᠷᠠᠯ ᠨᠢ ᠸᠢᠳᠢᠤ᠋ ᠬᠤᠷᠠᠯ ᠤᠨ ᠬᠡᠯᠪᠡᠷᠢ ᠪᠠᠷ ᠶᠠᠪᠤᠭᠳᠠᠵᠦ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ ᠬᠤᠰᠢᠭᠤ ᠳᠠᠷᠤᠭ᠎ᠠ ᠵᠤᠤ ᠹᠸᠢ ᠯᠦ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ ᠬᠤᠰᠢᠭᠤ ᠳᠡᠳ᠋ ᠳᠠᠷᠤᠭ᠎ᠠ ᠵᠠᠩ ᡁᠢ ᠰᠢᠦ᠋ᠩ᠂ ᠯᠢ ᠵᠥᠩ ᠯᠢᠨ᠂ ᠠᠭᠤᠯᠠ᠂ ᠬᠤᠰᠢᠭᠤ ᠳᠡᠳ᠋ ᠳᠠᠷᠤᠭ᠎ᠠ ᠵᠸᠤ ᠱᠤᠸᠠᠢ᠂ ᠪᠠᠶᠠᠠᠴᠠᠩᠭᠡᠯ ᠪᠤᠯᠤᠨ ᠰᠤᠪᠤᠷᠭ᠎ᠠ ᠠᠵᠤ ᠠᠬᠤᠢ ᠶᠢᠨ ᠨᠡᠭᠡᠭᠡᠯᠲᠡ ᠶᠢᠨ ᠲᠤᠭᠤᠷᠢᠭ᠂ ᠨᠠᠷᠢᠠᠭᠤᠤᠯ ᠠᠵᠤ ᠥᠢᠯᠡᠳᠪᠤᠷᠢ ᠶᠢᠨ ᠬᠦᠷᠢᠶᠡᠯᠡᠩ ᠲᠣᠭᠤᠷᠢᠭ᠂ ᠡᠯ᠎ᠡ ᠰᠤᠮᠤ ᠪᠠᠯᠭᠠᠰᠤ ᠵᠢᠴᠢ ᠬᠤᠰᠢᠭᠤ ᠰᠢᠭᠤᠳ ᠬᠠᠷᠢᠶ᠎ᠠ ᠡᠯ᠎ᠡ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠮᠠᠨ ᠤ ᠬᠤᠰᠢᠭᠤᠨ ᠤ ᠬᠤᠪᠢᠶᠠᠷᠢ ᠬᠤᠷᠠᠯ ᠤᠨ ᠲᠠᠯᠠᠪᠠᠢ ᠶᠢᠨ ᠬᠤᠷᠠᠯ ᠳᠤ ᠣᠷᠣᠯᠴᠠᠪᠠ᠃
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号