ᠬᠠᠷᠠᠭ᠎ᠠ ᠲᠡᠯᠡᠭᠰᠡᠨ ︽ᠵᠤᠭᠠᠴᠠᠯ ᠨᠡᠭᠡᠭᠡᠯᠳᠠ︾
ᠨᠡᠶᠢᠲᠡᠯᠡᠭᠰᠡᠨ ᠴᠠᠭ᠄
2018-10-18
      ᠦᠬᠡᠷᠡᠴᠢᠯᠡᠯᠳᠡ ᠨᠡᠬᠡᠬᠡᠯᠳᠡ ᠠᠴᠠ ᠮᠠᠯᠴᠢᠳ ᠴᠤᠬᠤᠮ ᠶᠠᠮᠠᠷᠬᠠᠠ ᠰᠢᠤ ᠠᠰᠢᠭ ᠬᠦᠷᠳᠡᠭᠰᠡᠡ ᠪᠤᠯ⁈ ᠦᠬᠡᠷᠡᠴᠢᠯᠡᠯᠳᠡ ᠳᠡᠬᠡᠷ᠎ᠡ ᠪᠤᠯ ᠢᠯᠭᠠᠪᠤᠷᠢᠳᠠᠢ᠃ ᠬᠤᠤᠰ ᠳᠠᠭᠠᠭᠠᠴᠢᠯᠠᠯᠳᠠ᠂ ᠭᠠᠶᠢᠯᠢ ᠦᠬᠡᠶᠢᠰᠬᠡᠯᠳᠡ᠂ ᠬᠤᠷᠰᠢᠭᠰᠠᠠ ᠡᠮᠨᠡᠯᠬᠡ᠂ ᠨᠠᠰᠤᠵᠢᠯ ᠤᠨ ᠳᠠᠭᠠᠳᠬᠠᠯ᠂ ᠳᠦᠷᠦᠯ ᠵᠦᠢᠯ ᠨᠦᠬᠦᠪᠦᠷᠢ᠃ ᠬᠡᠪᠡᠴᠤ ᠨᠡᠬᠡᠬᠡᠯᠳᠡ ᠶᠢᠨ ᠦᠷ᠎ᠠ ᠠᠰᠢᠬ ᠢ ᠤᠳᠠᠭᠠᠠ ᠡᠳᠦᠷ ᠰᠡᠳᠬᠢᠬᠡᠳ ᠤᠨᠤᠪᠴᠢᠳᠠᠢ ᠬᠠᠷᠢᠭᠤᠯᠳᠠ ᠤᠯᠵᠦ ᠳᠡᠶᠢᠯᠦᠬᠡ ᠦᠬᠡᠢ᠃ ᠬᠠᠮᠤᠭ ᠡᠴᠤᠰ ᠲᠤ ᠮᠠᠯᠴᠢᠳ ᠵᠤᠭᠠᠴᠠᠯ ᠤᠨ ᠦᠢᠯᠡᠰ ᠡᠷᠬᠢᠯᠡᠬᠡᠳ ᠭᠠᠳᠠᠭᠠᠳᠤ ᠳᠤᠳᠤᠭᠠᠳᠤ ᠶᠢᠨ ᠬᠦᠮᠦᠰ ᠲᠠᠢ ᠴᠢᠯᠦᠬᠡᠳᠠᠢ ᠶᠠᠪᠤᠯᠴᠠᠬᠰᠠᠠ ᠢᠶᠠᠷ ᠦᠵᠡᠯᠳᠡ ᠳᠠᠨᠢᠯᠳᠠ ᠨᠢ ᠰᠢᠨᠡᠴᠢᠯᠡᠭᠳᠡᠵᠦ ᠪᠠᠶᠢᠬᠤ᠂ ᠮᠠᠯᠴᠢᠳ ᠵᠤᠭᠤᠰ ᠮᠦᠩᠬᠦ ᠲᠠᠢ ᠪᠤᠯᠵᠦ ᠭᠠᠳᠠᠭᠠᠳᠤ ᠳᠤᠳᠤᠭᠠᠳᠤ ᠪᠠᠷ ᠵᠤᠭᠠᠴᠠᠭᠠᠳ ᠬᠠᠷᠠᠭ᠎ᠠ ᠰᠤᠨᠤᠷ ᠢᠶᠠᠨ ᠳᠡᠯᠡᠵᠦ ᠪᠠᠶᠢᠬᠤ ᠪᠤᠯ ᠳᠠᠷᠤᠢ ᠨᠡᠬᠡᠬᠡᠯᠳᠡ ᠶᠢᠨ ᠦᠷ᠎ᠡ ᠠᠰᠢᠬ ᠮᠦᠨ ᠬᠡᠵᠦ ᠪᠤᠯᠬᠢ ᠪᠠᠷ ᠰᠡᠳᠬᠢᠭᠰᠡᠡ ᠢ ᠮᠠᠨᠢ ᠠᠭᠤᠴᠢᠯᠠᠮᠦ︕          ᠠᠮᠤᠷᠵᠢᠷᠭᠠᠯ ᠠᠪᠤ ᠶᠢᠨ ᠠᠳᠠᠷᠭ᠎ᠠ ᠲᠠᠢ ᠦᠩᠬᠡᠷᠡᠯᠳᠡ      ᠰᠠᠭᠤᠷᠢᠰᠢᠯ ᠪᠤᠶᠢᠳᠠ ᠪᠦᠭᠯᠡᠬᠦᠦ᠂ ᠵᠠᠮ ᠨᠡᠪᠳᠡᠷᠡᠯᠬᠡ ᠬᠤᠴᠤᠷᠤᠩᠭᠤᠢ᠂ ᠠᠯᠢᠪᠠ ᠶᠠᠭᠤᠮ᠎ᠠ ᠬᠠᠷᠠᠬᠠᠠ ᠬᠠᠭᠠᠯᠳᠠᠳᠠᠢ ᠪᠠᠶᠢᠬᠰᠠᠠ ᠶᠡᠭᠡ ᠬᠠᠮᠳᠤ ᠶᠢᠨ ᠦᠶᠡᠰ ᠮᠠᠯᠴᠢᠨ ᠳᠦᠮᠡᠡ ᠮᠠᠨᠢ ᠶᠤᠰᠤᠳᠠᠢ ᠳᠤᠭᠤᠯ ᠤᠨ ᠪᠡᠯᠴᠢᠬᠡᠷ ᠠᠴᠠ ᠪᠠᠨ ᠬᠤᠯᠠᠳᠠᠭ᠎ᠠ ᠦᠬᠡᠢ ︽ᠬᠠᠭᠤᠴᠢᠨ ᠬᠦᠦ︾ ᠪᠠᠶᠢᠬᠰᠠᠠ ᠬᠡᠯᠳᠡᠢ᠃ ᠦᠤᠰᠢᠨ ᠬᠤᠰᠢᠭᠤᠨ ᠤ ᠰᠦᠯᠳᠡ ᠰᠤᠮᠤᠨ ᠤ ᠴᠤᠤᠳᠠᠢ ᠭᠠᠴᠠᠭᠠᠠ ᠤ ᠮᠠᠯᠴᠢᠨ ᠠᠮᠤᠷᠵᠢᠷᠭᠠᠯ ᠨᠠᠰᠤᠳᠠᠠ ᠪᠤᠯ ︽ᠬᠠᠭᠤᠴᠢᠨ ᠬᠦᠦ︾ ᠶᠢᠨ ᠳᠤᠳᠤᠷᠠᠬᠢ ᠠᠵᠠ ᠲᠠᠢ ᠨᠢᠬᠡ ᠨᠢ᠃ ᠬᠠᠭᠤᠴᠢᠨ ᠨᠡᠶᠢᠬᠡᠮ ᠳᠤ ᠳᠦᠷᠦᠵᠦ᠂ ᠰᠢᠨ᠎ᠡ ᠳᠤᠮᠳᠠᠳᠤ ᠤᠯᠤᠰ ᠤᠨ ᠬᠦᠭᠵᠢᠯᠳᠡ᠂ ︽ᠰᠤᠶᠤᠯ ᠤᠨ ᠬᠤᠪᠢᠰᠬᠠᠯ︾ ᠤᠨ ᠦᠢᠮᠡᠬᠡᠡ ᠳᠡᠪᠵᠢᠶᠡᠡ᠂ ᠦᠬᠡᠷᠡᠴᠢᠯᠡᠯᠳᠡ ᠨᠡᠬᠡᠬᠡᠯᠳᠡ ᠶᠢᠨ ᠠᠮᠢᠵᠢᠷᠠᠯ᠂ ᠵᠠᠬ᠎ᠠ ᠶᠢᠨ ᠠᠵᠦ ᠠᠬᠤᠢ ᠶᠢᠨ ᠴᠡᠴᠡᠭᠯᠡᠯᠳᠡ ᠶᠢ ᠪᠡᠶ᠎ᠡ ᠪᠠᠷ ᠢᠶᠠᠨ ᠦᠩᠬᠡᠷᠡᠬᠡᠭᠰᠡᠡ ᠠᠮᠤᠷᠵᠢᠷᠭᠠᠯ ᠠᠪᠤ ᠡᠨᠡ ᠵᠢᠯ 80 ᠨᠠᠰᠤᠨ ᠤ ᠦᠨᠳᠦᠷ ᠬᠤᠳᠤᠭ ᠢ ᠵᠤᠭᠤᠭᠯᠠᠵᠠᠢ᠃ ᠳᠡᠷᠡ 1969᠂ 1970 ᠤᠨ ᠳᠤ ᠭᠠᠴᠠᠭᠠᠠ ᠤ ᠬᠠᠮᠳᠤ ᠶᠢᠨ ᠬᠡᠳᠡᠬᠡᠨ᠎ᠡ ᠶᠢ ᠡᠪᠦᠯᠵᠢᠬᠦᠯᠬᠦ ᠪᠠᠷ ᠰᠧᠴᠤᠸᠠᠠ ᠮᠤᠵᠢ ᠳᠤ ᠬᠤᠶᠠᠷ ᠵᠢᠯ ᠳᠠᠷᠠᠭᠠᠯᠠᠠ ᠶᠠᠪᠤᠵᠠᠢ᠃ ᠳᠤᠬᠠᠢ ᠶᠢᠨ ᠦᠶ᠎ᠠ ᠳᠤ ᠴᠤᠤᠳᠠᠢ ᠭᠠᠴᠠᠭ᠎ᠠ ᠨᠢ 80 ᠬᠠᠶᠢᠷᠴᠠᠭ ᠬᠡᠳᠡᠬᠡᠨ᠎ᠡ ᠳᠡᠵᠢᠬᠡᠵᠦ᠂ ᠬᠠᠮᠳᠤ ᠶᠢᠨ ᠤᠷᠤᠯᠭ᠎ᠠ ᠪᠠᠨ ᠨᠡᠮᠡᠭᠳᠡᠬᠦᠯᠬᠦ ᠡᠬᠦᠳᠡᠡ ᠠᠴᠠ ᠡᠪᠦᠯ ᠬᠠᠪᠤᠷ ᠲᠤᠨᠢ ᠵᠢᠯ ᠳᠤᠵᠢ ᠴᠡᠴᠡᠭ ᠬᠤᠸᠠᠷ ᠳᠡᠯᠬᠡᠷᠡᠭᠰᠡᠡ ᠰᠧᠴᠤᠸᠠᠠ ᠤ ᠬᠤᠳᠤᠭᠤᠷ ᠲᠤ ᠬᠦᠷᠳᠡᠭ ᠪᠠᠶᠢᠪᠠ᠃ ︽ᠭᠠᠳᠠᠭᠰᠢ ᠶᠠᠪᠤᠨ᠎ᠠ ᠬᠡᠭᠴᠢ ᠤᠳᠤ ᠪᠤᠯ ᠠᠮᠠᠷᠬᠠᠠ᠂ ᠢᠮᠡᠷᠳᠡᠭ ᠢᠶᠠᠨ ᠬᠠᠷᠮᠠᠯᠠᠭᠠᠳ ᠭᠠᠷᠪᠠᠯ ᠬᠠᠮᠢᠭ᠎ᠠ ᠬᠦᠷᠦᠭᠰᠡᠡ ᠴᠤ ᠰᠠᠭᠠᠳ ᠦᠬᠡᠢ᠂ ᠬᠡᠪᠡᠴᠦ ᠳᠡᠷᠡ ᠦᠶ᠎ᠡ ᠳᠤ ᠬᠡᠯᠡᠬᠦ ᠳᠤ ᠠᠮᠠᠷ᠂ ᠬᠢᠬᠦ ᠳᠤ ᠬᠠᠷᠢᠨ ᠬᠦᠴᠢᠷ ᠰᠢᠤ︕︾ ᠬᠡᠵᠦ ᠠᠮᠤᠷᠵᠢᠷᠭᠠᠯ ᠠᠪᠤ ᠶᠢᠨ ᠦᠬᠡᠡ ᠤᠭᠤᠳᠠ ᠨᠡᠬᠡᠬᠡᠷᠡᠪᠡ᠃ ᠶᠠᠭᠤᠨ ᠤ ᠤᠷᠢᠳ ᠭᠠᠴᠠᠭᠠᠠ ᠠᠴᠠ ᠭᠠᠳᠠᠭᠰᠢ ᠭᠠᠷᠬᠤ ᠬᠦᠮᠦᠨ ᠳᠡᠭᠡᠨ ᠳᠠᠨᠢᠯᠴᠠᠭᠤᠯᠭ᠎ᠠ ᠶᠢᠨ ᠪᠢᠴᠢᠭ ᠭᠠᠷᠭᠠᠵᠦ᠂ ᠳᠠᠷᠠᠭ᠎ᠠ ᠨᠢ ᠰᠤᠮᠤ᠂ ᠬᠤᠰᠢᠭᠤ᠂ ᠠᠶᠢᠮᠠᠭ ᠬᠦᠷᠳᠡᠯ᠎ᠡ ᠪᠦᠷ ᠳᠠᠮᠠᠭ᠎ᠠ ᠳᠠᠷᠤᠨ᠎ᠠ᠃ ᠠᠮᠤᠷᠵᠢᠷᠭᠠᠯ ᠠᠪᠤ ᠭᠠᠴᠠᠭᠠᠠ ᠠᠴᠠ ᠳᠠᠨᠢᠯᠴᠠᠭᠤᠯᠭ᠎ᠠ ᠶᠢᠨ ᠪᠢᠴᠢᠭ ᠢᠶᠠᠨ ᠭᠠᠷᠳᠠᠵᠦ ᠠᠪᠤᠭᠰᠠᠠ ᠤ ᠳᠠᠷᠠᠭ᠎ᠠ ᠪᠦᠬᠦᠯᠢ ᠨᠢᠬᠡ ᠡᠳᠦᠷ ᠤᠨ ᠵᠠᠮ ᠬᠦᠬᠡᠬᠡᠵᠦ ᠰᠤᠮᠤ ᠬᠦᠷᠦᠨ᠎ᠡ᠂ ᠳᠠᠬᠢᠭᠠᠳ 2 ᠡᠳᠦᠷ ᠪᠤᠷᠪᠢ ᠪᠤᠬᠢᠰᠬᠢᠯ ᠦᠬᠡᠢ ᠶᠠᠪᠤᠵᠦ ᠬᠤᠰᠢᠭᠤ ᠤᠷᠤᠨ᠎ᠡ᠃ ᠬᠤᠰᠢᠭᠤᠨ ᠠᠴᠠ ᠠᠶᠢᠮᠠᠭ ᠬᠦᠷᠬᠦ ᠳᠤ ᠬᠠᠷᠢᠨ ᠠᠩᠭᠠᠯᠳᠠᠭ ᠳᠡᠷᠬᠡ ᠪᠠᠶᠢᠵᠦ ᠨᠢᠬᠡ ᠡᠳᠦᠷ ᠰᠠᠭᠤᠪᠠᠯ ᠬᠦᠷᠴᠢᠬᠡᠳᠡᠭ᠃ ᠢᠩᠬᠢᠵᠦ ᠨᠢᠬᠡ ᠭᠠᠷ ᠬᠦᠢᠴᠡᠳᠬᠡᠯ ᠢᠶᠠᠨ ᠪᠦᠷᠢᠳᠬᠡᠵᠦ ᠠᠪᠬᠤ ᠳᠤ ᠨᠠᠭᠠᠰᠢ ᠴᠠᠭᠠᠰᠢ 8 ᠡᠳᠦᠷ ᠶᠠᠪᠤᠳᠠᠭ᠃ ᠪᠠᠶᠠᠷᠯᠠᠭᠤᠰᠢᠳᠠᠢ ᠨᠢ ᠳᠡᠷᠡ ᠦᠶ᠎ᠡ ᠶᠢᠨ ᠺᠠᠳ᠋ᠷ ᠠᠵᠢᠯᠳᠠᠠ ᠤ ᠠᠵᠢᠯ ᠤᠨ ᠬᠠᠷᠢᠭᠤᠴᠠᠯᠭ᠎ᠠ ᠦᠨᠳᠦᠷ ᠪᠠᠶᠢᠵᠦ᠂ ᠬᠠᠮᠢᠭ᠎ᠠ ᠨᠢ ᠴᠤ ᠪᠤᠯᠤᠭ ᠤᠴᠢᠬᠰᠠᠠ ᠳᠠᠷᠤᠢ ᠳᠤ ᠳᠠᠮᠠᠭ᠎ᠠ ᠪᠠᠨ ᠳᠠᠷᠤᠭᠤᠯᠴᠢᠬᠠᠳᠠᠭ᠃ ᠵᠠ ᠢᠩᠬᠢᠬᠡᠳ ᠦᠬᠦᠴᠡᠨ ᠦᠶ᠎ᠡ ᠳᠤ 10 ᠬᠦᠮᠦᠨ ᠨᠡᠶᠢᠯᠡᠵᠦ 80 ᠬᠠᠶᠢᠷᠴᠠᠭ ᠬᠡᠳᠡᠬᠡᠨ᠎ᠡ ᠪᠠᠨ ᠠᠴᠢᠶᠠᠠ ᠤ ᠮᠠᠰᠢᠨ ᠳᠤ ᠳᠡᠬᠡᠬᠡᠵᠦ ᠬᠦᠳᠡᠯᠦᠨ᠎ᠡ᠃ ᠡᠨᠡ ᠨᠢᠬᠡ ᠵᠠᠮ ᠤᠨ ᠪᠡᠷᠬᠡ ᠪᠠᠷᠳᠠᠭ᠎ᠠ᠂ ᠬᠦᠴᠢᠷ ᠪᠡᠷᠬᠡᠰᠢᠶᠡᠯ ᠢ ᠪᠡᠶ᠎ᠡ ᠪᠠᠷ ᠢᠶᠠᠨ ᠦᠩᠬᠡᠷᠡᠭᠡᠭᠰᠡᠡ ᠪᠢᠳᠠ ᠯᠠ ᠮᠡᠳᠡᠨ᠎ᠡ᠃ ᠴᠤᠤᠳᠠᠢ ᠠᠴᠠ ᠢᠷᠭᠠᠢ ᠳᠤ ᠬᠦᠷᠳᠡᠯ᠎ᠡ ᠠᠴᠢᠶᠠᠠ ᠤ ᠮᠠᠰᠢᠨ ᠢᠶᠠᠷ ᠬᠤᠶᠠᠷ ᠡᠳᠦᠷ ᠳᠠᠪᠬᠢᠭᠤᠯᠤᠨ᠎ᠠ᠃ ᠳᠠᠪᠬᠢᠭᠤᠯᠬᠤ ᠬᠡᠵᠢ ᠳ᠋ᠠ︕ ᠮᠠᠯᠬᠢᠵᠦ ᠯᠠ ᠪᠠᠶᠢᠨ᠎ᠠ ᠬᠡᠰᠡᠡ ᠦᠬᠡ ᠃ ᠳᠡᠷᠡ ᠦᠶ᠎ᠡ ᠶᠢᠨ ᠵᠠᠮ ᠮᠠᠭᠤ᠂ ᠵᠠᠮ ᠳᠤᠨᠢ ᠰᠢᠪᠠᠷᠳᠠᠪᠠᠯ ᠳᠦᠯᠬᠢᠨ᠎ᠡ᠂ ᠬᠦᠰᠢᠨ᠎ᠡ᠂ ᠮᠠᠩᠬᠠᠳᠠᠪᠠᠯ ᠮᠠᠯᠳᠠᠨ᠎ᠠ᠂ ᠳᠡᠪᠢᠰᠦᠨ᠎ᠡ ᠁ ᠶᠤᠰᠤ ᠲᠠᠢ ᠳᠠᠩᠰᠤᠭ ᠯᠠᠮᠠ ᠪᠠᠷᠠᠭᠤᠨᠰᠢ ᠵᠤᠷᠴᠢᠨ ᠨᠤᠮ ᠵᠠᠯᠠᠭᠰᠠᠠ ᠲᠠᠢ ᠠᠳᠠᠯᠢ ᠤᠯᠠᠠ ᠤᠯᠠᠠ ᠪᠠᠷᠳᠠᠭ᠎ᠠ ᠶᠢ ᠳᠤᠭᠤᠯᠵᠦ ᠪᠠᠶᠢᠬᠰᠠᠠ᠃ ᠢᠷᠭᠠᠢ ᠳᠤ ᠤᠴᠢᠭᠠᠳ ᠭᠠᠯᠳᠤ ᠳᠡᠷᠬᠡᠡ ᠳᠤ ᠭᠠᠷᠪᠠᠯ ᠬᠠᠷᠢᠨ ᠠᠮᠠᠷᠬᠠᠠ ᠪᠤᠯᠴᠢᠬᠠᠨ᠎ᠠ᠂ ᠳᠠᠭᠠᠭᠤᠯᠵᠦ ᠶᠠᠪᠤᠬᠰᠠᠠ ᠬᠦᠮᠦᠨ ᠢᠶᠠᠨ ᠬᠠᠮᠢᠶᠠᠷᠴᠤ᠂ ᠬᠠᠶᠢᠷᠴᠠᠭ ᠲᠠᠢ ᠬᠡᠳᠡᠬᠡᠨ᠎ᠡ ᠪᠠᠨ ᠬᠤᠯᠠᠭᠠᠢ ᠵᠢᠯᠡᠬᠡᠢ ᠳᠤ ᠠᠯᠳᠠᠬᠤ ᠠᠴᠠ ᠬᠢᠴᠢᠶᠡᠴᠢᠬᠡᠪᠡᠯ 7 ᠡᠳᠦᠷ 7 ᠰᠦᠨᠢ ᠶᠤᠭᠤᠭᠠᠳ ᠴᠧᠩᠳᠦ᠋ ᠤᠷᠤᠴᠢᠬᠠᠳᠠᠭ᠃ ᠠᠬᠢᠭᠠᠳ ᠠᠴᠢᠶᠠᠠ ᠤ ᠮᠠᠰᠢᠨ ᠬᠦᠯᠦᠰᠦᠯᠡᠵᠦ᠂ ᠴᠡᠴᠡᠭ ᠬᠤᠸᠠᠷ ᠡᠯᠪᠡᠭ ᠰᠢᠭ ᠠᠭᠤᠯᠠ ᠶᠢᠨ ᠪᠠᠯ ᠳᠤ ᠪᠠᠭᠤᠳᠠᠯᠯᠠᠪᠠᠯ ᠳᠠᠷᠤᠢ ᠳᠡᠨᠳᠡ ᠨᠤᠳᠤᠭᠰᠢᠯ᠎ᠠ ᠬᠡᠰᠡᠡ ᠦᠬᠡ᠃ ᠳᠡᠷᠡ ᠭᠠᠵᠠᠷ ᠤᠨ ᠬᠦᠮᠦᠨ ᠤᠯᠠᠠ᠂ ᠬᠤᠯᠠᠭᠠᠢᠢᠴᠢ ᠴᠤ ᠤᠯᠠᠠ᠂ ᠬᠠᠵᠠᠭᠤ ᠬᠠᠪᠢᠷᠭ᠎ᠠ ᠶᠢᠨ ᠬᠡᠳᠡᠬᠡᠨ᠎ᠡ ᠳᠡᠵᠢᠬᠡᠭᠴᠢ ᠬᠠᠶᠢᠷᠴᠠᠭ ᠲᠠᠢ ᠬᠡᠳᠡᠬᠡᠨ᠎ᠡ ᠪᠠᠨ ᠠᠯᠳᠠᠬᠤ ᠦᠬᠡᠢ ᠪᠤᠯ ᠬᠠᠪᠳᠠᠰᠤ ᠲᠠᠢ ᠪᠠᠯ ᠢᠶᠠᠨ ᠠᠯᠳᠠᠯ᠎ᠠ ᠬᠡᠳ ᠪᠦᠬᠡᠮ ᠳᠡᠪᠵᠢᠶᠡᠡ᠃ ᠬᠡᠪᠡᠴᠦ ᠪᠢ ᠬᠤᠶᠠᠷ ᠵᠢᠯ ᠶᠠᠪᠤᠭᠠᠳ ᠨᠢᠬᠡ ᠤᠳᠠᠭ᠎ᠠ ᠴᠤ ᠶᠠᠭᠤᠮ᠎ᠠ ᠪᠠᠨ ᠬᠤᠯᠠᠭᠠᠢ ᠳᠤ ᠠᠯᠳᠠᠭᠰᠠᠠ ᠦᠬᠡᠢ᠃ ᠡᠨᠡ ᠨᠢ ᠪᠠᠷᠤᠭ ᠨᠢᠬᠡ ᠪᠤᠯ ᠮᠤᠩᠭᠤᠯ ᠬᠦᠮᠦᠨ ᠬᠡᠳ ᠪᠠᠭ᠎ᠠ ᠬᠡᠷᠰᠡᠤᠯᠡᠭᠰᠡᠡ᠂ ᠬᠤᠶᠠᠷ ᠪᠤᠯ ᠪᠢ ᠶᠡᠷᠦ ᠶᠢᠨ ᠴᠠᠭ ᠲᠤ ᠳᠤᠬᠠᠢ ᠶᠢᠨ ᠭᠠᠵᠠᠷ ᠤᠨ ᠬᠦᠮᠦᠨ ᠴᠢᠨ᠂ ᠯᠠᠩ ᠢᠶᠠᠷ ᠪᠠᠯ ᠠᠪᠤᠶ᠎ᠠ ᠬᠡᠪᠡᠯ ᠵᠦᠬᠡᠷ ᠦᠭᠴᠦ ᠳᠠᠯ᠎ᠠ ᠦᠩᠬᠡ ᠵᠠᠰᠠᠭᠰᠠᠠ ᠲᠠᠢ ᠬᠤᠯᠪᠤᠭ᠎ᠠ ᠲᠠᠢ ᠴᠤ ᠪᠠᠶᠢᠵᠦ ᠮᠠᠭᠠᠳ᠃ ᠢᠳᠡᠵᠦ ᠴᠠᠳᠬᠤ ᠦᠬᠡᠢ ᠤᠨ ᠵᠢᠯ ᠶᠤᠮ ᠬᠡᠨ᠎ᠡ᠃ ᠭᠠᠴᠠᠭᠠᠠ ᠤ ᠮᠠᠯᠴᠢᠳ ᠭᠠᠳᠠᠭᠰᠢ ᠭᠠᠷᠪᠠᠯ ᠰᠠᠷ᠎ᠠ ᠳᠤ 3 ᠵᠢᠩ ᠪᠤᠭᠤᠳᠠᠢ ᠶᠢᠨ ᠭᠤᠯᠢᠷ᠂ 5 ᠵᠢᠩ ᠠᠮᠤ᠂ 6 ᠵᠢᠩ ᠡᠷᠳᠡᠨᠢ ᠰᠢᠰᠢ ᠦᠭᠬᠦ ᠠᠴᠠ ᠭᠠᠳᠠᠨ᠎ᠠ ᠡᠳᠦᠷ ᠲᠤ ᠪᠠᠰᠠ 0.5 ᠵᠢᠩ ᠤᠨ ᠨᠦᠬᠦᠪᠦᠷᠢ ᠲᠠᠢ᠃ ᠨᠦᠬᠦᠪᠦᠷᠢ ᠨᠢ ᠪᠦᠷ ᠪᠦᠬᠦ ᠤᠯᠤᠰ ᠤᠨ ᠨᠢᠬᠡᠳᠦᠯᠳᠠᠢ ᠠᠮᠤ ᠬᠦᠨᠡᠰᠦᠨ ᠤ ᠫᠢᠶᠤᠤ᠃ ᠡᠨᠡ ᠴᠢᠨᠢ ᠳᠡᠷᠡ ᠦᠶ᠎ᠡ ᠳᠡᠭᠡᠨ ᠤᠷᠬᠤᠳᠠᠢ ᠰᠢᠤ᠃ ᠶᠠᠭᠤ ᠢᠳᠡᠶ᠎ᠡ ᠬᠡᠪᠡᠯ ᠶᠠᠭᠤ ᠪᠠᠨ ᠠᠪᠤᠭᠠᠳ ᠢᠳᠡᠴᠢᠬᠡᠳᠡᠭ ᠶᠠᠭᠤᠮ᠎ᠠ᠃ ᠶᠡᠷᠦ ᠶᠢᠨ ᠬᠦᠮᠦᠨ ᠤᠯᠵᠦ ᠳᠡᠶᠢᠯᠬᠦ ᠦᠬᠡᠢ ᠭᠠᠴᠠᠭᠠᠠ ᠠᠴᠠ ᠨᠢᠬᠡᠳᠦᠯᠳᠠᠢ ᠭᠤᠶᠤᠴᠢᠯᠠᠵᠦ ᠤᠯᠳᠠᠭ ᠁
     ᠠᠮᠤᠷᠵᠢᠷᠭᠠᠯ ᠠᠪᠤ ᠲᠠᠢ ᠵᠤᠭᠤᠭᠳᠠᠵᠦ ᠰᠠᠭᠤᠬᠤ ᠳᠤ ︽ᠬᠠᠭᠤᠴᠢᠨ ᠴᠠᠭ ᠤᠨ ᠬᠤᠸᠠᠩᠯᠢ︾᠂ ︽ᠠᠮᠢᠳᠤ ᠳᠤᠯᠢ︾ ᠬᠡᠰᠡᠡ ᠦᠬᠡ ᠶᠢ ᠠᠷᠭ᠎ᠠ ᠦᠬᠡᠢ ᠰᠠᠨᠠᠭᠳᠠᠭᠤᠯᠤᠨ᠎ᠠ᠃ ᠶᠡᠭᠡ ᠬᠠᠮᠳᠤ ᠶᠢᠨ ᠦᠶ᠎ᠡ ᠳᠤ ᠪᠠᠷᠢᠭᠠᠳᠠ ᠶᠢᠨ ᠳᠤᠭᠤᠭᠠᠴᠢ᠂ ᠵᠢᠩᠴᠢᠨ᠂ ᠳᠦᠯᠡᠬᠡᠴᠢᠨ ᠵᠡᠷᠬᠡ ᠬᠠᠷ᠎ᠠ ᠬᠦᠨᠳᠦ ᠠᠵᠢᠯ ᠢ ᠤᠰᠤᠯᠳᠠᠯ ᠦᠬᠡᠢ ᠬᠢᠵᠦ ᠶᠠᠪᠤᠬᠰᠠᠠ ᠳᠡᠷᠡ ᠳᠠᠬᠢᠭᠠᠳ ᠬᠤᠰᠢᠭᠤᠨ ᠠᠴᠠ ᠪᠠᠨ ᠬᠤᠯᠠᠳᠠᠵᠦ ᠦᠵᠡᠭᠡ ᠦᠬᠡᠢ᠃ ᠨᠠᠰᠤᠳᠠᠠ ᠮᠠᠨᠢ 2014 ᠤᠨ ᠳᠤ ᠡᠮᠦᠨ᠎ᠡ ᠪᠤᠯᠴᠢᠷᠬᠠᠢ ᠶᠢᠨ ᠮᠡᠰᠡ ᠵᠠᠰᠠᠯ ᠬᠢᠯᠬᠡᠬᠦ ᠪᠠᠷ ᠤᠷᠤᠨ ᠤ ᠳᠦᠪ ᠬᠦᠬᠡᠬᠤᠳᠠ ᠤᠷᠤᠬᠤ ᠳᠠᠭᠠᠨ ᠪᠡᠶ᠎ᠡ ᠶᠢᠨ ᠦᠨᠡᠮᠯᠡᠯ᠂ ᠠᠷᠠᠳ ᠤᠨ ᠵᠤᠭᠤᠰ ᠢᠶᠠᠨ ᠡᠪᠦᠷᠳᠦᠯᠡᠵᠦ ᠶᠠᠪᠤᠬᠰᠠᠠ ᠢᠶᠠᠨ ᠤᠯᠵᠠᠭᠤᠷᠬᠠᠯ ᠪᠤᠯᠭᠠᠠ ᠶᠠᠷᠢᠬᠤ ᠳᠤᠷᠠᠳᠠᠢ᠃ ︽ᠤᠳᠤ ᠬᠠᠷᠠᠭᠠᠳ ᠪᠠᠶᠢᠬᠤ ᠳᠤ ᠵᠤᠭᠤᠰ ᠴᠤ ᠪᠡᠶ᠎ᠡ ᠳᠡᠭᠡᠨ ᠠᠪᠬᠤ ᠴᠢᠬᠤᠯᠠ ᠦᠬᠡᠢ ᠰᠢᠭ᠂ ᠡᠨᠡ ᠠᠴᠢ ᠵᠢᠬᠡ ᠨᠡᠷ ᠭᠠᠷ ᠤᠳᠠᠰᠤ ᠪᠠᠨ ᠠᠪᠤᠭᠠᠳ ᠪᠦᠬᠦ ᠶᠠᠭᠤᠮ᠎ᠠ ᠶᠢ ᠪᠦᠳᠦᠬᠡᠴᠢᠬᠡᠵᠦ ᠪᠠᠶᠢᠬᠤ ᠨᠢ ᠬᠠᠴᠢᠨ ᠶᠤᠮ ᠡ︕︾ ᠬᠡᠵᠦ ᠠᠮᠤᠷᠵᠢᠷᠭᠠᠯ ᠭᠤᠸᠠᠢ ᠶᠡᠭᠡ ᠭᠠᠶᠢᠬᠠᠯ ᠪᠤᠯᠤᠨ᠎ᠠ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号