ᠮᠦᠩᠭᠡᠳᠠᠯᠠᠢ ᠶᠢᠨ ︽ᠮᠤᠩᠭᠤᠯ ᠲᠤᠯᠢ ᠪᠢᠴᠢᠭ ᠤᠨ ᠬᠦᠷᠢᠶᠡᠯᠡᠩ︾
ᠨᠡᠶᠢᠲᠡᠯᠡᠭᠰᠡᠨ ᠴᠠᠭ᠄
2019-12-09
     ᠨᠤᠮ ᠴᠤᠭᠯᠠᠭᠤᠯᠤᠭᠴᠢ ᠤᠯᠠᠨ ᠪᠠᠶᠢᠳᠠᠭ ᠪᠤᠯᠪᠠᠴᠤ ᠲᠤᠯᠢ ᠪᠢᠴᠢᠭ ᠴᠤᠭᠯᠠᠭᠤᠯᠤᠭᠴᠢ ᠬᠤᠪᠤᠷ ᠠᠴᠠ ᠬᠤᠪᠤᠷ ᠶᠤᠮᠰᠠᠨ᠃      ᠤᠷᠳᠤᠰ ᠬᠤᠳᠠ ᠶᠢᠨ ᠦᠤᠰᠢᠨ ᠬᠤᠰᠢᠭᠤᠨ ᠤ ᠲᠤᠭ ᠪᠠᠯᠭᠠᠰᠤᠨ ᠳᠤ ᠨᠤᠮ ᠴᠤᠭᠯᠠᠭᠤᠯᠬᠤ ᠰᠤᠨᠢᠷᠬᠠᠯ ᠲᠠᠢ ᠂ ᠨᠤᠮ ᠴᠤᠭᠯᠠᠭᠤᠯᠬᠤ ᠪᠠᠷ ᠨᠠᠰᠤᠨ ᠤ ᠦᠢᠯᠡᠰ ᠢᠶᠠᠨ ᠪᠤᠯᠭᠠᠭᠰᠠᠨ᠂ ᠨᠤᠮ ᠴᠤᠭᠯᠠᠭᠤᠯᠬᠤ ᠶᠢᠨ ᠤᠯᠠᠮ ᠢᠶᠠᠷ ᠲᠤᠯᠢ ᠪᠢᠴᠢᠭ ᠴᠤᠭᠯᠠᠭᠤᠯᠬᠤ ᠰᠤᠨᠢᠷᠬᠠᠯ ᠲᠠᠢ ᠪᠤᠯᠵᠤ᠂ ᠪᠦᠷ ᠴᠤ ᠦᠪᠤᠷ ᠮᠤᠩᠭᠤᠯ᠂ ᠲᠡᠷᠡᠴᠢᠯᠡᠨ ᠮᠤᠩᠭᠤᠯ ᠦᠨᠳᠤᠰᠤᠳᠡᠨ ᠤ ᠲᠤᠮᠳᠠ ᠠᠩᠬ᠎ᠠ ᠪᠤᠢ ᠪᠤᠯᠵᠤ ᠪᠠᠶᠢᠭ᠎ᠠ ︽ᠲᠤᠯᠢ ᠪᠢᠴᠢᠭ ᠤᠨ ᠨᠤᠮ ᠤᠨ ᠰᠠᠩ︾ ᠡᠷᠬᠢᠯᠡᠭᠰᠡᠨ ᠮᠦᠡᠭᠭᠡᠳᠠᠯᠠᠢ ᠭᠡᠭᠴᠢ ᠮᠠᠯᠴᠢᠨ ᠤ ᠦᠢᠯᠨ ᠠᠵᠢᠯᠯᠠᠭ᠎ᠠ ᠨᠢ ᠤᠯᠠᠨ ᠤ ᠰᠤᠨᠢᠷᠬᠠᠯ ᠢ ᠲᠠᠳᠠᠨ᠎ᠠ᠃
    ᠢᠢᠨ ᠭᠦ ᠦᠪᠤᠷ ᠮᠤᠩᠭᠤᠯ ᠤᠨ ᠮᠤᠩᠭᠤᠯ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ ᠰᠤᠷᠪᠤᠯᠵᠢᠯᠠᠭ᠎ᠠ ᠶᠢᠨ ᠲᠤᠭᠤᠢᠢᠯᠠᠩ ᠤᠨ ᠬᠢᠨ ᠦᠤᠰᠢᠨ ᠬᠤᠰᠢᠭᠤᠨ ᠤ ᠲᠤᠭ ᠪᠠᠯᠭᠠᠰᠤᠨ ᠳᠤ ᠪᠠᠶᠢᠷᠢᠯᠠᠭ᠎ᠠ ᠮᠦᠡᠭᠭᠡᠳᠠᠯᠠᠢ ᠶᠢᠨ ︽ᠮᠤᠩᠭᠤᠯ ᠲᠤᠯᠢ ᠪᠢᠴᠢᠭ ᠤᠨ ᠬᠦᠷᠢᠶᠡᠯᠡᠩ︾ ᠳᠤ ᠬᠦᠷᠴᠤ ᠰᠤᠷᠪᠤᠯᠵᠢᠯᠠᠵᠤ ᠪᠢᠯᠡ᠃ 138 ᠲᠡᠭᠰᠢ ᠲᠦᠷᠪᠡᠯᠵᠢᠨ ᠮᠧᠲᠷ ᠤᠨ ᠦᠷᠦᠭᠡᠨ ᠳᠤ ᠲᠦᠬᠦᠷᠡᠩ ᠦᠷᠦᠭᠡᠰᠤᠳᠠᠢ ᠨᠢ ᠴᠦᠮ ᠡᠯᠳᠡᠪ ᠵᠦᠢᠯ ᠤᠨ ᠲᠤᠯᠢ ᠪᠢᠴᠢᠭ ᠪᠠᠶᠢᠵᠦ᠂ ᠮᠤᠩᠭᠤᠯ ᠬᠡᠯᠡ ᠦᠰᠦᠭ ᠪᠢᠴᠢᠭ ᠲᠠᠢ ᠬᠠᠮᠢᠶᠠᠳᠠᠭᠰᠠᠨ ᠪᠦᠬᠦᠢ ᠯᠡ ᠬᠦᠷᠢᠶ᠎ᠠ ᠴᠠᠷᠠᠭᠠᠨ ᠤ ᠲᠤᠯᠢ ᠪᠢᠴᠢᠭ ᠡ᠊ᠨᠳᠡ ᠲᠤᠳᠠᠬᠤ ᠪᠠᠷ ᠦᠭᠡᠢ ᠰᠠᠨᠠᠭᠳᠠᠭᠤᠯᠤᠨ᠎ᠠ᠃     ᠮᠦᠡᠭᠭᠡᠳᠠᠯᠠᠢ ᠶᠢᠨ ᠴᠤᠭᠯᠠᠭᠤᠯᠤᠭᠰᠠᠨ ᠲᠤᠯᠢ ᠪᠢᠴᠢᠭ ᠤᠨ ᠬᠦᠷᠢᠶ᠎ᠠ ᠴᠠᠷᠠᠭ᠎ᠠ ᠶᠢ ᠶᠠᠷᠢᠬᠤ ᠳᠤ ᠲᠦᠷᠰᠦᠯᠡᠯ ᠲᠠᠩᠴᠤ ᠬᠤᠪᠤᠷᠳᠠᠨ᠎ᠠ ᠁     ᠲᠡᠭᠦᠨ ᠤ ᠤᠳᠤ ᠶᠢᠨ ᠨᠤᠮ ᠤᠨ ᠰᠠᠩ ᠳᠤ ᠲᠡᠯᠭᠡᠵᠤ ᠪᠠᠶᠢᠭ᠎ᠠ ᠲᠤᠯᠢ ᠪᠢᠴᠢᠭ 2400 ᠭᠠᠷᠤᠢ ᠪᠤᠢ᠃ ᠡᠬᠦᠨ ᠳᠤ ᠲᠤᠰᠤᠨ ᠲᠠᠷᠤᠮᠠᠯ᠂ ᠭᠠᠷ ᠪᠢᠴᠢᠮᠡᠯ᠂ ᠮᠤᠳᠤᠨ ᠪᠠᠷ᠂ ᠲᠤᠭᠤᠯᠭᠠᠨ ᠪᠠᠷ ᠢᠶᠠᠷ ᠬᠡᠪᠯᠡᠭᠳᠡᠭᠰᠡᠨ ᠨᠤᠮ ᠰᠤᠳᠤᠷ ᠤᠳ ᠲᠠᠯᠪᠢᠭᠠᠰᠤᠲᠠᠢ ᠪᠠᠶᠢᠵᠦ᠂ 18 ᠳ᠋ᠤᠭᠠᠷ ᠵᠠᠭᠤᠨ ᠤ ᠦᠶ᠎ᠠ ᠶᠢᠨ ᠤᠯᠳᠠᠮᠠᠯ ᠲᠤᠯᠢ ᠪᠢᠴᠢᠭ ᠠᠴᠠ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠤ ᠲᠠᠷᠠᠭᠠᠬᠢ ᠠᠩᠬᠠᠨ ᠤ ᠲᠤᠯᠢ ᠪᠢᠴᠢᠭ ᠬᠦᠷᠳᠡᠯ᠎ᠠ᠂ ᠲᠡᠭᠡᠷ᠎ᠠ ᠵᠠᠭᠤᠨ ᠤ ᠵᠢᠷᠨ ᠲᠠᠯᠠᠭᠠᠳ ᠤᠨ ᠠᠴᠠ ᠰᠢᠨ᠎ᠠ ᠵᠠᠭᠤᠨ ᠤ ᠲᠤᠮᠤᠬᠠᠨ ᠲᠤᠯᠢ ᠬᠦᠷᠳᠡᠯ᠎ᠠ ᠪᠠᠷᠤᠭ ᠪᠦᠷᠢᠨ ᠬᠠᠳᠠᠭᠠᠯᠠᠭᠳᠠᠨ᠎ᠠ᠃ ᠴᠤᠭᠯᠠᠭᠤᠯᠤᠭᠰᠠᠨ ᠬᠦᠷᠢᠶ᠎ᠠ ᠴᠠᠷᠠᠭᠠᠨ ᠤ ᠲᠠᠯ᠎ᠠ ᠠᠴᠠ ᠤᠷᠤᠰ᠂ ᠮᠤᠩᠭᠤᠯ᠂ ᠶᠠᠫᠤᠨ᠂ ᠭᠧᠷᠮᠠᠨ ᠂ ᠠᠮᠧᠷᠢᠺᠠ ᠭᠡᠳ ᠰᠤᠷᠠᠬ ᠤᠯᠳᠠᠭᠰᠠᠨ ᠭᠠᠵᠠᠷ ᠪᠦᠬᠦᠨ ᠠᠴᠠ ᠡᠷᠢᠵᠤ ᠪᠠᠳᠢᠷᠯᠠᠪᠠ᠃
    ᠮᠦᠡᠭᠭᠡᠳᠠᠯᠠᠢ ᠶᠢᠨ ᠲᠤᠯᠢ ᠪᠢᠴᠢᠭ ᠴᠤᠭᠯᠠᠭᠤᠯᠵᠤ ᠶᠠᠪᠤᠭᠰᠠᠨ ︽ᠭᠠᠯ ᠠᠶᠠᠨ︾ ᠤ ᠡᠬᠢᠯᠡᠯᠳᠡ ᠨᠢ ᠵᠦᠭᠡᠷ ᠯᠠ ᠦᠪᠡᠷ ᠤᠨ ᠪᠡᠶ᠎ᠠ ᠳᠤ ᠠᠰᠢᠭᠯᠠᠬᠤ ᠪᠠᠷ ᠬᠡᠳᠦᠨ ᠲᠤᠯᠢ ᠪᠢᠴᠢᠭ ᠲᠠᠢ ᠪᠤᠯᠤᠶ᠎ᠠ ᠭᠡᠰᠡᠨ ᠵᠢᠵᠢᠭᠭᠡᠨ ᠵᠤᠷᠢᠯᠭ᠎ᠠ ᠪᠠᠶᠢᠭᠰᠠᠨ ᠪᠤᠯ ᠶᠠᠪᠠᠭᠠᠨ ᠳᠠᠭᠠᠨ ᠲᠤᠯᠢ ᠪᠢᠴᠢᠭ ᠴᠤᠭᠯᠠᠭᠤᠯᠬᠤ ᠲᠤᠷ᠎ᠠ ᠰᠤᠨᠢᠷᠬᠠᠯ ᠲᠠᠢ ᠪᠤᠯᠵᠤ᠂ ᠪᠦᠷ ᠰᠡᠬᠦᠯ ᠳᠤᠨᠢ ᠦᠨᠳᠤᠰᠤᠳᠡᠨ ᠤ ᠡᠭᠡ ᠬᠡᠯᠡ ᠳᠡᠭᠡᠨ ᠬᠤᠪᠢ ᠨᠡᠮᠡᠷᠢ ᠦᠵᠡᠭᠦᠯᠬᠦ ᠠᠭᠤᠤ ᠬᠦᠰᠡᠯᠡᠩ ᠪᠤᠯᠵᠤ ᠲᠡᠯᠡᠭᠰᠡᠨ ᠢᠶᠠᠨ ᠲᠡᠷᠡ ᠨᠢᠭᠤᠯᠳᠠ ᠦᠭᠡᠢ ᠶᠠᠷᠢᠵᠤ ᠪᠠᠶᠢᠯ᠎ᠠ᠃     ᠬᠦᠭᠡᠬᠤᠳᠠ ᠳᠤ ᠨᠤᠮ ᠴᠤᠭᠯᠠᠭᠤᠯᠵᠤ ᠪᠠᠶᠢᠭᠰᠠᠨ ᠲᠡᠷᠡ ᠪᠠᠷ ᠡᠨᠡ ᠵᠢᠯ ᠲᠦᠷᠦᠭᠰᠡᠨ ᠨᠤᠳᠤᠭ ᠦᠤᠰᠢᠨ ᠬᠤᠰᠢᠭᠤᠨ ᠳᠠᠭᠠᠨ ᠪᠤᠴᠠᠵᠤ ︽ᠮᠤᠩᠭᠤᠯ ᠲᠤᠯᠢ ᠪᠢᠴᠢᠭ ᠤᠨ ᠬᠦᠷᠢᠶᠡᠯᠡᠩ︾ ᠢᠶᠠᠨ ᠨᠡᠭᠡᠭᠡᠬᠦ ᠪᠤᠯᠤᠭᠰᠠᠨ ᠢ ᠨᠤᠳᠤᠭ ᠤᠰᠤᠨ ᠤ ᠬᠢᠨ ᠲᠡᠬᠦᠨ ᠢ ᠬᠠᠯᠠᠭᠤᠨ ᠢᠶᠠᠷ ᠲᠡᠮᠵᠢᠵᠤ᠂ ᠲᠤᠭ ᠪᠠᠯᠭᠠᠰᠤᠨ ᠤ ᠨᠠᠮ ᠵᠠᠰᠠᠭ ᠤᠨ ᠬᠢᠨ ᠲᠡᠬᠦᠨ ᠳᠤ 138 ᠲᠡᠭᠰᠢ ᠲᠦᠷᠪᠡᠯᠵᠢᠨ ᠮᠧᠲᠷ ᠪᠦᠬᠦᠢ ᠨᠠᠷᠢᠯᠢᠭ ᠶᠠᠩᠵᠤᠯᠠᠭᠰᠠᠨ ᠨᠤᠮ ᠤᠨ ᠦᠷᠦᠭᠡ ᠭᠠᠷᠭᠠᠵᠤ ᠲᠡᠮᠵᠢᠭᠰᠡᠨ ᠨᠢ ᠮᠦᠡᠭᠭᠡᠳᠠᠯᠠᠢ ᠶᠢᠨ ᠬᠦᠮᠦᠨ ᠤ ᠨᠤᠳᠤᠭ ᠲᠤ ᠬᠦᠷᠳᠡᠭᠡ ᠦᠭᠡᠢ ᠶᠡᠭᠡ ᠬᠠᠯᠠᠮᠵᠢ ᠪᠠᠶᠢᠪᠠ᠃ ᠡᠶᠢᠨ ᠬᠦ ᠮᠦᠡᠭᠭᠡᠳᠠᠯᠠᠢ ᠶᠢᠨ ︽ᠶᠡᠭᠡ ᠨᠡᠬᠦᠳᠡᠯ︾ ᠡᠬᠢᠯᠡᠬᠦ ᠳᠤ᠂ ᠲᠡᠷᠡ ᠬᠦᠬᠡᠬᠤᠳᠠ ᠠᠴᠠ 36 ᠲᠤᠨ ᠪᠤᠶᠤ 5 ᠲᠦᠮᠡᠨ ᠲᠡᠪᠳᠡᠷ ᠨᠤᠮ ᠠᠪᠴᠢᠷᠠᠯ᠎ᠠ ᠭᠡᠳᠡᠭ᠃ ᠡᠬᠦᠨ ᠤ ᠲᠤᠳᠤᠷ᠎ᠠ᠂ ᠲᠡᠬᠦᠨ ᠤ ᠨᠤᠮ ᠤᠨ ᠰᠠᠩ ᠳᠤ ᠲᠡᠯᠭᠡᠭᠳᠡᠭᠰᠡᠨ ᠪᠠ ᠲᠡᠯᠭᠡᠭᠳᠡᠭᠡ ᠦᠭᠡᠢ᠂ ᠲᠠᠪᠬᠤᠷᠳᠠᠭᠰᠠᠨ ᠪᠠ ᠲᠠᠪᠬᠤᠷᠳᠠᠭ᠎ᠠ ᠦᠭᠡᠢ᠂ ᠲᠠᠬᠢᠭᠠᠳ ᠤᠯᠳᠠᠬᠤ ᠦᠭᠡᠢ ᠲᠤᠯᠢ ᠪᠢᠴᠢᠭ 4000 ᠭᠠᠷᠤᠢ ᠪᠠᠶᠢᠯ᠎ᠠ᠃ ᠡᠨᠡ ᠪᠤᠯ ᠲᠡᠬᠦᠨ ᠤ ᠡᠨᠡ ᠨᠠᠰᠤᠨ ᠳᠠᠭᠠᠨ ᠴᠢᠷᠮᠠᠶᠢᠭᠰᠠᠨ ᠤ ᠦᠷ᠎ᠠ ᠳ᠋ᠦᠩ ᠪᠠᠶᠢᠵᠤ᠂ ᠦᠨᠳᠤᠰᠤᠳᠡᠨ ᠤ ᠰᠤᠶᠤᠯ ᠤᠨ ᠤᠯᠳᠠᠰᠢ ᠦᠭᠡᠢ ︽ᠬᠤᠪᠤᠷ ᠡᠷᠳᠡᠨᠢ︾ ᠪᠤᠯᠵᠡᠢ᠃
    ᠲᠤᠯᠢ ᠪᠢᠴᠢᠭ ᠭᠡᠭᠴᠢ ᠪᠠᠭᠰᠢ ᠠᠳᠠᠯᠢ᠂ ᠦᠨᠳᠤᠰᠤᠳᠡᠨ ᠤ ᠠᠮᠢ ᠪᠤᠯᠤᠭᠰᠠᠨ ᠦᠰᠦᠭ ᠪᠢᠴᠢᠭ ᠤᠨ ᠠᠯᠳᠠᠭ᠎ᠠ ᠶᠢ ᠴᠢᠨᠢ ᠲᠤᠯᠢ ᠪᠢᠴᠢᠭ ᠵᠠᠯᠠᠷᠠᠭᠤᠯᠵᠤ ᠦᠭᠬᠦᠨ᠎ᠠ᠃ ᠲᠤᠯᠢ ᠪᠢᠴᠢᠭ ᠢ ᠲᠤᠯᠢ ᠭᠡᠵᠤ ᠨᠡᠷᠡᠯᠡᠭᠰᠡᠨ ᠨᠢ ᠲᠡᠷᠤᠢ ᠪᠢᠳᠠᠨ ᠤ ᠡᠳᠦᠷ ᠲᠤᠳᠤᠮ ᠤᠨ ᠪᠡᠶ᠎ᠠ ᠪᠠᠨ ᠲᠤᠯᠢᠳᠠᠳᠠᠭ ᠲᠤᠯᠢ ᠲᠠᠢ ᠠᠳᠠᠯᠢ ᠤᠳᠬ᠎ᠠ ᠪᠠᠷ ᠵᠦᠢᠷᠯᠡᠭᠰᠡᠨ ᠤ ᠬᠢ ᠪᠠᠶᠢᠬ᠎ᠠ᠃ ᠨᠤᠮ ᠪᠢᠴᠢᠭ ᠴᠤᠭᠯᠠᠭᠤᠯᠵᠤ᠂ ᠦᠪᠡᠷ ᠤᠨ ᠦᠭᠡ ᠬᠡᠯᠡ ᠦᠰᠦᠭ ᠪᠢᠴᠢᠭ ᠢᠶᠠᠨ ᠬᠡᠷᠡᠭᠯᠡᠬᠦ ᠳᠤ ᠲᠤᠯᠢᠳᠠᠬᠤ ᠭᠡᠰᠡᠨ ᠤ ᠤᠯᠠᠮ ᠢᠶᠠᠷ ᠲᠤᠯᠢ ᠪᠢᠴᠢᠭ ᠴᠤᠭᠯᠠᠭᠤᠯᠵᠤ ᠡᠬᠢᠯᠡᠭᠰᠡᠨ ᠮᠦᠡᠭᠭᠡᠳᠠᠯᠠᠢ ᠨᠢᠭᠡ ᠮᠡᠳᠡᠬᠦ ᠳᠤ ᠦᠷᠦᠭᠡ ᠲᠦᠬᠦᠷᠡᠩ ᠦᠨ᠎ᠠ ᠴᠠᠨ᠎ᠠ ᠲᠠᠢ ᠲᠤᠯᠢ ᠪᠢᠴᠢᠭ ᠲᠠᠢ ᠪᠤᠯᠵᠤ᠂ ᠨᠢᠭᠡ ᠮᠡᠳᠡᠬᠦ ᠳᠤ ᠦᠪᠡᠷ ᠤᠨ ᠦᠨᠳᠤᠰᠤᠳᠡᠨ ᠳᠡᠭᠡᠨ ᠬᠢᠵᠠᠭᠠᠯᠠᠰᠢ ᠦᠭᠡᠢ ᠬᠤᠪᠢ ᠨᠡᠮᠡᠷᠢ ᠦᠵᠡᠭᠦᠯᠦᠭᠰᠡᠨ ᠪᠠᠶᠢᠯ ᠎ᠠ᠃     ᠦᠤᠰᠢᠨ ᠬᠤᠰᠢᠭᠤᠨ ᠤ ᠲᠤᠭ ᠪᠠᠯᠭᠠᠰᠤᠨ ᠳᠤ ᠨᠡᠭᠡᠭᠡᠭᠰᠡᠨ ᠵᠢᠵᠢᠭᠭᠡᠨ ︽ᠮᠤᠩᠭᠤᠯ ᠲᠤᠯᠢ ᠪᠢᠴᠢᠭ ᠤᠨ ᠬᠦᠷᠢᠶᠡᠯᠡᠩ︾ ᠪᠦᠬᠦᠳᠡ ᠮᠤᠩᠭᠤᠯᠴᠤᠳ ᠤᠨ ᠲᠤᠮᠳᠠ ᠲᠡᠳᠦᠢ ᠯᠠ ᠴᠠᠯᠬᠢᠶ᠎ᠠ ᠭᠠᠷᠤᠭ᠎ᠠ ᠦᠭᠡᠢ᠂ ᠴᠢᠨᠠᠭᠰᠢᠯᠠᠨ ᠮᠤᠩᠭᠤᠯ ᠡᠷᠳᠡᠮᠳᠡᠨ ᠮᠡᠷᠭᠡᠳ ᠤᠨ ᠲᠤᠮᠳᠠ ᠲᠡᠶᠢᠮᠤ ᠴᠤ ᠱᠤᠤᠬᠢᠶᠠᠨ ᠪᠤᠯᠤᠭ᠎ᠠ ᠦᠭᠡᠢ ᠨᠢ ᠦᠨᠡᠨ ᠪᠠᠶᠢᠯ᠎ᠠ ᠴᠤ ᠮᠤᠩᠭᠤᠯ ᠰᠤᠳᠤᠯᠤᠯ ᠲᠠᠢ ᠭᠡᠳᠦᠨ ᠶᠡᠭᠡ ᠰᠤᠷᠭᠠᠭᠤᠯᠢ ᠬᠦᠷᠢᠶᠡᠯᠡᠩ — ᠨᠡᠶᠢᠰᠯᠡᠯ ᠪᠡᠭᠡᠵᠢᠩ ᠤᠨ ᠨᠤᠮ ᠤᠨ ᠰᠠᠩ ᠤᠨ ᠮᠡᠷᠭᠡᠵᠢᠯᠳᠡᠨ᠂ ᠦᠪᠤᠷ ᠮᠤᠩᠭᠤᠯ ᠤᠨ ᠨᠤᠮ ᠤᠨ ᠰᠠᠩ᠂ ᠦᠪᠤᠷ ᠮᠤᠩᠭᠤᠯ ᠤᠨ ᠶᠡᠭᠡ ᠰᠤᠷᠭᠠᠭᠤᠯᠢ᠂ ᠦᠪᠤᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠵᠡᠷᠭᠡ ᠨᠡᠷᠡᠳᠤ ᠪᠠᠶᠢᠭᠤᠯᠭ᠎ᠠ ᠨᠢᠭᠡᠴᠢ ᠤᠳᠠᠭ᠎ᠠ ᠲᠠᠷᠠᠭᠠᠯᠠᠨ ᠲᠡᠬᠦᠨ ᠠᠴᠠ ᠲᠤᠯᠢ ᠪᠢᠴᠢᠭ ᠬᠠᠭᠤᠯᠪᠤᠷᠢᠯᠠᠬᠤ ᠪᠤᠶᠤ ᠵᠠᠯᠠᠵᠤ ᠡᠬᠢᠯᠡᠭᠰᠡᠨ ᠭᠡᠳᠡᠭ᠃ ᠡᠨᠡ ᠨᠢ ᠲᠡᠬᠦᠨ ᠤ ᠡᠨᠡ ᠬᠦ ᠨᠦᠷᠢ ᠬᠦᠳᠡᠯᠮᠤᠷᠢ ᠶᠢ ᠨᠡᠶᠢᠬᠡᠮ ᠨᠡᠶᠢᠳᠡ ᠶᠢᠨ ᠬᠢᠨ ᠡᠬᠢᠯᠡᠨ ᠮᠡᠳᠡᠷᠡᠵᠤ ᠪᠠᠶᠢᠭ᠎ᠠ ᠭᠡᠷᠡᠭ᠂ ᠲᠡᠷᠡᠴᠢᠯᠡᠨ ᠦᠨᠡᠯᠡᠰᠢ ᠦᠭᠡᠢ ᠬᠤᠪᠤᠷᠬᠠᠨ ︽ᠪᠦᠳᠦᠭᠡᠯ︾ ᠤᠨ ᠬᠢᠨᠢ ᠦᠨ᠎ᠠ ᠴᠠᠨ᠎ᠠ ᠶᠢ ᠮᠡᠳᠡᠷᠡᠵᠤ ᠪᠠᠶᠢᠭ᠎ᠠ ᠤᠴᠢᠷ ᠪᠢᠯᠡ᠃ ᠮᠦᠡᠭᠭᠡᠳᠠᠯᠠᠢ ᠶᠢᠨ ᠰᠤᠶᠤᠯ ᠤᠨ ︽ᠠᠶᠠᠨ︾ ᠡᠨᠡᠤᠭᠡᠨ ᠢᠶᠠᠷ ᠵᠤᠭᠰᠤᠭ᠎ᠠ ᠦᠭᠡᠢ᠂ ᠵᠤᠭᠰᠤᠬᠤ ᠪᠠᠷ ᠴᠤ ᠦᠭᠡᠢ ᠦᠷᠬᠦᠯᠵᠢᠯᠡᠵᠤ ᠪᠠᠶᠢᠨ᠎ᠠ᠃  
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号