10 ᠮᠠᠯᠴᠢᠨ ᠵᠤᠬᠢᠶᠠᠯᠴᠢ ᠲᠠᠢ ︽ᠠᠮᠠᠨ ᠰᠢᠯᠦᠭ︾ ᠤᠨ ᠬᠤᠯᠪᠤᠭ᠎ᠠ
ᠨᠡᠶᠢᠲᠡᠯᠡᠭᠰᠡᠨ ᠴᠠᠭ᠄
2019-12-09
    11 ᠰᠠᠷ᠎ᠠ ᠶᠢᠨ 29 ᠤ ᠦᠳᠡ ᠶᠢᠨ ᠬᠤᠶᠢᠨ᠎ᠠ᠂ ᠮᠠᠨ ᠤ ᠰᠤᠷᠪᠤᠯᠵᠢᠯᠠᠬᠤ ᠲᠤᠭᠤᠢᠢᠯᠠᠩ ᠤᠨ ᠬᠢᠨ ᠦᠤᠰᠢᠨ ᠬᠤᠰᠢᠭᠤᠨ ᠤ ᠰᠦᠯᠳᠡ ᠰᠤᠮᠤᠨ ᠳᠤ ᠬᠦᠷᠦᠭᠰᠡᠨ ᠤ ᠲᠠᠷᠠᠭᠠᠬᠠᠨ ᠰᠤᠮᠤᠨ ᠤ ᠤᠬᠠᠭᠤᠯᠬᠤ ᠬᠡᠰᠢᠬᠦᠨ ᠲᠡᠷᠭᠡᠯ ᠮᠠᠯᠴᠢᠨ ᠡᠷᠳᠡᠮᠳᠤ ᠳᠤ ᠤᠳᠠᠰᠤᠳᠠᠬᠤ ᠵᠠᠭᠤᠷ᠎ᠠ ᠲᠡᠳᠡᠨ ᠤ ᠳᠤ ᠶᠠᠭ ᠰᠠᠶᠢᠬᠠᠨ ᠬᠡᠳᠦᠨ ᠮᠠᠯᠴᠢᠨ ᠰᠢᠯᠦᠭᠴᠢ ᠴᠤᠭᠯᠠᠷᠠᠵᠦ ᠪᠠᠶᠢᠬᠤ ᠰᠤᠷᠠᠭ ᠤᠯᠪᠠ᠃ ᠢᠡᠭᠭᠢᠭᠡᠳ ᠪᠢᠳᠠ ᠲᠤᠰ ᠰᠣᠮᠣᠨ ᠤ ᠱᠠᠷᠯᠢᠭ ᠭᠠᠴᠠᠭᠠᠨ ᠤ ᠮᠠᠯᠴᠢᠨ ᠰᠤᠶᠤᠯᠴᠢᠮᠡᠭ ᠤᠨ ᠳᠤ ᠰᠤᠷᠪᠤᠯᠵᠢᠯᠠᠭ᠎ᠠ ᠪᠠᠨ ᠲᠠᠭᠤᠰᠬᠠᠮᠠᠭᠴᠠ ᠴᠤᠤᠳᠠᠢ ᠭᠠᠴᠠᠭ᠎ᠠ ᠶᠢᠨ ᠡᠷᠳᠡᠮᠳᠤ ᠶᠢᠨ ᠬᠢ ᠶᠢ ᠴᠢᠭᠯᠡᠭᠰᠡᠨ ᠶᠤᠮ᠃     ᠦᠤᠰᠢᠨ ᠬᠤᠰᠢᠭᠤᠨ ᠤ ᠰᠦᠯᠳᠠ ᠰᠤᠮᠤ᠂ ᠭᠠᠯᠠᠭᠤᠳᠤ ᠪᠠᠯᠭᠠᠰᠤ ᠪᠠ ᠤᠯᠠᠭᠠᠨᠳᠤᠯᠤᠭᠠᠢ ᠪᠠᠯᠭᠠᠰᠤ ᠶᠢᠨ ᠱᠠᠷᠯᠢᠭ᠂ ᠴᠤᠤᠳᠠᠢ᠂ ᠲᠠᠯ᠎ᠠ ᠶᠢᠨ ᠤᠰᠤ᠂ ᠰᠠᠷᠠᠭᠤᠯᠨᠤᠳᠤᠭ᠂ ᠪᠠᠶ᠋ᠬᠠᠦ᠋ᠨᠳᠦᠷ᠂ ᠪᠠᠶᠠᠨᠰᠢᠯᠢ᠂ ᠪᠠᠶᠠᠨᠭᠤᠤᠯ ᠵᠡᠷᠭᠡ 7 ᠭᠠᠴᠠᠭ᠎ᠠ ᠠᠴᠠ ᠪᠠᠷᠭᠤᠵᠢᠨ ᠤᠶᠤᠨᠳᠠᠯᠠᠢ᠂ ᠬᠠᠷᠠᠬᠳᠠᠨ ᠵᠠᠩᠭᠠᠪᠠᠭᠠᠳᠤᠷ᠂ ᠲᠠᠭᠤᠳᠠᠭᠠᠴᠢ ᠰ᠊ · ᠬᠠᠰᠪᠠᠭᠠᠨ᠎ᠠ᠂ ᠡᠷᠳᠡᠮᠳᠦ᠂ ᠠᠯᠳᠠᠨᠵᠢᠮᠢᠰ᠂ ᠮᠦᠡᠭᠭᠡᠪᠠᠭᠠᠳᠤᠷ᠂ ᠨᠠᠴᠤᠭᠳᠤᠷᠵᠢ᠂ ᠸᠴᠢᠷᠬᠤᠶᠠᠭ᠂ ᠭᠤᠸ᠎ᠠ ᠵᠡᠷᠭᠡ 10 ᠮᠠᠯᠴᠢᠨ ᠵᠤᠬᠢᠶᠠᠯᠴᠢ ᠨᠠᠶᠢᠷ ᠲᠤ ᠬᠦᠷᠦᠯᠴᠠᠨ ᠢᠷᠡᠵᠦ ᠤᠷᠤᠯᠴᠠᠵᠠᠢ᠃ ︽ᠵᠢᠷᠬᠢᠶ᠎ᠠ ᠲᠠᠬᠡᠷ᠎ᠠ ᠪᠢᠳᠠ ︿ᠠᠮᠠᠨ ᠰᠢᠯᠦᠭ﹀ ᠬᠡᠰᠡᠨ ᠬᠤᠯᠪᠤᠭ᠎ᠠ ᠲᠠᠢ ᠶᠤᠮ᠂ ᠤᠳᠤᠬᠠᠨ ᠳᠤ 13 ᠬᠡᠰᠢᠬᠦᠨ ᠲᠠᠢ᠃ 2018 ᠤᠨ ᠤ 6 ᠰᠠᠷ᠎ᠠ ᠳᠤ ᠠᠩᠬ᠎ᠠ ᠪᠠᠶᠢᠭᠤᠯᠤᠭᠳᠠᠬᠤ ᠳᠠᠭᠠᠨ ᠮᠠᠨ ᠤ ︿ᠠᠮᠠᠨ ᠰᠢᠯᠦᠭ﹀ ᠤᠨ ᠬᠤᠯᠪᠤᠭ᠎ᠠ ᠶᠢᠨ ᠬᠢᠨ ᠨᠢᠭᠤᠷᠳᠠᠨ ᠰᠠᠭᠤᠵᠤ ᠵᠤᠬᠢᠶᠠᠯ ᠪᠦᠳᠦᠭᠡᠯ ᠢᠶᠠᠨ ᠶᠠᠷᠢᠯᠴᠠᠨ ᠤᠶᠠᠩᠭᠠᠯᠠᠵᠦ ᠠᠩᠬᠠᠨ ᠤ ᠨᠠᠶᠢᠷ ᠢᠶᠠᠨ ᠬᠢᠵᠠᠢ᠂ ᠡᠨᠡ ᠡᠳᠤᠷ ᠪᠢᠳᠠ ᠬᠤᠶᠠᠳᠤᠭᠠᠷ ᠤᠳᠠᠭ᠎ᠠ ᠶᠢᠨ ᠨᠠᠶᠢᠷ ᠢᠶᠠᠨ ᠡᠷᠬᠢᠯᠡᠨ ᠬᠢᠵᠦ ᠪᠠᠶᠢᠨ᠎ᠠ︾ ᠬᠡᠵᠦ ᠡᠷᠳᠡᠮᠳᠤ ᠰᠤᠷᠪᠤᠯᠵᠢᠯᠠᠭᠴᠢ ᠳᠤ ᠶᠠᠷᠢᠵᠦ ᠪᠠᠶᠢᠯ᠎ᠠ᠃
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号