ᠬᠠᠰᠪᠠᠶᠠᠷ ᠤᠨ ︽ᠪᠠᠶᠠᠰᠤᠯ︾ ᠲᠠᠢ ᠦᠨᠦᠳᠦᠷ
ᠨᠡᠶᠢᠲᠡᠯᠡᠭᠰᠡᠨ ᠴᠠᠭ᠄
2018-10-18
           ᠪᠠᠶᠠᠨᠨᠠᠭᠤᠷ ᠤᠨ ᠴᠠᠶᠢᠳᠠᠮ ᠤᠨ ᠪᠠᠷᠠᠭᠤᠨ ᠳᠡᠨᠵᠢᠨ ᠳᠤ ᠶᠡᠭᠡ ᠪᠠᠭ᠎ᠠ ᠠᠷᠪᠠᠠ ᠮᠤᠩᠭᠤᠯ ᠬᠡᠷ ᠰᠡᠬᠦ᠋ᠢᠨ ᠰᠦᠨᠳᠡᠷᠯᠡᠵᠦ᠂ ᠴᠠᠶᠢᠳᠠᠮ ᠳᠤ ᠪᠡᠯᠴᠢᠬᠦ ᠳᠠᠨᠠᠠ ᠴᠠᠭᠠᠠ ᠰᠦᠷᠦᠭ ᠲᠠᠢ ᠪᠠᠨ ᠴᠠᠶᠢᠯᠵᠠᠠ ᠮᠦᠴᠡᠬᠡᠷᠬᠡᠵᠦ ᠨᠤᠭᠤᠭᠠᠠ ᠳᠠᠯ᠎ᠠ ᠳᠤ ᠰᠤᠪᠤᠳ ᠰᠢᠬᠢᠳᠬᠡᠭᠰᠡᠡ ᠰᠢᠭ ᠤᠨᠴᠠ ᠶᠢᠨ ᠭᠤᠶᠤᠬᠠᠠ᠃ ᠡᠨᠡ ᠪᠤᠯ ᠦᠤᠰᠢᠨ ᠬᠤᠰᠢᠭᠤᠨ ᠤ ᠳᠤᠬ ᠪᠠᠯᠭᠠᠰᠤᠨ ᠤ ᠮᠠᠯᠴᠢᠨ ᠬᠠᠰᠪᠠᠶᠠᠷ ᠤᠨ ᠡᠷᠬᠢᠯᠡᠭᠰᠡᠡ ︽ᠮᠠᠯᠴᠢᠳ ᠤᠨ ᠪᠠᠶᠠᠰᠤᠯ︾ ᠪᠤᠯᠤᠨ᠎ᠠ᠃ ᠬᠠᠰᠪᠠᠶᠠᠷ 1986 ᠤᠨ ᠳᠤ ᠦᠨᠳᠦᠷ ᠳᠤᠮᠳᠠᠳᠤ ᠪᠠᠨ ᠳᠡᠬᠦᠰᠬᠡᠬᠦ ᠳᠤ ᠠᠪᠤ ᠨᠢ ᠴᠡᠩᠬᠡᠷ ᠬᠠᠷᠠᠩ ᠡᠪᠡᠳᠴᠢᠨ ᠳᠤ ᠨᠡᠷᠪᠡᠭᠳᠡᠵᠦ᠂ ᠡᠵᠢ ᠨᠢ ᠬᠦᠯ ᠮᠠᠭᠤ ᠪᠤᠯᠤᠭᠰᠠᠠ ᠢᠶᠠᠷ ᠰᠤᠷᠭᠠᠭᠤᠯᠢ ᠰᠤᠶᠤᠯ ᠤᠨ ᠮᠦᠷ ᠢ ᠦᠷᠬᠦᠯᠵᠢᠯᠡᠡ ᠬᠦᠬᠡᠬᠡᠬᠦ ᠪᠤᠯᠤᠮᠵᠢ ᠦᠬᠡᠶᠢᠳᠡᠵᠦ ᠠᠷᠤ ᠬᠡᠷ ᠲᠡᠭᠡᠨ ᠬᠠᠷᠢᠵᠦ ᠢᠷᠡᠵᠠᠢ᠃ ᠳᠡᠷᠡ 1996 — 2006 ᠤᠨ ᠪᠤᠯᠳᠠᠯ᠎ᠠ ᠬᠤᠸᠠᠳᠤᠯᠤᠭᠠᠢ ᠭᠠᠴᠠᠭᠠᠠ ᠤ ᠨᠠᠮ ᠤᠨ ᠡᠬᠦᠷ ᠤᠨ ᠱᠦᠵᠢ᠂ ᠬᠤᠸᠠᠳᠤᠯᠤᠭᠠᠢ ᠭᠠᠴᠠᠭ᠎ᠠ ᠪᠤᠯᠤᠨ ᠳᠠᠷᠬᠠᠨᠯᠠᠮ᠎ᠠ ᠭᠠᠴᠠᠭ᠎ᠠ ᠨᠡᠶᠢᠯᠡᠬᠡᠳ ᠪᠠᠶᠠᠨᠨᠠᠭᠤᠷ ᠭᠠᠴᠠᠭ᠎ᠠ ᠪᠤᠯᠤᠭᠰᠠᠠ ᠤ ᠳᠠᠷᠠᠭ᠎ᠠ᠂ 2006 — 2009 ᠤᠨ ᠪᠤᠯᠳᠠᠯ᠎ᠠ ᠳᠡᠳ᠋ ᠭᠠᠴᠠᠭ᠎ᠠ ᠳᠠᠷᠤᠭ᠎ᠠ᠂ 2012 — 2015 ᠤᠨ ᠪᠤᠯᠳᠠᠯ᠎ᠠ ᠪᠠᠶᠠᠨᠨᠠᠭᠤᠷ ᠭᠠᠴᠠᠭᠠᠠ ᠤ ᠭᠠᠴᠠᠭ᠎ᠠ ᠳᠠᠷᠤᠭ᠎ᠠ ᠂ 2015 ᠤᠨ ᠳᠤ ᠬᠤᠶᠠᠷ ᠭᠠᠴᠠᠭ᠎ᠠ ᠳᠠᠬᠢᠭᠠᠳ ᠰᠠᠯᠬᠤ ᠳᠤ ᠭᠠᠴᠠᠭᠠᠠ ᠤ ᠠᠵᠢᠯ ᠢᠶᠠᠨ ᠤᠷᠬᠢᠵᠦ ᠬᠡᠷ ᠲᠡᠭᠡᠨ ᠬᠠᠷᠢᠪᠠ᠃ ᠳᠡᠷᠡ ᠤᠳᠠᠭᠠᠠ ᠵᠢᠯ ᠬᠦᠳᠡᠭᠡ ᠳᠤᠰᠬᠤᠨ ᠤ ᠠᠵᠢᠯ ᠢ ᠬᠢᠵᠦ ᠶᠠᠪᠤᠬᠤ ᠳᠠᠭᠠᠨ ᠤᠯᠠᠮᠵᠢᠯᠠᠯᠳᠤ ᠮᠠᠯᠵᠢᠯ ᠨᠢ ᠶᠠᠳᠠᠭᠤᠷᠠᠬᠤ ᠦᠬᠡᠢ᠂ ᠪᠠᠶᠠᠵᠢᠬᠤ ᠦᠬᠡᠢ ᠬᠤᠪᠢ ᠪᠠᠨ ᠰᠠᠬᠢᠵᠦ ᠳᠤᠪᠤ ᠪᠠᠨ ᠪᠤᠷᠤᠯᠠᠭᠤᠯᠤᠭᠰᠠᠠ ᠠᠵᠦ ᠦᠢᠯᠡᠰ ᠪᠤᠯᠬᠤ ᠶᠢ ᠰᠡᠷᠬᠡᠭ ᠢᠶᠠᠷ ᠠᠵᠢᠵᠦ᠂ ᠬᠦᠭᠵᠢᠯᠳᠡ ᠶᠢᠨ ᠬᠡᠯᠪᠡᠷᠢ ᠪᠠᠨ ᠬᠤᠪᠢᠷᠠᠭᠤᠯᠬᠤ ᠶᠢ ᠰᠡᠳᠬᠢᠭᠰᠡᠬᠡᠷ ᠢᠷᠡᠵᠠᠢ᠃
     2016 ᠤᠨ ᠳᠤ ᠬᠠᠰᠪᠠᠶᠠᠷ ᠨᠤᠳᠤᠭ ᠤᠰᠤᠨ ᠤ ᠪᠠᠨ ᠦᠩᠬᠡ ᠦᠵᠡᠮᠵᠢ ᠳᠤ ᠳᠦᠰᠢᠭᠯᠡᠵᠦ ︽ᠮᠠᠯᠴᠢᠳ ᠤᠨ ᠪᠠᠶᠠᠰᠤᠯ︾ ᠡᠷᠬᠢᠯᠡᠡ 3 ᠮᠤᠩᠭᠤᠯ ᠬᠡᠷ ᠪᠠᠷᠢᠪᠠ᠃ ᠰᠠᠨᠠᠭᠠᠠ ᠠᠴᠠ ᠭᠠᠳᠠᠭᠤᠷ ᠳᠠᠪᠢᠭᠠᠳ ᠬᠦᠮᠦᠨ ᠵᠤᠴᠢᠯᠠᠬᠤ ᠪᠠᠭᠳᠠᠭᠠᠮᠵᠢ ᠲᠠᠢ ︽ᠮᠠᠯᠴᠢᠳ ᠤᠨ ᠪᠠᠶᠠᠰᠤᠯ︾ ᠨᠢ ᠦᠶᠡᠷ ᠤᠨ ᠤᠰᠤ ᠰᠢᠬ ᠨᠦᠷᠢᠨ ᠢᠷᠡᠭᠰᠡᠡ ᠵᠢᠭᠤᠯᠴᠢᠯᠠᠭᠰᠠᠳ ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠦ ᠳᠡᠶᠢᠯᠬᠦ ᠦᠬᠡᠢ ᠪᠤᠯᠵᠦ᠂ ᠳᠠᠬᠢᠭᠠᠳ 6 ᠮᠤᠩᠭᠤᠯ ᠬᠡᠷ ᠨᠡᠮᠡᠡ ᠪᠠᠷᠢᠵᠦ᠂ ᠡᠨᠡ ᠵᠢᠯ ᠪᠠᠰᠠ 40 ᠰᠢᠷᠡᠭᠡ ᠳᠠᠯᠪᠢᠵᠦ ᠪᠤᠯᠬᠤ ᠳᠤᠮᠤ ᠮᠤᠩᠭᠤᠯ ᠬᠡᠷ ᠪᠠᠷᠢᠭᠰᠠᠠ ᠪᠠᠶᠢᠨ᠎ᠠ᠃ ᠤᠳᠤ ᠳᠡᠳᠡᠨᠡᠶᠢᠬᠢᠨ ᠨᠢᠬᠡ ᠯᠡ ᠳᠡᠬᠡᠷ᠎ᠡ 500 ᠬᠦᠮᠦᠨ ᠢ ᠤᠬᠳᠤᠨ ᠵᠤᠴᠢᠯᠠᠬᠤ ᠴᠢᠳᠠᠮᠵᠢ ᠲᠠᠢ ᠪᠤᠯᠵᠠᠢ᠃ ᠳᠠᠯ᠎ᠠ ᠨᠤᠳᠤᠭ ᠤᠨ ᠵᠤᠭᠠᠴᠠᠯ ᠤᠨ ᠦᠢᠯᠡᠰ ᠢᠶᠠᠨ ᠤᠯᠠᠮ ᠢᠶᠠᠷ ᠰᠢᠰᠲ᠋ᠧᠮᠵᠢᠬᠦᠯᠥᠨ ᠬᠦᠭᠵᠢᠬᠦᠯᠬᠦ ᠶᠢᠨ ᠳᠦᠯᠦᠬᠡ ᠳᠡᠷᠡ ︽ᠪᠠᠶᠠᠨᠨᠠᠭᠤᠷ ᠤᠨ ᠳᠠᠯ᠎ᠠ ᠨᠤᠳᠤᠭ ᠤᠨ ᠵᠢᠭᠤᠯᠴᠢᠯᠠᠯ ᠤᠨ ᠬᠤᠷᠰᠢᠶᠠᠵᠢᠯ︾ ᠢ ᠡᠬᠦᠰᠬᠡᠡ ᠪᠠᠶᠢᠭᠤᠯᠵᠦ᠂ 11 ᠬᠡᠰᠢᠬᠦᠨ ᠡᠷᠦᠬᠡ ᠶᠢᠨ 4200 ᠮᠦ ᠴᠠᠶᠢᠳᠠᠮ ᠤᠨ ᠪᠡᠯᠴᠢᠬᠡᠷ ᠳᠡᠬᠡᠷᠡᠬᠢ ᠬᠦᠷᠢᠶᠡᠯᠡᠩ ᠤᠨ ᠳᠤᠤᠷ ᠪᠠᠭᠠᠨ᠎ᠠ ᠶᠢ ᠪᠠᠭᠤᠯᠭᠠᠵᠦ ᠠᠭᠤᠳᠠᠮ ᠰᠠᠷᠠᠭᠤᠯ ᠪᠤᠯᠭᠠᠪᠠ᠃ ᠬᠠᠰᠪᠠᠶᠠᠷ ᠬᠤᠷᠰᠢᠶᠠᠵᠢᠯ ᠤᠨ ᠬᠡᠰᠢᠬᠦᠳ ᠢᠶᠠᠨ ᠵᠤᠬᠢᠶᠠᠠ ᠪᠠᠶᠢᠭᠤᠯᠤᠨ ︽ᠮᠠᠯᠴᠢᠳ ᠤᠨ ᠪᠠᠶᠠᠰᠤᠯ︾ ᠢᠶᠠᠨ ᠬᠤᠭᠤᠯᠠᠠ ᠬᠡᠷ᠂ ᠵᠤᠴᠢᠳ ᠤᠨ ᠪᠠᠭᠤᠳᠠᠯ ᠤᠨ ᠳᠤᠭᠤᠷᠢᠭ᠂ ᠰᠠᠭᠠᠯᠢ ᠶᠢᠨ ᠢᠳᠡᠬᠡᠨ ᠳᠤ ᠪᠡᠶᠡᠴᠢᠯᠡᠡ ᠤᠷᠤᠯᠴᠠᠬᠤ ᠳᠤᠭᠤᠷᠢᠭ᠂ ᠮᠤᠷᠢ ᠤᠨᠤᠬᠤ ᠳᠤᠭᠤᠷᠢᠭ᠂ ᠰᠤᠷ ᠬᠠᠷᠪᠤᠬᠤ ᠳᠤᠭᠤᠷᠢᠭ ᠬᠡᠬᠦᠴᠢᠯᠡᠡ ᠬᠤᠪᠢᠶᠠᠵᠦ᠂ ᠬᠡᠰᠢᠬᠦᠨ ᠡᠷᠦᠬᠡ ᠨᠢ ᠬᠤᠭᠤᠯᠠᠠ ᠬᠡᠷ ᠤᠨ ᠦᠢᠯᠡᠴᠢᠯᠡᠭᠴᠢ ᠬᠢᠬᠦ᠂ ᠬᠤᠨᠢ ᠮᠠᠯ ᠨᠢᠳᠤᠯᠬᠤ ᠂ ᠵᠢᠭᠤᠯᠴᠢᠯᠠᠯ ᠤᠨ ᠴᠡᠭ ᠲᠤ ᠴᠠᠭᠠᠠ ᠢᠳᠡᠬᠡᠨ ᠬᠤᠳᠠᠯᠳᠤᠬᠤ᠂ ᠮᠤᠷᠢ ᠬᠦᠳᠦᠯᠬᠦ ᠵᠡᠷᠬᠡ ᠪᠠᠷ ᠤᠷᠤᠯᠭ᠎ᠠ ᠪᠠᠨ ᠨᠡᠮᠡᠭᠳᠡᠬᠦᠯᠵᠠᠢ᠃ ᠬᠤᠷᠰᠢᠶᠠᠵᠢᠯ ᠤᠨ ᠬᠡᠰᠢᠬᠦᠨ ᠪᠠᠳᠤᠴᠢᠯᠠᠭᠤ ᠴᠠᠭᠠᠠ ᠢᠳᠡᠬᠡᠡ ᠬᠤᠳᠠᠯᠳᠤᠭᠠᠳ ᠨᠢᠬᠡ ᠯᠠ ᠡᠳᠦᠷ ᠲᠤ 3000 ᠳᠦᠬᠦᠷᠢᠭ ᠤᠯᠵᠦ᠂ ᠵᠠᠩᠭ᠎ᠠ᠂ ᠪᠦᠷᠬᠦᠳ ᠮᠤᠷᠢ ᠬᠦᠳᠦᠯᠦᠬᠡᠳ ᠡᠳᠦᠷ ᠲᠤ 3000 ᠳᠦᠬᠦᠷᠢᠭ ᠤᠯᠤᠭᠰᠠᠠ ᠦᠨᠳᠦᠷ ᠳᠡᠮᠳᠡᠭᠯᠡᠯ ᠢ ᠡᠬᠦᠳᠦᠭᠰᠡᠡ ᠬᠡᠨ᠎ᠡ᠃  
     ᠬᠠᠰᠪᠠᠶᠠᠷ ᠤᠨ ᠵᠤᠴᠢᠳ ᠤᠨ ᠤᠯᠠᠩᠬᠢ ᠨᠢ ᠰᠣᠪᠣᠷᠭ᠎ᠠ ᠨᠡᠬᠡᠬᠡᠯᠳᠡ ᠶᠢᠨ ᠳᠤᠭᠤᠷᠢᠭ ᠲᠤ ᠪᠠᠶᠢᠭ᠎ᠠ ᠵᠦᠩ ᠳᠢᠶᠡᠡ ᠡᡁᠧ ᠴᠤᠸᠠᠩ ᠪᠦᠯᠦᠭᠯᠡᠯ ᠤᠨ ᠠᠵᠢᠯᠳᠠᠠ᠂ ᠵᠢᠴᠢ ᠳᠡᠳᠡᠡ ᠲᠠᠢ ᠬᠠᠷᠢᠴᠠᠭ᠎ᠠ ᠲᠠᠢ ᠪᠡᠬᠡᠵᠢᠩ᠂ ᠱᠠᠩᠬᠠᠢ᠂ ᠭᠤᠸᠠᠩᠵᠸᠤ ᠶᠢᠨ ᠳᠤᠮᠤ ᠳᠤᠮᠤ ᠠᠷᠠᠯᠵᠢᠶᠠᠴᠢᠳ ᠪᠠᠶᠢᠳᠠᠭ᠃ ᠬᠠᠶᠠ ᠪᠠᠰᠠ ᠠᠮᠧᠷᠢᠺᠠ᠂ ᠠᠩᠭ᠍ᠯᠢ ᠶᠢᠨ ᠡᠷᠳᠡᠮᠳᠡᠡ ᠰᠤᠳᠤᠯᠭᠠᠳᠠᠳ ᠪᠤᠶᠤ ᠵᠢᠭᠤᠯᠴᠢᠨ ᠢᠷᠡᠳᠡᠭ᠃ ᠡᠶᠢᠨ ᠬᠦ ᠨᠤᠳᠤᠭ ᠤᠨ ᠪᠤᠷᠤ ᠮᠠᠯᠴᠢᠳ ᠮᠠᠨᠢ ᠬᠡᠷ ᠲᠡᠭᠡᠨ ᠰᠠᠭᠤᠵᠦ ᠪᠠᠶᠢᠭᠠᠳ ᠤᠯᠤᠰ ᠤᠨ ᠳᠤᠳᠤᠭᠠᠳᠤ ᠭᠠᠳᠠᠭᠠᠳᠤ ᠶᠢᠨ ᠬᠦᠮᠦᠰ ᠲᠠᠢ ᠨᠢᠭᠤᠷᠳᠠᠠ ᠠᠭᠤᠯᠵᠠᠵᠦ᠂ ᠡᠪᠦᠳᠦᠭ ᠳᠤᠯᠭᠠᠠ ᠵᠤᠭᠤᠭᠳᠠᠬᠤ ᠨᠦᠬᠦᠴᠡᠯ ᠲᠠᠢ ᠪᠤᠯᠵᠦ ᠦᠵᠡᠯᠳᠡ ᠳᠠᠨᠢᠯᠳᠠ ᠨᠢ ᠤᠷᠢᠳ ᠡᠮᠦᠨ᠎ᠡ ᠪᠠᠶᠢᠭ᠎ᠠ ᠦᠬᠡᠢ ᠰᠢᠨᠡᠴᠢᠯᠡᠭᠳᠡᠵᠠᠢ᠃ ᠳᠡᠮᠡᠬᠡᠳᠦ ᠬᠤᠳᠠ ᠶᠢᠨ ᠶᠠᠩ ᠯᠤᠤ ᠳ᠋ᠠ ᠶᠢᠨ ᠵᠢᠭᠤᠯᠴᠢᠯᠠᠯ ᠤᠨ ᠭᠠᠵᠠᠷ ᠨᠢ ᠪᠠᠶᠠᠠᠨᠠᠭᠤᠷ ᠤᠨ ᠴᠠᠶᠢᠳᠠᠮ — ᠦᠤᠰᠢᠨᠵᠤᠤ ᠶᠢᠨ ᠰᠦᠮ᠎ᠠ — ᠭᠠᠯᠠᠭᠤᠳᠤ ᠶᠢᠨ ᠰᠦᠮ᠎ᠡ ᠪᠠᠷ ᠳᠤᠭᠤᠷᠢᠬᠤ ᠨᠢᠬᠡ ᠡᠳᠦᠷ ᠤᠨ ᠵᠢᠭᠤᠯᠴᠢᠯᠠᠯ ᠢ ᠳᠤᠬᠢᠷᠠᠭᠤᠯᠤᠭᠰᠠᠠ ᠨᠢ ᠳᠡᠳᠡᠡ ᠤ ᠠᠷᠠᠯᠵᠢᠶ᠎ᠠ ᠮᠠᠶᠢᠮᠠᠢ ᠶᠢ ᠨᠡᠩᠳᠡ ᠰᠠᠶᠢᠵᠢᠷᠠᠭᠤᠯᠵᠠᠢ᠃ ᠬᠠᠰᠪᠠᠶᠠᠷ ᠤᠨ ᠳᠠᠨᠢᠯᠴᠠᠭᠤᠯᠬᠤ ᠪᠠᠷ᠂ ︽ᠮᠠᠯᠴᠢᠳ ᠤᠨ ᠪᠠᠶᠠᠰᠤᠯ︾ ᠨᠢ ᠡᠨᠡ ᠵᠢᠯ ᠤᠨ 4 ᠰᠠᠷ᠎ᠠ ᠶᠢᠨ 15 ᠤ ᠡᠳᠤᠷ ᠠᠴᠠ ᠡᠬᠦᠳᠡ ᠪᠠᠨ ᠨᠡᠬᠡᠬᠡᠵᠦ ᠬᠡᠶᠢᠴᠢᠨ ᠵᠤᠴᠢᠨ ᠢᠶᠠᠨ ᠤᠭᠳᠤᠵᠦ᠂ ᠮᠦᠨ ᠰᠠᠷ᠎ᠠ ᠳᠤ 9 ᠳᠦᠮᠡᠡ ᠳᠦᠬᠦᠷᠢᠭ᠂ 5᠂ 6 ᠰᠠᠷ᠎ᠠ ᠳᠤ 10 ᠬᠡᠳᠦᠨ ᠳᠦᠮᠡᠡ ᠳᠦᠬᠦᠷᠢᠭ᠂ 7᠂ 8 ᠰᠠᠷ᠎ᠠ ᠳᠤ ᠡᠳᠦᠷ ᠳᠤᠮᠳᠠᠴᠢᠯᠠᠠ 300 ᠭᠠᠷᠤᠢ ᠬᠦᠮᠦᠨ ᠢ ᠤᠬᠳᠤᠨ ᠵᠤᠴᠢᠯᠠᠵᠦ᠂ ᠰᠠᠷ᠎ᠠ ᠶᠢᠨ ᠤᠷᠤᠯᠭ᠎ᠠ ᠨᠢ 30 ᠳᠦᠮᠡᠡ ᠳᠦᠬᠦᠷᠢᠭ ᠢ ᠳᠠᠪᠠᠭᠰᠠᠠ ᠪᠠᠶᠢᠨ᠎ᠠ᠃  
     ᠬᠠᠰᠪᠠᠶᠠᠷ ᠤᠨ ︽ᠮᠠᠯᠴᠢᠳ ᠤᠨ ᠪᠠᠶᠠᠰᠤᠯ︾ ᠨᠢ ᠤᠳᠤ ᠪᠤᠯᠳᠠᠯ᠎ᠠ ᠨᠡᠶᠢᠳᠡ 300 ᠳᠦᠮᠡᠡ ᠳᠦᠬᠦᠷᠢᠭ ᠤᠨ ᠪᠡᠯᠡ ᠤᠷᠤᠭᠤᠯᠵᠠᠢ᠃ ᠬᠡᠪᠡᠴᠦ ᠬᠤᠨᠤᠭ ᠤᠨ ᠠᠰᠠᠭᠤᠳᠠᠯ ᠢ ᠰᠢᠢᠳᠪᠦᠷᠢᠯᠡᠵᠦ ᠳᠡᠶᠢᠯᠦᠬᠡ ᠦᠬᠡᠢ ᠪᠠᠶᠢᠵᠦ᠂ ᠳᠡᠷᠡ ᠶᠠᠭ ᠠᠶᠢᠯ ᠠᠶᠢᠮᠠᠭ ᠢᠶᠠᠨ ᠳᠠᠶᠢᠴᠢᠯᠠᠠ ᠪᠠᠭᠤᠳᠠᠯ ᠡᠷᠬᠢᠯᠡᠬᠦ ᠶᠢ ᠵᠤᠷᠢᠭᠵᠢᠭᠤᠯᠵᠦ ᠪᠤᠢ᠃ ᠳᠠᠬᠢᠪᠠᠯ ᠢᠷᠡᠬᠦ ᠵᠢᠯ ᠪᠠᠶᠠᠠᠨᠠᠭᠤᠷ ᠤᠨ ᠴᠠᠶᠢᠳᠠᠮ ᠤᠨ ᠵᠡᠬᠦᠨ ᠪᠠᠷᠠᠭᠤᠨ ᠡᠷᠬᠢ ᠶᠢ ᠬᠤᠯᠪᠤᠭᠰᠠᠠ ᠳᠡᠬᠦᠵᠢᠩ ᠵᠠᠮ ᠵᠠᠰᠠᠵᠦ ᠳᠡᠬᠦᠵᠢᠯᠡᠬᠦᠷ ᠳᠡᠷᠬᠡ ᠳᠠᠯᠪᠢᠨ᠂ ᠵᠢᠭᠤᠯᠴᠢᠳ ᠲᠤ ᠤᠬᠳᠠᠷᠭᠤᠢ ᠳᠡᠬᠡᠷ᠎ᠡ ᠠᠴᠠ ᠳᠠᠯ᠎ᠠ ᠨᠤᠳᠤᠭ ᠢ ᠰᠤᠨᠢᠷᠬᠠᠭᠤᠯᠬᠤ ᠪᠠᠷ ᠳᠦᠰᠦᠪᠯᠠᠵᠦ ᠪᠤᠢ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号