ᠦᠦᠰᠢᠨ ᠬᠤᠰᠢᠭᠤᠨ ᠤ ᠡᠬᠡ ᠭᠠᠵᠠᠷ ᠪᠣᠯ ᠭᠤᠶᠢᠲᠠ ᠪᠠᠶᠠᠯᠢᠭ ᠪᠠᠶᠢᠭᠠᠯᠢ ᠶᠢᠨ ᠦᠵᠡᠮᠵᠢ ᠪᠣᠯᠣᠨ ᠰᠣᠶᠣᠯ | ᠲᠡᠥᠬᠡ ᠪᠠᠷ ᠢᠶᠠᠨ ᠣᠨᠴᠠᠯᠢᠭ ᠲᠠᠢ ᠪᠠᠶᠢᠳᠠᠭ ᠶᠣᠮ᠃ ᠡᠯᠡᠰᠦᠨ ᠴᠦᠯ ᠤᠨ ᠲᠣᠮᠣ ᠬᠠᠪᠴᠢᠯ᠂ ᠲᠦᠮᠡᠨ ᠮᠣ᠋ ᠶᠢᠨ | ᠠᠷᠴᠠᠨ ᠪᠠᠯᠠᠷ᠂ ᠮᠢᠩᠭᠠᠨ ᠮᠣ᠋ ᠶᠢᠨ ᠴᠠᠬᠢᠷᠮ᠎ᠠ᠂ ᠵᠠᠭᠤᠨ ᠵᠢᠯ ᠤᠨ ᠬᠠᠶᠢᠯᠠᠰᠣᠨ ᠣᠢ ᠵᠡᠷᠭᠡ ᠪᠠᠶᠢᠭᠠᠯᠢ ᠶᠢᠨ ᠦᠩᠭᠡ | ᠦᠵᠡᠮᠵᠢ ᠪᠠᠶᠢᠵᠣ᠂ ᠲᠣᠮᠣ ᠬᠠᠪᠴᠢᠯ ᠤᠨ ᠦᠵᠡᠮᠵᠢ ᠦᠩᠭᠡ ᠢᠯᠭᠠᠷᠠᠨ᠂ ᠲᠡᠭᠷᠢ ᠨᠢ ᠴᠡᠯᠮᠡᠭ᠂ ᠣᠰᠣ ᠨᠢ | ᠲᠣᠩᠭᠠᠯᠠᠭ᠂ ᠰᠣᠭᠳᠣᠭᠤᠷᠤᠯᠤᠮᠠ ᠰᠠᠶᠢᠬᠠᠨ ᠦᠯᠡᠮᠵᠢ ᠶᠢᠨ ᠣᠷᠣᠨ ᠶᠣᠮ︔ ᠰᠢᠷᠠᠤ᠋ᠰᠤᠨ ᠭᠤᠣᠯ ᠤᠨ | ᠨᠢᠭᠤᠴᠠᠭᠠᠢ ᠶᠢᠷᠲᠢᠨᠴᠣ᠂ ᠬᠡᠳᠦᠨ ᠲᠦᠮᠡᠨ ᠵᠢᠯ ᠤᠨ ᠡᠮᠦᠨᠡᠬᠢ ᠪᠣᠷᠣ ᠳᠣᠬᠤᠢ ᠶᠢᠨ ᠡᠷᠲᠡᠨ ᠤ ᠬᠦᠮᠦᠨ ᠤ ᠣᠯᠠ | ᠮᠦᠷ᠂ ᠮᠣᠣᠡᠣᠰᠣ ᠶᠢᠨ ᠡᠯᠡᠰᠦᠨ ᠤ ᠬᠡᠳᠦᠨ ᠮᠢᠩᠭᠠᠨ ᠵᠢᠯ ᠤᠨ ᠶᠠᠰᠢᠯ ᠤᠨ ᠣᠢ᠂ ᠲᠦᠮᠡᠨ ᠬᠤᠲᠠ ︵ᠲᠠᠩᠭᠤᠳ | ᠣᠯᠣᠰ ᠤᠨ ᠨᠠᠶᠢᠰᠯᠠᠯ︶ ᠶᠢᠨ ᠪᠠᠭᠤᠷᠢ ᠠᠴᠠ ᠡᠷᠲᠡᠨ ᠤ ᠴᠠᠭ ᠤᠨ ᠰᠣᠷᠠᠭ ᠴᠢᠮᠡᠭᠡ ᠪᠣᠯᠣᠨ ᠰᠦᠷ ᠬᠦᠴᠦᠨ ᠢ | ᠠᠨᠢᠷᠲᠠᠵᠣ᠂ ᠴᠠᠭᠠᠨ ᠰᠦᠯᠳᠡ ᠶᠢᠨ ᠲᠠᠯ᠎ᠠ ᠨᠤᠳᠤᠭ ᠠᠴᠠ ᠴᠠᠭᠠᠨ ᠲᠤᠭ ᠤᠨ ᠰᠦᠯᠳᠡ ᠬᠡᠶᠢᠮᠣᠷᠢ ᠶᠢ ᠮᠡᠳᠡᠷᠡᠨ | ᠪᠢᠰᠢᠷᠡᠨ᠎ᠡ᠃ ᠦᠦᠰᠢᠨ ᠬᠤᠰᠢᠭᠤ ︽ᠳᠣᠮᠳᠠᠳᠣ ᠣᠯᠣᠰ ᠤᠨ ᠮᠣᠷᠢᠨ ᠬᠤᠭᠤᠷ ᠤᠨ ᠰᠣᠶᠣᠯ ᠤᠨ ᠦᠯᠦᠭᠡᠢ︾ ︽ | ᠳᠣᠮᠳᠠᠳᠣ ᠣᠯᠣᠰ ᠤᠨ ᠰᠦᠯᠳᠡ ᠶᠢᠨ ᠰᠣᠶᠣᠯ ᠤᠨ ᠣᠷᠣᠨ︾ ︽ᠳᠣᠮᠳᠠᠳᠣ ᠣᠯᠣᠰ ᠤᠨ ᠣᠪᠣᠭᠠᠨ ᠤ ᠰᠣᠶᠣᠯ | ᠤᠨ ᠨᠣᠲᠤᠭ︾ ︽ᠳᠣᠮᠳᠠᠳᠣ ᠣᠯᠣᠰ ᠤᠨ ᠣᠷᠳᠣᠰ ᠳᠠᠭᠤᠣ ᠪᠦᠵᠢᠭ ᠤᠨ ᠦᠯᠦᠭᠡᠢ︾ ᠭᠡᠮᠡᠬᠦ ᠠᠯᠳᠠᠷ ᠨᠠᠷ᠎ᠡ ᠪᠠᠷ | ᠴᠣᠯᠠᠯᠠᠭᠳᠠᠭᠰᠠᠨ ᠶᠣᠮ᠃ ᠣᠪᠣᠭ᠎ᠠ᠂ ᠰᠦᠮ᠎ᠡ ᠬᠡᠶᠢᠳ᠂ ᠳᠠᠭᠤᠣ ᠪᠦᠵᠢᠭ ᠪᠠ ᠭᠤᠴᠣ ᠰᠠᠶᠢᠬᠠᠨ ᠢᠳᠡᠭᠡᠨ | ᠣᠮᠳᠠᠭᠠᠨ ᠢᠶᠠᠷ ᠢᠶᠠᠨ ᠤᠯᠠᠨ ᠤ ᠪᠠᠭ᠋ᠠᠷᠠᠯ ᠢ ᠳᠠᠳᠠᠵᠤ᠂ ᠦᠩᠭᠡ ᠭᠢᠯᠪᠠᠭ᠎ᠠ ᠢᠯᠭᠠᠷᠠᠵᠣ᠂ ᠲᠦᠮᠡᠨ ᠤ ᠰᠡᠳᠬᠢᠯ ᠳᠤ | ᠳᠠᠭᠠᠯᠠᠭᠳᠠᠳᠠᠭ᠃ ᠵᠤᠴᠢᠨᠰᠠᠠᠭ ᠬᠠᠯᠠᠭᠤᠨ ᠰᠠᠶᠢᠬᠠᠨ ᠵᠠᠩ ᠲᠠᠢ ᠦᠦᠰᠢᠨᠴᠣᠳ ᠳᠦᠷᠪᠡᠨ ᠵᠦᠭ ᠨᠠᠢᠮᠠᠨ ᠵᠣᠪᠬᠢᠰ | ᠤᠨ ᠵᠣᠴᠢᠳ ᠢ ᠦᠦᠰᠢᠨ ᠨᠣᠲᠤᠭ ᠲᠤ ᠮᠣᠷᠢᠯᠠᠨ ᠰᠠᠭᠠᠲᠠᠭᠠᠷᠡᠢ ᠭᠡᠮᠡᠨ ᠠᠯᠳᠠ ᠴᠠᠭᠠᠨ ᠬᠠᠳᠠᠭ ᠢᠶᠠᠨ ᠳᠠᠳᠠᠨ | ᠣᠭᠲᠣᠵᠣ ᠪᠠᠶᠢᠨᠠᠮ᠃ | |