ᠭᠤᠵᠣᠩ ᠬᠤᠷᠠᠬᠤ ᠶᠢᠨ ᠣᠪᠣᠭ᠎ᠠ ᠭᠠᠯᠠᠭᠤᠲᠣ ᠪᠠᠯᠭᠠᠰᠣᠨ ᠤ ᠪᠠᠶᠠᠨ᠋ᠦ᠌ᠨᠳᠦᠷ ᠭᠠᠴᠠᠭᠠᠨ ᠳᠤ ᠪᠠᠶᠢᠷᠢᠰᠢᠳᠠᠭ᠃ | ᠳᠠᠯᠠᠢ ᠶᠢᠨ ᠲᠦᠪᠰᠢᠨ ᠠᠴᠠ ᠳᠡᠭᠡᠭᠰᠢ 1468 ᠮᠧᠲᠷ᠂ ᠦᠦᠰᠢᠨ ᠬᠤᠰᠢᠭᠤᠨ ᠤ ᠬᠠᠮᠤᠭ ᠤᠨ ᠦᠨᠳᠦᠷ ᠭᠠᠵᠠᠷ | ᠲᠤ ᠪᠠᠶᠢᠬᠤ ᠪᠣᠯᠬᠤᠷ ᠭᠤᠵᠣᠩ ᠬᠤᠷᠠᠬᠤ ᠭᠡᠰᠡᠨ ᠨᠡᠷ᠎ᠡ ᠲᠠᠢ᠃ ᠲᠣᠰ ᠣᠪᠣᠭ᠎ᠠ ᠨᠢ ᠲᠡᠭᠷᠢ ᠳᠡᠭᠡᠳᠦᠰ ᠢᠶᠠᠨ | ᠳᠠᠬᠢᠭᠰᠠᠨ ᠮᠣᠩᠭᠤᠯ ᠦᠨᠳᠦᠰᠦᠲᠡᠨ ᠤ ᠡᠷᠲᠡᠨ ᠤ ᠪᠦᠬᠡ ᠶᠢᠨ ᠱᠠᠰᠢᠨ ᠤ ᠦᠯᠡᠳᠡᠭᠳᠡᠯ ᠣᠪᠣᠭ᠎ᠠ ᠪᠠᠶᠢᠭᠰᠠᠨ᠃ | ᠭᠤᠣᠯ ᠣᠪᠣᠭ᠎ᠠ ᠨᠢ ᠬᠠᠮᠤᠭ ᠶᠡᠭᠡ᠂ ᠵᠠᠩᠵᠣᠨ ᠣᠪᠣᠭ᠎ᠠ ᠭᠡᠬᠦ ᠴᠣᠯᠠ ᠲᠠᠢ᠂ ᠪᠠᠭ᠎ᠠ ᠣᠪᠣᠭ᠎ᠠ ᠲᠠᠢ ᠨᠡᠶᠢᠯᠡᠭᠡᠳ | ᠠᠷᠪᠠᠨ ᠭᠤᠷᠪᠠᠨ ᠣᠪᠣᠭ᠎ᠠ ᠬᠤᠶᠢᠰᠢ ᠣᠷᠣᠭᠰᠢ ᠪᠠᠨ ᠬᠠᠨᠳᠣᠭᠰᠠᠨ ᠣᠪᠣᠭᠠᠨ ᠪᠦᠯᠦᠭ ᠪᠣᠯᠣᠨ᠎ᠠ᠃ | | |