ᠬᠠᠳᠠᠭ ᠭᠡᠷᠡᠭᠯᠡᠭᠦ ᠶᠣᠰᠣᠨ
ᠨᠡᠶᠢᠲᠡᠯᠡᠭᠰᠡᠨ ᠴᠠᠭ᠄
2018-04-20
     ᠣᠷᠳᠣᠰ ᠮᠣᠩᠭᠤᠯᠴᠣᠳ ᠰᠢᠨ᠎ᠠ ᠵᠢᠯ ᠪᠣᠯᠬᠤ ᠪᠦᠷᠢ ᠬᠠᠳᠠᠭ ᠢ ᠡᠷᠭᠢᠮᠯᠠᠨ ᠦᠵᠡᠵᠣ᠂ ᠠᠶᠢᠯ ᠪᠦᠭᠦᠨ ᠳᠤ ᠲᠡᠭᠡᠵᠢ ᠰᠠᠪᠠ ᠲᠠᠢ ᠣᠷᠣᠬᠤ ᠪᠦᠭᠡᠳ ᠬᠠᠳᠠᠭ ᠢᠶᠠᠨ ᠠᠪᠴᠣ ᠰᠢᠨ᠎ᠠ ᠶᠢᠨ ᠠᠮᠣᠷ ᠲᠣᠩᠭᠠᠯᠠᠭ ᠢ ᠠᠶᠢᠯᠠᠳᠴᠣ ᠵᠣᠯᠭᠠᠳᠠᠭ ᠪᠠ ᠢᠷᠡᠭᠰᠡᠨ ᠵᠣᠴᠢᠨ ᠶᠠᠪᠣᠬᠤ ᠳᠠᠭᠠᠨ ᠲᠠᠷᠠ ᠠᠶᠢᠯ ᠤᠨ ᠶᠡᠭᠡ ᠭᠦᠮᠦᠨ ᠢ ᠣᠷᠣᠨ ᠳᠤᠨᠢ ᠰᠠᠭᠤᠯᠭᠠᠵᠣ ᠭᠦᠭᠦᠦᠷ ᠪᠠᠷᠢᠨ ᠮᠦᠷᠭᠦᠵᠣ ︽ᠮᠠᠨ ᠤ ᠳᠤ ᠮᠣᠷᠢᠯᠠᠨ ᠰᠠᠭᠠᠳᠠᠵᠣ ᠰᠢᠨ᠎ᠠ ᠶᠢᠨ ᠴᠠᠢ ᠵᠣᠭᠤᠭᠯᠠ︕︾ ᠭᠡᠵᠣ ᠭᠦᠨᠳᠦᠳᠭᠡᠨ ᠣᠷᠢᠳᠠᠭ ᠶᠣᠰᠣᠳᠠᠢ᠃      ᠣᠷᠳᠣᠰ ᠮᠣᠩᠭᠤᠯᠴᠣᠳ ᠬᠠᠳᠠᠭ ᠢ ᠡᠷᠭᠢᠮ ᠲᠡᠭᠡᠳᠣ ᠶᠣᠰᠣᠨ ᠤ ᠡᠳ᠋ ᠢᠶᠠᠷ ᠦᠵᠡᠵᠣ᠂ ᠬᠠᠳᠠᠭ ᠢ ᠭᠦᠭᠡ ᠮᠦᠩᠭᠡ ᠲᠡᠭᠷᠢ ᠶᠢᠨ ᠦᠭᠡᠳᠡᠰᠣ ᠭᠡᠵᠣ ᠭᠡᠯᠡᠳᠡᠭ ᠪᠠ ᠭᠭᠢᠷ ᠦᠭᠡᠢ ᠪᠡᠯᠭᠡᠳᠣ ᠦᠩᠭᠡ ᠪᠠᠷ ᠦᠵᠡᠵᠣ ︽ᠠᠯᠳᠠ ᠴᠠᠭᠠᠨ ᠬᠠᠳᠠᠭ︾ ᠭᠡᠵᠣ ᠭᠦᠨᠳᠦᠳᠭᠡᠨ ᠭᠡᠯᠡᠳᠡᠭ᠃      ᠦᠭᠯᠢᠭᠡ ᠲᠦᠯᠡᠰᠢ ᠦᠭᠭᠦ ᠪᠠ ᠭᠠᠯ ᠲᠠᠭᠢᠬᠤ ᠳᠤ ᠭᠦᠭᠡ ᠦᠩᠭᠡ ᠶᠢᠨ ᠰᠠᠮᠪᠠᠢ ᠬᠠᠳᠠᠭ ᠢ ᠵᠠᠷᠣᠵᠣ᠂ ᠰᠢᠨ᠎ᠠ  ᠶᠢᠨ ᠠᠮᠣᠷ ᠠᠰᠠᠭᠤᠬᠤ᠂ ᠣᠷᠢᠯᠭ᠎ᠠ ᠵᠠᠯᠠᠯᠭ᠎ᠠ ᠲᠠᠯᠪᠢᠬᠤ᠂ ᠲᠠᠶᠢᠯᠭ᠎ᠠ ᠲᠠᠭᠢᠯᠭ᠎ᠠ ᠭᠢᠭᠦ ᠳᠤ ᠭᠦᠭᠡ ᠪᠣᠶᠣ ᠴᠠᠭᠠᠨ ᠦᠩᠭᠡ ᠶᠢᠨ ᠬᠠᠳᠠᠭ ᠢ ᠭᠡᠷᠡᠭᠯᠡᠵᠣ᠂ ᠰᠦᠮ᠎ᠡ ᠭᠡᠶᠢᠳ᠂ ᠯᠠᠮᠠ ᠬᠤᠸᠠᠷᠠᠭ ᠪᠠ ᠭᠡᠭᠡᠨ ᠬᠤᠳᠣᠭᠳᠠᠨ ᠳᠤ ᠰᠢᠷ᠎ᠠ ᠦᠩᠭᠡ ᠶᠢᠨ ᠬᠠᠳᠠᠭ ᠢ ᠭᠡᠷᠡᠭᠯᠡᠵᠣ ᠪᠠᠶᠢᠳᠠᠭ᠃ ᠬᠠᠳᠠᠭ ᠢ ᠵᠠᠷᠣᠬᠤ ᠳᠤ ᠲᠣᠷ᠎ᠠ ᠪᠠᠷ ᠦᠭᠡᠷ᠎ᠡ ᠭᠠᠵᠠᠷ ᠲᠤ ᠡᠯᠳᠡᠪ  ᠢᠶᠠᠷ ᠭᠡᠷᠡᠭᠯᠡᠵᠣ ᠪᠣᠯᠬᠤ ᠦᠭᠡᠢ᠃            ︽ᠨᠤᠳᠤᠭ — ᠵᠠᠩ ᠦᠢᠯᠡ︾ ᠠᠴᠠ ᠪᠠᠭᠤᠯᠭᠠᠪᠠ
 
ᠢᠷᠡᠯᠲᠡ᠄ ᠦᠣᠰᠢᠨ ᠬᠤᠰᠢᠭᠤᠨ ᠤ ᠦᠨᠳᠣᠰᠣᠳᠠᠨ ᠱᠠᠰᠢᠨ ᠰᠣᠷᠳᠠᠬᠤᠨ ᠤ ᠬᠡᠷᠡᠭ ᠡᠷᠬᠢᠯᠡᠬᠦ ᠳᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号