ᠡᠭᠦᠷᠢᠳᠠ ᠭᠦᠭᠦᠦᠷ ᠲᠠᠯᠢᠩ ᠢ ᠪᠠᠶ᠎ᠡ ᠠᠴᠠ ᠪᠠᠨ ᠰᠠᠯᠭᠠᠬᠤ ᠦᠭᠡᠢ ᠵᠡᠭᠦᠭᠦ ᠶᠣᠰᠣᠨ
ᠨᠡᠶᠢᠲᠡᠯᠡᠭᠰᠡᠨ ᠴᠠᠭ᠄
2018-04-20
     ᠣᠷᠳᠣᠰ ᠮᠣᠩᠭᠤᠯᠴᠣᠳ ᠨᠢ ᠡᠷᠡᠭᠳᠡᠢ ᠭᠦᠮᠦᠨ ᠤ ᠪᠡᠶ᠎ᠠ ᠶᠢᠨ ᠭᠤᠷᠪᠠᠨ ᠵᠢᠮᠰᠡᠭ ᠲᠤ ᠭᠦᠭᠦᠦᠷ᠂ ᠭᠡᠳᠠ᠂ ᠭᠢᠳᠤᠭ᠎ᠠ ᠭᠤᠷᠪᠠ ᠪᠠᠶᠢᠵᠣ᠂ ᠭᠡᠳᠣᠢ ᠦᠨ᠎ᠡ ᠦᠷᠳᠡᠭ ᠭᠠᠷᠣᠭᠰᠠᠨ ᠴᠦ ᠨᠢᠭᠡ ᠰᠠᠶᠢᠨ ᠭᠦᠭᠦᠦᠷ ᠬᠤᠳᠠᠯᠳᠣᠨ ᠠᠪᠴᠣ᠂ ᠡᠷᠡᠭᠳᠡᠢ ᠭᠦᠮᠦᠨ ᠵᠢᠯ ᠤᠨ ᠲᠣᠷᠰᠢ ᠭᠦᠭᠦᠦᠷ ᠲᠠᠯᠢᠩ ᠠᠴᠠ ᠰᠠᠯᠳᠠᠭ ᠦᠭᠡᠢ᠂ ᠡᠮᠡᠭᠳᠡᠢ ᠭᠦᠮᠦᠨ ᠤ ᠪᠡᠶ᠎ᠡ  ᠶᠢᠨ ᠭᠤᠷᠪᠠᠨ ᠵᠢᠮᠰᠡᠭ ᠭᠡᠳᠡᠪᠴᠢ᠂ ᠵᠡᠭᠦᠪᠴᠢ᠂ ᠬᠤᠷᠣᠭᠤᠪᠴᠢ ᠠᠴᠠ ᠰᠠᠯᠳᠠᠭ ᠦᠭᠡᠢ᠃ ᠠᠶᠠᠨ ᠵᠠᠮ᠂ ᠭᠦᠳᠡᠭᠡ ᠭᠡᠭᠡᠷ᠎ᠡ ᠪᠠ ᠣᠳᠣᠷ ᠨᠡᠭᠦᠳᠠᠯ ᠤᠨ ᠬᠠᠮᠢᠭ᠎ᠠ ᠣᠴᠠᠷᠠᠭᠰᠠᠨ ᠴᠦ ᠭᠦᠭᠦᠦᠷ ᠭᠠᠷᠭᠠᠵᠣ ᠰᠣᠯᠢᠯᠴᠠᠵᠣ᠂ ᠠᠮᠣᠷ ᠮᠠᠨᠳᠣ  ᠪᠠᠨ ᠮᠡᠳᠡᠯᠴᠡᠳᠡᠭ᠃ ᠡᠷᠡᠭᠳᠡᠢ ᠭᠦᠮᠦᠨ ᠮᠠᠯ ᠲᠠᠷᠢᠶᠠᠯᠠᠩ ᠤᠨ ᠦᠢᠯᠡ ᠭᠡᠷᠡᠭ᠂ ᠠᠵᠢᠯ ᠶᠠᠪᠣᠳᠠᠯ᠂ ᠴᠠᠰᠣ ᠴᠢᠭᠢᠭ᠂ ᠪᠣᠷᠣᠭᠠᠨ ᠬᠤᠷ᠎ᠠ ᠶᠢᠨ ᠲᠣᠬᠠᠢ ᠵᠣᠭᠤᠭᠳᠠᠵᠣ᠂ ᠡᠮᠡᠭᠳᠡᠢ ᠭᠦᠮᠦᠨ ᠮᠠᠯ ᠰᠦᠷᠦᠭ᠂ ᠦᠢᠯᠡ ᠣᠳᠠᠰᠣ᠂ ᠦᠷ᠎ᠠ ᠭᠡᠦᠭᠡᠳ ᠤᠨ ᠲᠣᠬᠠᠢ ᠵᠣᠭᠤᠭᠳᠠᠵᠣ ᠪᠠᠶᠢᠳᠠᠭ ᠶᠣᠰᠣᠨ ᠲᠠᠢ᠃            ︽ᠨᠤᠳᠤᠭ — ᠵᠠᠩ ᠦᠢᠯᠡ︾ ᠠᠴᠠ ᠪᠠᠭᠤᠯᠭᠠᠪᠠ
 
ᠢᠷᠡᠯᠲᠡ᠄ ᠦᠣᠰᠢᠨ ᠬᠤᠰᠢᠭᠤᠨ ᠤ ᠦᠨᠳᠣᠰᠣᠳᠠᠨ ᠱᠠᠰᠢᠨ ᠰᠣᠷᠳᠠᠬᠤᠨ ᠤ ᠬᠡᠷᠡᠭ ᠡᠷᠬᠢᠯᠡᠬᠦ ᠳᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号