ᠡᠷ᠎ᠡ ᠶᠢᠨ ᠭᠤᠷᠪᠠᠨ ᠨᠠᠭᠠᠳᠣᠮ
ᠨᠡᠶᠢᠲᠡᠯᠡᠭᠰᠡᠨ ᠴᠠᠭ᠄
2018-04-26
     ᠪᠦᠬᠡ ᠪᠠᠷᠢᠯᠳᠣᠬᠤ᠂ ᠮᠤᠷᠢ ᠤᠷᠤᠯᠳᠣᠬᠤ᠂ ᠰᠤᠷ ᠬᠠᠷᠪᠤᠬᠤ ᠶᠢ ᠮᠤᠩᠭᠤᠯᠴᠣᠳ ᠡᠷ᠎ᠡ ᠶᠢᠨ ᠭᠤᠷᠪᠠᠨ ᠨᠠᠭᠠᠳᠣᠮ ᠭᠡᠳᠡᠭ᠃ ᠡᠨᠡ ᠪᠤᠯ ᠮᠤᠩᠭᠤᠯ ᠦᠨᠳᠦᠰᠦᠳᠡᠨ ᠤ ᠤᠯᠠᠮᠵᠢᠯᠠᠯᠳᠣ ᠪᠡᠶ᠎ᠡ ᠶᠢᠨ ᠳᠠᠮᠢᠷ ᠤᠨ ᠬᠦᠳᠡᠯᠭᠡᠭᠡᠨ ᠮᠥᠨ᠃ ᠴᠢᠩ ᠤᠯᠤᠰ ᠤᠨ ᠪᠠᠳᠠᠷᠠᠭᠤᠯᠳᠣ ᠲᠦᠷᠦ ᠶᠢᠨ ᠮᠤᠩᠭᠤᠯ ᠵᠤᠬᠢᠶᠠᠯᠴᠢ ᠯᠤᠪᠰᠠᠩᠴᠤᠶᠢᠳᠠᠨ ᠳᠡᠬᠦᠨ ᠤ ︽ᠮᠤᠩᠭᠤᠯ ᠤᠨ ᠵᠠᠩ ᠠᠭᠠᠯᠢ ᠶᠢᠨ ᠦᠢᠯᠡᠪᠦᠷᠢ︾ ᠭᠡᠳᠡᠭ ᠨᠤᠮ ᠳᠠᠭᠠᠨ ︽ᠡᠪᠦᠭᠡ ᠳᠡᠭᠡᠳᠦᠰ ᠮᠢᠨᠢ ᠦᠨᠳᠦᠰᠦᠳᠡᠨ ᠤ ᠡᠷᠳᠡᠨ ᠤ ᠤᠯᠠᠮᠵᠢᠯᠠᠯᠳᠣ ᠴᠢᠳᠠᠪᠤᠷᠢ ᠶᠢ ᠴᠡᠷᠢᠭ ᠳᠠᠶᠢᠨ ᠳᠤᠷ ᠭᠡᠷᠡᠭᠯᠡᠬᠡᠳ ᠶᠡᠭᠡ ᠦᠢᠯᠡᠰ ᠢ ᠪᠦᠳᠦᠭᠡᠬᠦᠢ ᠳᠤᠷ ᠬᠦᠷᠵᠦᠬᠦᠢ᠂ ᠦᠨᠳᠦᠰᠦᠳᠡᠨ ᠤ ᠡᠷᠳᠡᠨ ᠤ ᠤᠯᠠᠮᠵᠢᠯᠠᠯᠳᠣ ᠴᠢᠳᠠᠪᠤᠷᠢ ᠪᠤᠯᠪᠠᠰᠣ ︿ᠨᠤᠮᠤ ᠳᠠᠯᠠᠶᠢᠨ ᠪᠦᠷᠭᠦᠳ ᠬᠠᠷᠪᠤᠵᠤ᠂ ᠮᠤᠷᠢ ᠳᠠᠪᠬᠢᠨ ᠬᠦᠷᠦᠬᠡᠰᠦ ᠨᠡᠬᠡᠬᠦ᠂ ᠪᠤᠯᠴᠢᠩ ᠡᠷᠴᠢᠯᠡᠬᠦᠯᠦᠨ ᠪᠦᠬᠡ ᠪᠠᠷᠢᠯᠳᠣᠬᠤ﹀ ᠵᠡᠷᠭᠡ ᠡᠷᠳᠡᠨ ᠴᠠᠭ ᠤᠨ ᠪᠡᠶ᠎ᠡ ᠶᠢᠨ ᠳᠠᠮᠢᠷ ᠪᠤᠯᠠᠢ︾ ᠭᠡᠵᠡᠢ᠃      ᠮᠤᠩᠭᠤᠯ ᠦᠨᠳᠦᠰᠦᠳᠡᠨ ᠡᠷᠳᠡ ᠢᠵᠠᠭᠤᠷ ᠠᠴᠠ ᠪᠠᠨ ᠡᠷ᠎ᠡ ᠶᠢᠨ ᠭᠤᠷᠪᠠᠨ ᠨᠠᠭᠠᠳᠣᠮ ᠳᠤ ᠳᠣᠶᠢᠯ ᠤᠨ ᠳᠣᠷ᠎ᠠ ᠪᠠᠬ᠎ᠠ ᠲᠠᠢ ᠪᠦᠭᠡᠳ ᠠᠪᠢᠶᠠᠰ ᠲᠠᠢ ᠪᠠᠶᠢᠵᠤ᠂ ᠡᠨᠡ ᠨᠢ ᠮᠤᠩᠭᠤᠯ ᠦᠨᠳᠦᠰᠦᠳᠡᠨ ᠤ ᠠᠷᠠᠳ ᠤᠨ ᠳᠤᠮᠳᠠ ᠥᠷᠭᠡᠨ ᠳᠡᠯᠭᠡᠷᠡᠩᠬᠦᠢ ᠪᠠᠷ ᠤᠯᠠᠮᠵᠢᠯᠠᠭᠳᠠᠨ ᠶᠠᠪᠤᠭᠳᠠᠭᠰᠠᠭᠠᠷ ᠢᠷᠡᠭᠰᠡᠨ ᠶᠤᠮ᠃ ᠳᠡᠷᠡ ᠨᠢ ᠮᠤᠩᠭᠤᠯ ᠦᠨᠳᠦᠰᠦᠳᠡᠨ ᠤ ᠠᠮᠢᠳᠣᠷᠠᠯ᠂ ᠵᠠᠩ ᠳᠠᠳᠬᠠᠯ᠂ ᠤᠯᠤᠰ ᠲᠦᠷᠦ᠂ ᠠᠵᠤ ᠠᠬᠤᠢ᠂ ᠰᠣᠶᠣᠯ᠂ ᠨᠡᠶᠢᠬᠡᠮ ᠤᠨ ᠬᠦᠭᠵᠢᠯ ᠢ ᠲᠦᠪᠯᠡᠷᠡᠬᠦᠯᠦᠨ ᠳᠣᠰᠬᠠᠵᠤ᠂ ᠮᠤᠩᠭᠤᠯ ᠦᠨᠳᠦᠰᠦᠳᠡᠨ ᠤ ᠴᠢᠬᠤᠯᠠ ᠨᠢᠬᠡᠨ ᠰᠣᠶᠣᠯ ᠤᠨ ᠥᠪ ᠬᠦᠷᠥᠩᠭᠡ ᠪᠤᠯᠵᠠᠢ᠃     ᠨᠢᠬᠡ᠄ ᠪᠦᠬᠡ ᠪᠠᠷᠢᠯᠳᠣᠬᠤ      ᠪᠦᠬᠡ ᠪᠠᠷᠢᠯᠳᠣᠬᠤ ᠪᠤᠯ ᠮᠤᠩᠭᠤᠯᠴᠤᠳ ᠤᠨ ᠡᠷ᠎ᠡ ᠶᠢᠨ ᠭᠤᠷᠪᠠᠨ ᠨᠠᠭᠠᠳᠣᠮ ᠤᠨ ᠴᠢᠬᠤᠯᠠ ᠨᠢᠬᠡᠨ ᠲᠥᠷᠥᠯ ᠵᠦᠢᠯ ᠪᠤᠯᠤᠨ᠎ᠠ᠃ ᠡᠨᠡ ᠨᠢ ᠮᠥᠨ ᠴᠦ ᠬᠦᠮᠦᠨ ᠲᠥᠷᠥᠯᠬᠢᠳᠡᠨ ᠤ ᠬᠠᠮᠤᠭ ᠤᠨ ᠪᠠᠯᠠᠷ ᠡᠷᠳᠡᠨ ᠤ ᠪᠡᠶ᠎ᠡ ᠶᠢᠨ ᠳᠠᠮᠢᠷ  ᠤᠨ ᠬᠦᠳᠡᠯᠭᠡᠭᠡᠨ ᠤ ᠨᠢᠬᠡ ᠶᠤᠮ᠃ ᠪᠦᠬᠡ ᠪᠠᠷᠢᠯᠳᠣᠬᠤ ᠨᠢ ᠠᠩᠬ᠎ᠠ ᠡᠬᠢᠯᠡᠩᠬᠦᠳᠡ ᠬᠦᠮᠦᠰ ᠤᠨ ᠪᠡᠶ᠎ᠡ ᠪᠠᠨ ᠬᠠᠮᠠᠭᠠᠯᠠᠬᠤ᠂ ᠠᠪᠠ ᠠᠩ ᠬᠢᠬᠦ᠂ ᠢᠳᠡᠰᠢ ᠤᠭᠤᠤᠰᠢ ᠪᠠᠨ ᠤᠯᠬᠤ ᠳᠤ ᠦᠢᠯᠡᠴᠢᠯᠡᠵᠦ ᠪᠠᠶᠢᠭᠰᠠᠨ ᠪᠤᠯ ᠲᠡᠷᠡ ᠨᠢ ᠢᠳᠡᠭ ᠢᠳᠡᠭ ᠢᠶᠠᠷ ᠬᠦᠭᠵᠢᠭᠰᠡᠭᠡᠷ ᠨᠠᠭᠠᠳᠣᠮ ᠴᠡᠩᠭᠡᠬᠦᠨ ᠤ ᠤᠳᠬ᠎ᠠ ᠠᠭᠤᠯᠭ᠎ᠠ ᠲᠠᠢ ᠰᠤᠶᠤᠯ ᠪᠡᠶ᠎ᠡ ᠳᠠᠮᠢᠷ ᠤᠨ ᠬᠦᠳᠡᠯᠭᠡᠭᠡᠨ ᠪᠤᠯᠵᠠᠢ᠃      ᠮᠤᠩᠭᠤᠯᠴᠤᠳ ᠴᠢᠬᠤᠯᠠ ᠨᠢᠬᠡᠨ ᠪᠠᠶᠠᠷ ᠳᠣᠷᠠᠰᠬᠠᠯ ᠤᠨ ᠡᠳᠦᠷ ᠪᠤᠶᠤ ᠳᠠᠶᠢᠯᠭ᠎ᠠ ᠳᠠᠬᠢᠯᠭ᠎ᠠ ᠶᠢᠨ ᠦᠶᠡᠰ  ᠲᠤ ᠪᠦᠷ ᠪᠦᠬᠡ ᠶᠢᠨ ᠤᠷᠤᠯᠳᠣᠭᠠᠠᠨ ᠡᠷᠬᠢᠯᠡᠨ ᠶᠠᠪᠤᠭᠤᠯᠳᠠᠭ᠃ ᠮᠤᠩᠭᠤᠯ ᠡᠷᠡᠴᠤᠳ ᠤᠨ ᠪᠢᠷ᠎ᠠ ᠴᠢᠳᠠᠯ᠂ ᠤᠷ᠎ᠠ ᠳᠡᠮ ᠢ ᠰᠢᠯᠭᠠᠭᠰᠠᠨ ᠪᠦᠭᠡ ᠶᠢᠨ ᠪᠠᠷᠢᠯᠳᠣᠭᠠᠨ ᠨᠢ ᠡᠷᠳᠡ ᠳᠡᠭᠡᠳᠦ ᠶᠢᠨ ᠦᠶ᠎ᠡ ᠠᠴᠠ ᠬᠠᠳᠠᠭᠤ ᠴᠢᠩᠭ᠎ᠠ ᠶᠤᠰᠤ ᠲᠦᠷᠢᠮ ᠲᠠᠢ ᠪᠠᠶᠢᠭᠰᠠᠨ ᠮᠦᠷᠳᠡᠭᠡᠨ ᠲᠡᠷᠡ ᠨᠢ ᠤᠯᠠᠮ ᠳᠡᠬᠦᠯᠳᠡᠷᠵᠢᠭᠰᠡᠭᠡᠷ ᠤᠳᠤ ᠳᠤ ᠬᠦᠷᠴᠡᠢ᠃ ᠮᠤᠩᠭᠤᠯ ᠪᠦᠭᠡ ᠶᠢᠨ ᠪᠠᠷᠢᠯᠳᠣᠭᠠᠨ ᠳᠤ ᠤᠷᠤᠯᠴᠠᠬᠤ ᠬᠦᠮᠦᠨ ᠨᠢ 2 ᠤᠨ ᠵᠡᠷᠭᠡᠳᠦ ᠳᠤᠭ᠎ᠠ ᠪᠠᠶᠢᠬᠤ ᠭᠡᠷᠡᠭᠳᠡᠢ᠃ ᠵᠢᠱᠢᠶᠡᠯᠡᠪᠡᠯ 32᠂ 128᠂ 256᠂ 512᠂ 1024 ᠭᠡᠬᠦ ᠮᠡᠳᠦ ᠁ ᠤᠷᠤᠯᠳᠤᠭᠠᠨ ᠨᠢ ᠨᠤᠭᠤᠯᠤᠨ ᠪᠠᠷᠢᠯᠳᠣᠬᠤ ᠲᠦᠷᠢᠮ ᠢ ᠭᠡᠷᠡᠭᠵᠢᠬᠦᠯᠵᠦ᠂ ᠴᠠᠭ ᠢ ᠬᠢᠵᠠᠭᠠᠷᠯᠠᠳᠠᠭ ᠦᠬᠡᠢ᠂ ᠨᠢᠬᠡ ᠤᠳᠠᠭᠠᠨ ᠤ ᠪᠠᠷᠢᠯᠳᠣᠭᠠᠨ ᠢᠶᠠᠷ ᠳᠡᠶᠢᠯᠦᠨ ᠳᠡᠶᠢᠯᠦᠭᠳᠡᠬᠦ ᠪᠠᠨ ᠢᠯᠭᠠᠵᠤ᠂ ᠨᠤᠭᠤᠯᠤᠭ᠎ᠠ ᠪᠦᠷᠢ ᠳᠤ ᠬᠠᠭᠠᠰ ᠳᠣᠭᠠᠨ ᠤ ᠬᠦᠮᠦᠨ ᠨᠢ ᠤᠷᠤᠯᠳᠣᠬᠤ ᠡᠷᠭᠡ ᠪᠠᠨ ᠠᠯᠳᠠᠳᠠᠭ᠃ ᠤᠷᠤᠯᠳᠣᠭᠠᠨ ᠤ ᠳ᠋ᠦᠩ ᠳᠤ ᠰᠢᠯᠭᠠᠷᠠᠨ ᠦᠯᠡᠳᠡᠭᠰᠡᠨ ᠪᠦᠬᠡᠴᠢᠳ ᠢ ᠲᠡᠷᠢᠬᠦᠨ᠂ ᠳᠡᠳ᠋᠂ ᠳᠡᠭᠡᠳᠦ ᠲᠦᠷᠪᠡ᠂ ᠳᠡᠭᠡᠳᠦ ᠨᠠᠢᠮᠠ ᠬᠡᠬᠦ ᠮᠡᠳᠦ ᠪᠠᠷ ᠳ᠋ᠤᠭᠠᠷᠯᠠᠵᠤ᠂ ᠡᠳ᠋ ᠪᠤᠳᠠᠰ ᠢᠶᠠᠷ ᠱᠠᠩᠨᠠᠨ ᠵᠤᠷᠢᠭᠵᠢᠭᠤᠯᠳᠠᠭ᠃     ᠬᠤᠶᠠᠷ᠄ ᠮᠤᠷᠢ ᠤᠷᠤᠯᠳᠣᠬᠤ      13 ᠳ᠋ᠣᠭᠠᠷ ᠵᠠᠭᠤᠨ ᠳᠤ ᠮᠤᠩᠭᠤᠯᠴᠤᠳ ᠮᠤᠷᠢ ᠲᠠᠢ ᠪᠠᠨ ᠬᠠᠮᠳᠣ ᠠᠽᠢᠶ᠎ᠠ ᠡᠸᠥ᠋ᠷᠥᠫᠡ ᠶᠢ ᠳᠣᠩᠰᠣᠯᠭᠠᠭᠰᠠᠨ ᠭᠠᠶᠢᠬᠠᠮᠰᠢᠭᠳᠣ ᠳᠡᠦᠬᠡ ᠶᠢ ᠪᠢᠴᠢᠭᠯᠡᠭᠰᠡᠨ ᠪᠤᠯᠬᠤᠷ ︽ᠮᠤᠷᠢᠨ ᠨᠢᠷᠤᠭᠤᠨ ᠳᠡᠭᠡᠷᠡᠬᠢ ᠦᠨᠳᠦᠰᠦᠳᠡᠨ︾ ᠬᠡᠵᠦ ᠠᠯᠳᠠᠷᠰᠢᠭᠰᠠᠨ ᠶᠤᠮ᠃ ᠮᠤᠷᠢ ᠨᠢ ᠨᠡᠩ ᠴᠦ ᠨᠡᠬᠦᠳᠡᠯᠯᠡᠨ ᠮᠠᠯᠵᠢᠬᠤ ᠠᠮᠢᠳᠣᠷᠠᠯ ᠤᠨ ᠳᠣᠳᠠᠭᠳᠠᠵᠤ ᠪᠤᠯᠤᠰᠢ ᠦᠬᠡᠢ ᠮᠠᠯ ᠳᠡᠵᠢᠬᠡᠪᠦᠷᠢ ᠪᠤᠯᠤᠭᠰᠠᠨ ᠤ ᠬᠤᠪᠢ ᠳᠤ᠂ ᠳᠡᠬᠦᠨ ᠢ ᠳᠤᠳᠤᠮᠳᠠᠨ ᠤᠨᠤᠬᠤ ᠠᠷᠭ᠎ᠠ ᠮᠡᠷᠭᠡᠵᠢᠯ ᠨᠢ ᠮᠤᠩᠭᠤᠯᠴᠤᠳ ᠤᠨ ᠦᠢᠯᠡᠳᠪᠦᠷᠢᠯᠡᠯ᠂ ᠠᠮᠢᠳᠣᠷᠠᠯ ᠲᠠᠢ ᠨᠢᠭᠳᠠ ᠬᠤᠯᠪᠤᠭᠳᠠᠵᠤ ᠪᠠᠶᠢᠳᠠᠭ᠃ ᠳᠡᠶᠢᠮᠦ ᠪᠠᠷ ᠢᠶᠠᠨ ᠮᠤᠷᠢ ᠤᠷᠤᠯᠳᠤᠬᠤ ᠨᠢ ᠮᠤᠩᠭᠤᠯᠴᠤᠳ ᠤᠨ ︽ᠡᠷ᠎ᠡ ᠶᠢᠨ ᠭᠤᠷᠪᠠᠨ ᠨᠠᠭᠠᠳᠣᠮ︾ ᠤᠨ ᠴᠢᠬᠤᠯᠠ ᠠᠭᠤᠯᠭ᠎ᠠ ᠪᠤᠯᠤᠭᠰᠠᠭᠠᠷ ᠢᠷᠡᠵᠡᠢ᠃      ᠮᠤᠷᠢᠨ ᠤᠷᠤᠯᠳᠤᠭᠠᠨ ᠨᠢ ᠬᠤᠷᠳᠣᠨ ᠮᠤᠷᠢᠨ ᠤ ᠤᠷᠤᠯᠳᠣᠭᠠᠨ ᠢᠶᠠᠷ ᠭᠤᠤᠯᠯᠠᠬᠤ᠂ ᠤᠷᠤᠯᠳᠣᠬᠤ ᠵᠠᠢ ᠨᠢ ᠶᠡᠷᠦ ᠶᠢᠨ ᠪᠠᠶᠢᠳᠠᠯ ᠳᠤ 25 — 35 ᠭᠠᠵᠠᠷ ᠪᠠᠶᠢᠳᠠᠭ᠃ ᠡᠶᠢᠮᠦᠷᠬᠦ ᠤᠷᠤᠯᠳᠤᠭᠠᠨ ᠪᠤᠯ ᠬᠤᠷᠳᠣᠴᠠ᠂ ᠳᠡᠰᠪᠦᠷᠢ ᠳᠡᠪᠴᠢᠶᠡᠷᠢ᠂ ᠮᠤᠷᠢᠨ ᠮᠡᠷᠭᠡᠵᠢᠯ᠂ ᠤᠢ ᠤᠬᠠᠭᠠᠨ ᠤ ᠦᠵᠡᠯᠴᠡᠭᠡᠨ ᠶᠤᠮ᠃ ᠤᠨᠤᠭᠠᠴᠢᠳ ᠨᠢ ᠤᠯᠠᠩᠬᠢ ᠳᠠᠭᠠᠨ 7 — 13 ᠨᠠᠰᠣᠨ ᠤ ᠬᠡᠦᠬᠡᠳ ᠪᠤᠯᠤᠨ᠎ᠠ᠂ ᠮᠤᠷᠢ ᠪᠠᠨ ᠡᠮᠡᠭᠡᠯ ᠳᠣᠬᠤᠬᠤ ᠦᠬᠡᠢ ᠵᠠᠶᠢᠳᠠᠩ ᠤᠨᠤᠳᠠᠭ ᠪᠤᠯᠬᠤᠷ ᠤᠷᠤᠯᠳᠣᠭᠠᠨ ᠤ ᠮᠤᠷᠢ ᠤᠨᠤᠬᠤ ᠨᠢ ᠳᠡᠭᠡᠳᠦ ᠬᠡᠮᠵᠢᠶᠡᠨ ᠤ ᠮᠤᠷᠢᠨ ᠮᠡᠷᠭᠡᠵᠢᠯ ᠤᠨ ᠤᠷ᠎ᠠ ᠳᠡᠮ ᠢ ᠱᠠᠭᠠᠷᠳᠠᠳᠠᠭ᠃      ᠮᠤᠷᠢᠨ ᠤᠷᠤᠯᠳᠣᠭᠠᠨ ᠡᠬᠢᠯᠡᠬᠦ ᠠᠴᠠ ᠡᠮᠦᠨ᠎ᠡ ᠮᠤᠷᠢ ᠪᠤᠶᠤ ᠤᠨᠤᠭᠠᠴᠢᠳ ᠢ ᠳᠣᠭᠤᠶᠢᠯᠠᠩ ᠬᠤᠪᠢᠶᠠᠳᠠᠭ᠃ ᠮᠤᠷᠢᠨ ᠤ ᠨᠠᠰᠣ ᠰᠢᠳᠦ ᠶᠢ ᠦᠨᠳᠦᠰᠦᠯᠡᠬᠦ ᠶᠢᠨ ᠳᠠᠭᠠᠤ ᠪᠠᠰᠠ ᠠᠯᠬᠤᠭ᠎ᠠ ᠬᠢᠰᠬᠢᠭᠡ ᠪᠠᠷ ᠨᠢ ᠢᠯᠭᠠᠵᠤ ᠬᠤᠷᠳᠣᠨ᠂ ᠵᠢᠷᠤᠭ᠎ᠠ᠂ ᠬᠠᠳᠠᠷᠢᠭ᠎ᠠ ᠬᠡᠬᠦ ᠮᠡᠳᠦ ᠪᠠᠷ ᠬᠤᠪᠢᠶᠠᠨ᠂ ᠠᠳᠠᠯᠢ ᠪᠤᠰᠣ ᠶᠢᠨ ᠵᠠᠢ ᠲᠠᠢ ᠪᠠᠷ ᠤᠷᠤᠯᠳᠣᠭᠤᠯᠳᠠᠭ᠃     ᠭᠤᠷᠪᠠ᠄ ᠰᠣᠷ ᠬᠠᠷᠪᠤᠬᠤ      ᠰᠣᠷ ᠬᠠᠷᠪᠤᠬᠤ ᠪᠤᠯ ᠨᠡᠬᠦᠳᠡᠯᠴᠢᠨ ᠮᠤᠩᠭᠤᠯᠴᠤᠳ ᠤᠨ ᠠᠪᠠ ᠠᠩ ᠬᠢᠬᠦ᠂ ᠳᠠᠶᠢᠨ ᠪᠠᠶᠢᠯᠳᠣᠭᠠᠨ ᠳᠤ ᠶᠠᠪᠤᠬᠤ ᠳᠤ ᠵᠠᠪᠠᠯ ᠱᠠᠭᠠᠷᠳᠠᠭᠳᠠᠳᠠᠭ ᠤᠷ᠎ᠠ ᠮᠡᠷᠭᠡᠵᠢᠯ ᠪᠤᠯᠬᠤᠷ ᠲᠡᠷᠡ ᠨᠢ ᠡᠷᠬᠡᠪᠰᠢ ︽ᠡᠷ᠎ᠡ ᠶᠢᠨ ᠭᠤᠷᠪᠠᠨ ᠨᠠᠭᠠᠳᠣᠮ︾ ᠤᠨ ᠪᠠᠰᠠ ᠨᠢᠬᠡᠨ ᠲᠥᠷᠥᠯ ᠵᠦᠢᠯ ᠳᠤ ᠵᠢᠭᠰᠠᠭᠠᠭᠳᠠᠬᠤ ᠪᠤᠯᠵᠠᠢ᠃      ᠰᠣᠷ ᠬᠠᠷᠪᠤᠬᠤ ᠤᠷᠤᠯᠳᠣᠭᠠᠨ ᠳᠤ ᠳᠣᠭᠳᠠᠭᠰᠠᠨ ᠵᠠᠢ ᠪᠠᠷ ᠫᠠᠢ ᠶᠢ ᠳᠣᠬᠢᠷᠠᠭᠤᠯᠳᠠᠭ᠃ ᠫᠠᠢ ᠨᠢ ᠭᠤᠤᠯᠳᠠᠭᠤ ᠰᠠᠷᠠᠨ ᠫᠠᠢ᠂ ᠰᠣᠷ ᠫᠠᠢ᠂ ᠠᠷᠠᠰᠣᠨ ᠫᠠᠢ᠂ ᠪᠦᠮᠪᠦᠬᠡᠨ ᠫᠠᠢ᠂ ᠬᠦᠮᠦᠨ ᠬᠡᠯᠪᠡᠷᠢᠳᠦ ᠪᠠ ᠠᠷᠢᠶᠠᠳᠠᠨ ᠠᠮᠢᠳᠠᠨ ᠤ ᠬᠡᠯᠪᠡᠷᠢᠳᠡᠢ ᠪᠠᠶᠢᠳᠠᠭ᠃ ᠡᠳᠡᠭᠡᠷ ᠫᠠᠢ ᠨᠤᠭᠤᠳ ᠢ ᠬᠠᠷᠪᠤᠬᠤ ᠬᠡᠯᠪᠡᠷᠢ ᠮᠠᠶ᠋ᠢᠭ ᠨᠢ ᠤᠯᠠᠨ ᠮᠥᠷᠳᠡᠭᠡᠨ ᠤᠨᠴᠠᠯᠢᠭ ᠲᠠᠢ ᠶᠤᠮ᠃ ᠤᠷᠤᠯᠳᠣᠭᠠᠨ ᠳᠡᠬᠦᠰᠦᠭᠰᠡᠨ ᠤ ᠳᠠᠷᠠᠭ᠎ᠠ ᠪᠠᠷ ᠰᠢᠯᠢᠳᠡᠭ ᠬᠠᠷᠪᠤᠭᠠᠴᠢᠳ ᠲᠤ ᠪᠠᠨ ᠢᠷᠠᠭᠤ ᠠᠯᠳᠠᠷ ᠤᠨ ᠴᠣᠯᠠ ᠤᠯᠭᠤᠵᠤ᠂ ᠪᠦᠬᠡ ᠪᠤᠯᠤᠨ ᠮᠤᠷᠢᠨ ᠤᠷᠤᠯᠳᠣᠭᠠᠨ ᠲᠠᠢ ᠠᠳᠠᠯᠢ ᠪᠠᠷ ᠡᠳ᠋ ᠪᠤᠳᠠᠰ ᠢᠶᠠᠷ ᠱᠠᠩᠨᠠᠨ ᠵᠤᠷᠢᠭᠵᠢᠭᠤᠯᠳᠠᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号