ᠠᠷᠠᠰᠤ ᠢᠳᠡᠭᠡᠯᠡᠬᠦ ᠰᠤᠶᠤᠯ ᠢᠶᠠᠨ ᠦᠪᠯᠡᠭᠴᠢ ᠭᠡᠰᠢᠭᠳᠡᠯᠠᠢ
ᠨᠡᠶᠢᠲᠡᠯᠡᠭᠰᠡᠨ ᠴᠠᠭ᠄
2018-04-27
     ᠮᠠᠯᠴᠢᠨ ᠭᠦᠮᠦᠨ ᠮᠢᠩᠭᠠᠨ ᠮᠡᠷᠭᠡᠵᠢᠯ ᠲᠠᠢ ᠭᠡᠳᠡᠭ᠃ ᠤᠯᠠᠨ ᠤᠯᠠᠨ ᠤᠷ᠎ᠠ ᠮᠠᠷᠭᠡᠵᠢᠯ ᠲᠠᠢ ᠮᠠᠯᠴᠢᠳ ᠪᠢᠳᠡᠨ ᠤ ᠲᠡᠷᠭᠡᠳᠡ ᠠᠮᠢᠳᠤᠷᠠᠵᠤ ᠪᠠᠶᠢᠳᠠᠭ ᠢ ᠬᠠᠷᠠᠭᠠᠳ ᠡᠨᠡ ᠦᠭᠡ ᠤᠨᠤᠬᠰᠠᠨ ᠦᠭᠡ ᠭᠡᠵᠤ ᠪᠢ ᠪᠤᠳᠤᠯ᠎ᠠ᠃ ᠲᠡᠳᠡᠨ ᠤ ᠨᠢᠭᠡ ᠨᠢ ᠪᠤᠯᠬᠤ ᠭᠡᠰᠢᠭᠳᠡᠯᠠᠢ ᠭᠤᠸᠠᠢ ᠪᠤᠯ ᠮᠤᠩᠭᠤᠯ ᠦᠨᠳᠤᠰᠤᠳᠡᠨ ᠤ ᠤᠯᠠᠮᠵᠢᠯᠠᠯᠳᠦ ᠠᠷᠠᠰᠤ ᠢᠳᠡᠭᠡᠯᠡᠭᠦ ᠮᠡᠷᠭᠡᠵᠢᠯ ᠢᠶᠠᠷ ᠬᠤᠯᠠ ᠤᠶᠢᠷ᠎ᠠ ᠳᠠᠭᠠᠨ ᠠᠯᠳᠠᠷᠰᠢᠵᠠᠢ᠃
     ᠦᠤᠰᠢᠨ ᠬᠤᠰᠢᠭᠤᠨ ᠤ ᠭᠠᠯᠠᠭᠤᠳᠤ ᠪᠠᠯᠭᠠᠰᠤᠨ ᠤ ᠰᠠᠷᠠᠭᠤᠯᠨᠤᠳᠤᠭ ᠭᠠᠴᠠᠭ᠎ᠠ ᠪᠠᠷ ᠨᠤᠳᠤᠭ ᠲᠠᠢ᠂ ᠲᠠᠯᠠᠠ ᠭᠤᠷᠪᠠᠨ ᠨᠠᠰᠤᠨ ᠤ ᠲᠠᠪᠠᠭ᠎ᠠ ᠶᠢ ᠲᠠᠪᠠᠵᠤ ᠶᠠᠪᠤᠭ᠎ᠠ ᠮᠠᠯᠴᠢᠨ ᠭᠡᠰᠢᠭᠳᠡᠯᠠᠢ 40 ᠭᠠᠷᠤᠢ ᠵᠢᠯ ᠤᠨ ᠲᠤᠷᠰᠢ ᠮᠤᠩᠭᠤᠯ ᠦᠨᠳᠤᠰᠤᠳᠡᠨ ᠤ ᠤᠯᠠᠮᠵᠢᠯᠠᠯᠳᠦ ᠠᠷᠠᠰᠤ ᠢᠳᠡᠭᠡᠯᠡᠭᠦ ᠮᠡᠷᠭᠡᠵᠢᠯ ᠢᠶᠠᠨ ᠲᠡᠭᠡᠳᠦᠯᠡᠭᠰᠡᠭᠡᠷ ᠢᠷᠡᠵᠠᠢ᠃ ᠠᠷᠠᠰᠤ ᠢᠳᠡᠭᠡᠯᠡᠭᠦ ᠪᠤᠯ ᠮᠤᠩᠭᠤᠯ ᠦᠨᠳᠤᠰᠤᠳᠡᠨ ᠤ ᠤᠯᠠᠮᠵᠢᠯᠠᠯᠳᠦ ᠠᠮᠢᠳᠤᠷᠠᠯ ᠦᠢᠯᠡᠳᠪᠦᠷᠢᠯᠡᠯ ᠳᠡᠭᠡᠨ ᠠᠷᠠᠰᠤᠨ ᠡᠳ᠋ᠯᠡᠯ ᠢ ᠦᠢᠯᠡᠳᠬᠦ ᠠᠴᠠ ᠡᠮᠤᠨᠡᠭᠢ ᠵᠠᠪᠠᠯ ᠦᠩᠭᠡᠷᠡᠭᠦᠯᠭᠦ ᠶᠤᠰᠤᠳᠡᠢ ᠠᠩᠬᠠᠨ ᠤ ᠶᠠᠪᠤᠴᠠ ᠪᠤᠯᠤᠨ᠎ᠠ᠃ ᠠᠷᠠᠰᠤ ᠢᠳᠡᠭᠡᠯᠡᠭᠦ ᠳᠤ ᠤᠯᠠᠨ ᠵᠦᠢᠯ ᠢ ᠠᠩᠬᠠᠷᠴᠦ ᠨᠢᠮᠪᠠᠢ ᠠᠷᠠᠴᠢᠯᠠᠬᠤ ᠭᠡᠷᠡᠭᠳᠡᠢ ᠭᠡᠵᠤ ᠭᠡᠰᠢᠭᠳᠡᠯᠡᠢ ᠨᠠᠰᠤᠳᠠᠨ ᠭᠡᠯᠡᠵᠤ ᠪᠠᠶᠢᠭᠰᠠᠨ᠃ ᠶᠠᠭᠤᠨ ᠤ ᠡᠮᠤᠨ᠎ᠡ ᠠᠷᠠᠰᠤ ᠰᠤᠩᠭᠤᠬᠤ ᠨᠢ ᠬᠠᠮᠤᠭ ᠠᠴᠠ ᠴᠢᠬᠤᠯᠠ᠂ ᠡᠪᠤᠯ ᠤᠨ ᠦᠭᠦᠴᠡᠨ ᠳᠤ ᠨᠢᠳᠤᠯᠡᠬᠰᠡᠨ ᠮᠠᠯ ᠤᠨ ᠦᠰᠦ ᠨᠤᠤᠰᠤ ᠨᠢ ᠤᠷᠳᠤ ᠪᠤᠯᠬᠤᠷ ᠢᠳᠡᠭᠡᠯᠡᠪᠡᠯ ᠦᠰᠦ ᠨᠢ ᠠᠮᠠᠷᠬᠠᠨ ᠤᠨᠠᠴᠢᠬᠠᠳᠠᠭ ᠠᠴᠠ ᠤᠯᠠᠩᠭᠢ ᠳᠠᠭᠠᠨ ᠡᠪᠤᠯ ᠠᠯᠠᠬᠰᠠᠨ ᠮᠠᠯ ᠤᠨ ᠠᠷᠠᠰᠤ ᠶᠢ ᠭᠡᠷᠡᠭᠯᠡᠳᠡᠭ᠂ ᠬᠠᠷᠢᠨ ᠵᠤᠨ ᠨᠠᠮᠤᠷ ᠤᠨ ᠨᠢᠳᠤᠯᠡᠬᠰᠡᠨ ᠮᠠᠯ ᠤᠨ ᠦᠰᠦ ᠨᠢ ᠪᠤᠭᠤᠨᠢ ᠪᠤᠯᠬᠤᠷ ᠢᠳᠡᠭᠡᠯᠡᠭᠦ ᠳᠤ ᠦᠰᠦ ᠨᠢ ᠠᠮᠠᠷᠬᠠᠨ ᠤᠨᠠᠬᠤ ᠦᠭᠡᠢ ᠲᠦᠪᠡᠭ ᠲᠠᠢ ᠪᠠᠶᠢᠳᠠᠭ ᠪᠠᠶᠢᠨ᠎ᠠ᠃ ᠠᠷᠠᠰᠤ ᠪᠠᠨ ᠰᠤᠩᠭᠤᠬᠰᠠᠨ ᠤ ᠲᠠᠷᠠᠭ᠎ᠠ ᠢᠳᠡᠭᠡᠯᠡᠭᠦ ᠶᠢᠨ ᠤᠷᠢᠳᠤ ᠡᠳᠤᠷ ᠨᠢ ᠠᠷᠠᠰᠤᠨ ᠤ ᠦᠩᠭᠡ ᠶᠢ ᠨᠢ ᠰᠠᠶᠢᠬᠠᠨ ᠪᠤᠯᠭᠠᠵᠤ᠂ ᠢᠳᠡᠭᠡ ᠶᠢ ᠬᠤᠪᠢᠯᠵᠤ ᠢᠯᠵᠢᠷᠠᠬᠦ ᠠᠴᠠ ᠰᠡᠷᠭᠡᠶᠢᠯᠡᠭᠦ ᠤᠬᠠᠭᠠᠨ ᠠᠴᠠ ᠭᠡᠪ ᠤᠨ ᠴᠠᠢ ᠪᠠᠷ ᠠᠷᠠᠰᠤ ᠪᠠᠨ ᠲᠡᠪᠳᠦᠭᠡᠳᠡᠭ ᠪᠠᠶᠢᠨ᠎ᠠ᠃ ᠢᠳᠡᠭᠡ ᠪᠠᠨ ᠨᠠᠶᠢᠷᠠᠭᠤᠯᠬᠤ ᠨᠢ ᠪᠠᠰᠠ ᠨᠢᠭᠡ ᠴᠢᠬᠤᠯᠠ ᠶᠠᠪᠤᠴᠠ ᠪᠤᠯᠤᠨ᠎ᠠ᠃ 15᠎ ᠠᠴᠠ 20 ᠵᠢᠩ ᠤᠨ ᠠᠮᠤᠨ ᠭᠤᠯᠢᠷ᠂ ᠴᠠᠭᠠᠨ ᠪᠤᠳᠠᠭᠠᠨ ᠭᠤᠯᠢᠷ ᠢ 100 ᠵᠢᠩ ᠤᠨ ᠦᠳᠭᠡᠨ ᠰᠢᠩᠭᠡᠨ ᠨᠢ ᠬᠤᠯᠢᠷᠠᠬᠰᠠᠨ ᠴᠠᠭ᠎ᠠ ᠲᠠᠢ ᠬᠤᠯᠢᠭᠠᠳ 3᠎ ᠠᠴᠠ 4 ᠵᠢᠩ ᠤᠨ ᠲᠠᠪᠤᠰᠤ ᠶᠢ ᠪᠤᠴᠠᠯᠤᠬᠰᠠᠨ ᠤᠰᠤᠨ ᠳᠤ ᠠᠭᠤᠰᠬᠠᠨ ᠬᠢᠬᠡᠳ ᠨᠠᠶᠢᠷᠠᠭᠤᠯᠵᠤ ᠴᠢᠨᠠᠭᠠᠳ ᠭᠤᠯᠢᠷ ᠨᠢ ᠪᠤᠯᠴᠢᠬᠠᠪᠠᠯ ᠭᠠᠷᠭᠠᠵᠤ ᠠᠪᠤᠭᠠᠳ ᠲᠠᠪᠤᠰᠤ ᠶᠢ ᠨᠢ ᠠᠮᠰᠠᠭᠠᠳ ᠪᠤᠳᠠᠭ᠎ᠠ ᠬᠤᠭᠤᠯᠠᠨ ᠤ ᠲᠠᠪᠤᠰᠤ ᠠᠴᠠ ᠴᠢᠩᠭ᠎ᠠ ᠰᠢᠭ᠋ ᠪᠠᠶᠢᠯᠭᠠᠳᠠᠭ︔ ᠨᠢᠬᠡ ᠦᠨᠵᠢᠬᠦᠯᠦᠭᠡᠳ ᠮᠠᠷᠭᠠᠰᠢ ᠦᠷᠯᠦᠭᠡ ᠨᠢ ᠴᠡᠢ ᠳᠤ ᠲᠡᠪᠳᠦᠭᠡᠭᠰᠡᠨ ᠠᠷᠠᠰᠤ ᠪᠠᠨ ᠲᠦᠷᠪᠡᠯᠵᠢᠨ ᠡᠪᠭᠡᠭᠡᠳ ᠭᠠᠩ ᠲᠤᠳᠤᠷ᠎ᠠ ᠪᠠᠨ ᠬᠢᠵᠤ ᠲᠤᠯᠠᠭᠠᠨ ᠤ ᠭᠡᠮᠵᠢᠶ᠎ᠠ ᠶᠢ ᠨᠢ 20 ᠭᠷᠡᠳᠦ᠋ᠰ ᠠᠴᠠ ᠭᠡᠳᠦᠷᠡᠭᠦᠯᠭᠦ ᠦᠭᠡᠢ ᠪᠠᠶᠢᠯᠭᠠᠵᠤ ᠨᠠᠷᠠ ᠰᠠᠯᠬᠢ ᠶᠢ ᠲᠡᠩᠴᠡᠭᠦᠯᠦᠨ᠂ ᠡᠳᠦᠷ ᠲᠤ 3 ᠤᠳᠠᠭ᠎ᠠ ᠡᠷᠭᠢᠭᠦᠯᠤᠨ᠎ᠠ᠃ ᠡᠷᠭᠢᠭᠦᠯᠭᠦ ᠳᠡᠭᠡᠨ ᠵᠦᠪᠬᠡᠨ ᠭᠦᠳᠡᠯᠭᠡᠭᠡᠳ ᠬᠠᠶᠠᠬᠤ ᠪᠢᠰᠢ ᠬᠠᠷᠢᠨ ᠨᠢᠭᠡ ᠡᠳᠦᠷ ᠦᠩᠭᠡ ᠪᠠᠷ ᠨᠢ ᠲᠠᠯᠪᠢᠪᠡᠯ ᠲᠠᠷᠠᠭ᠎ᠠ ᠡᠳᠦᠷ ᠨᠢ ᠰᠢᠷ᠎ᠠ ᠮᠢᠬ᠎ᠠ ᠪᠠᠷ ᠨᠢ ᠲᠠᠯᠪᠢᠵᠤ ᠲᠡᠭᠰᠢ ᠢᠳᠡᠭᠡᠯᠡᠭᠳᠡᠭᠦ ᠶᠢ ᠰᠠᠶᠢᠨ ᠠᠩᠬᠠᠷᠬᠤ ᠨᠢ ᠪᠠᠰᠠ ᠨᠢᠭᠡᠨ ᠴᠢᠬᠤᠯᠠ ᠬᠢᠳᠡᠯ ᠪᠤᠯᠤᠨ᠎ᠠ᠃ ᠠᠷᠠᠰᠤ ᠢᠳᠡᠭᠡᠯᠡᠭᠦ ᠳᠡᠭᠡᠨ ᠵᠠᠪᠠᠯ ᠵᠤᠨ ᠤ ᠲᠦᠢᠯ ᠤᠨ ᠡᠳᠦᠷ ᠠᠴᠠ ᠡᠬᠢᠯᠡᠭᠡᠳ ᠢᠳᠡᠭᠡᠨ ᠳᠤ ᠲᠠᠯᠪᠢᠵᠤ᠂ ᠢᠳᠡᠭᠡᠨ ᠳᠤ ᠲᠠᠯᠪᠢᠬᠰᠠᠨ 15᠎ ᠠᠴᠠ 20 ᠡᠳᠦᠷ ᠤᠨ ᠲᠤᠳᠤᠷ᠎ᠠ ᠦᠰᠤ ᠨᠢ ᠭᠦᠳᠡᠯᠵᠤ ᠡᠬᠢᠯᠡᠳᠡᠭ ᠪᠠᠶᠢᠨ᠎ᠠ᠃ ᠶᠡᠭᠡ ᠰᠢᠭ ᠦᠭᠡᠷ ᠤᠨ ᠠᠷᠠᠰᠤ ᠶᠢ 45 ᠡᠳᠦᠷ ᠢᠳᠡᠬᠡᠯᠡᠵᠤ᠂ ᠲᠤᠭᠤᠯ ᠪᠢᠷᠠᠭᠤ ᠶᠢᠨ ᠠᠷᠠᠰᠤ ᠪᠤᠯ 30 ᠡᠳᠦᠷ ᠢᠳᠡᠭᠡᠯᠡᠪᠡᠯ ᠢᠳᠡᠭᠡ ᠤᠷᠤᠴᠢᠬᠠᠳᠠᠭ ᠪᠠᠶᠢᠨ᠎ᠠ᠃ ᠡᠳᠦᠷ ᠬᠤᠨᠤᠭ ᠨᠢ ᠤᠶᠢᠷᠠᠳᠪᠠᠯ ᠵᠠᠬ᠎ᠠ ᠠᠴᠠ ᠨᠢ ᠪᠠᠭ᠎ᠠ ᠵᠦᠰᠦᠮ ᠤᠬᠳᠤᠯᠵᠤ ᠠᠪᠤᠭᠠᠳ ᠠᠮᠠᠨ ᠳᠠᠭᠠᠨ ᠡᠮᠭᠦᠵᠤ ᠦᠵᠡᠭᠡᠳ ᠵᠦᠭᠡᠯᠡᠨ ᠮᠦᠷᠳᠡᠭᠡᠨ ᠦᠩᠭᠡ ᠨᠢ ᠴᠠᠭᠠᠨ ᠪᠠᠶᠢᠪᠠᠯ ᠢᠳᠡᠭᠡᠯᠡᠭᠰᠡᠨ ᠠᠷᠠᠰᠤ ᠪᠠᠨ ᠱᠦᠭᠦᠵᠤ ᠠᠪᠤᠭᠠᠳ ᠰᠡᠭᠦᠳᠡᠷ ᠲᠠᠢ ᠭᠠᠵᠠᠷ ᠲᠡᠭᠰᠢ ᠲᠠᠯᠭᠡᠨ ᠬᠠᠳᠠᠭᠠᠭᠠᠳ ᠭᠡᠷᠡᠭᠯᠡᠭᠦ ᠦᠶᠡᠰ ᠲᠡᠭᠡᠨ ᠪᠠᠭ᠎ᠠ ᠰᠠᠭ᠎ᠠ ᠨᠦᠢᠳᠡᠨ ᠰᠢᠷᠤᠢ ᠳᠤ ᠪᠤᠯᠠᠵᠤ ᠵᠦᠭᠡᠯᠡᠷᠡᠭᠦᠯᠦᠭᠡᠳ ᠰᠢᠷ᠎ᠠ ᠮᠢᠬ᠎ᠠ᠂ ᠦᠯᠡᠳᠡᠵᠤ ᠬᠤᠴᠤᠷᠤᠬᠰᠠᠨ ᠦᠰᠤ ᠵᠡᠷᠭᠡ ᠶᠢ ᠨᠢ ᠬᠤᠰᠤᠵᠤ ᠡᠯᠳᠡᠵᠤ ᠠᠪᠤᠭᠠᠳ ᠮᠤᠷᠢᠨ ᠤ ᠡᠳ᠋ᠯᠡᠯ ᠭᠡᠷᠡᠭᠰᠡᠯ ᠢ ᠬᠢᠳᠡᠭ ᠪᠠᠶᠢᠨ᠎ᠠ᠃
     ᠠᠷᠠᠰᠤ ᠢᠳᠡᠭᠡᠯᠡᠭᠦ ᠡᠳᠡᠭᠡᠷ ᠠᠯᠬᠤᠮ ᠶᠠᠪᠤᠴᠠ ᠶᠢ ᠪᠠᠭ᠎ᠠ ᠯᠠ ᠠᠯᠮᠠᠶᠢᠷᠠᠪᠠᠯ ᠢᠳᠡᠭᠡᠯᠡᠭᠰᠡᠨ ᠠᠷᠠᠰᠤ ᠨᠢ ᠦᠩᠭᠡ ᠨᠢ ᠮᠠᠭᠤᠬᠠᠢ ᠪᠤᠯᠬᠤ ᠪᠤᠶᠤ ᠢᠯᠵᠢᠷᠠᠵᠤ ᠬᠤᠪᠢᠯᠬᠤ ᠤᠴᠢᠷ ᠲᠤᠬᠢᠶᠠᠯᠳᠤᠳᠠᠭ ᠪᠠᠶᠢᠨ᠎ᠠ᠃ ᠲᠠᠶᠢᠮᠤ ᠠᠴᠠ ᠭᠡᠰᠢᠭᠳᠡᠯᠡᠢ ᠨᠠᠰᠤᠳᠠᠨ ᠡᠳᠡᠭᠡᠷ ᠨᠠᠷᠢᠯᠢᠭ ᠬᠢᠴᠡ ᠶᠢ ᠨᠢᠭᠡ ᠨᠢᠭᠡ ᠠᠯᠬᠤᠮ ᠢᠶᠠᠷ ᠦᠪᠡᠷ ᠤᠨ ᠪᠠᠶ᠎ᠠ ᠪᠠᠷ ᠢᠶᠠᠨ ᠭᠦᠢᠴᠡᠳᠭᠡᠵᠤ᠂ ᠠᠷᠠᠰᠤ ᠶᠢ ᠢᠳᠡᠭᠡᠨ ᠳᠤ ᠤᠷᠤᠳᠠᠯ᠎ᠠ ᠵᠢᠭᠠᠬᠠᠨ ᠴᠦ ᠰᠠᠯᠤᠯ ᠦᠭᠡᠢ ᠠᠵᠢᠬᠯᠠᠵᠤ ᠨᠢᠮᠪᠠᠢ ᠤᠷᠤᠯᠳᠤᠵᠤ ᠶᠠᠪᠤᠳᠠᠭ ᠢᠶᠠᠷ ᠲᠡᠭᠦᠨ ᠤ ᠢᠳᠡᠭᠡᠯᠡᠭᠰᠡᠨ ᠠᠷᠠᠰᠤ ᠨᠢ ᠪᠤᠰᠤᠳ ᠭᠦᠮᠦᠰ ᠤᠨ ᠢᠳᠡᠭᠡᠯᠡᠭᠰᠡᠨ ᠠᠷᠠᠰᠤ ᠠᠴᠠ ᠴᠢᠨᠡᠷ ᠨᠢ ᠰᠠᠶᠢᠨ᠂ ᠬᠠᠷᠢᠮᠠᠬᠠᠢ ᠴᠢᠨᠡᠷ ᠲᠠᠢ ᠮᠦᠷᠳᠡᠭᠡᠨ ᠦᠩᠭᠡ ᠨᠢ ᠴᠦ ᠰᠠᠶᠢᠬᠠᠨ ᠪᠠᠶᠢᠳᠠᠭ ᠪᠠᠶᠢᠨ᠎ᠠ ᠃ ᠬᠤᠯᠠ ᠤᠶᠢᠷ᠎ᠠ ᠶᠢᠨ ᠮᠠᠯᠴᠢᠳ ᠨᠢ ᠪᠦᠷ ᠯᠡ ᠭᠡᠰᠢᠭᠳᠡᠯᠠᠢ ᠨᠠᠰᠤᠳᠠᠨ ᠢ ᠭᠤᠶᠤᠵᠤ ᠠᠷᠠᠰᠤ ᠢᠳᠡᠭᠡᠯᠡᠭᠦᠯᠵᠦ ᠬᠠᠵᠠᠭᠠᠷ ᠨᠤᠬᠳᠤ᠂ ᠲᠠᠰᠢᠭᠤᠷ᠂ ᠴᠢᠳᠦᠷ᠂ ᠭᠠᠨᠵᠤᠭ᠎ᠠ᠂ ᠵᠢᠷᠢᠮ ᠵᠡᠷᠭᠡ ᠶᠢ ᠬᠢᠯᠭᠡᠳᠡᠭ ᠪᠠᠶᠢᠨ᠎ᠠ᠃      ᠠᠷᠠᠰᠤ ᠢᠳᠡᠭᠡᠯᠡᠭᠦ ᠮᠠᠳᠤ ᠶᠢᠨ ᠤᠯᠠᠮᠵᠢᠯᠠᠯᠳᠦ ᠮᠡᠷᠭᠡᠵᠢᠯ ᠢ ᠤᠳᠤ ᠶᠢᠨ ᠵᠠᠯᠠᠭᠤᠴᠤᠳ ᠪᠠᠷᠤᠭ ᠯᠡ ᠦᠵᠡᠵᠤ ᠴᠦ ᠦᠩᠭᠡᠷᠡᠭᠰᠡᠨ ᠦᠭᠡᠢ ᠪᠠᠶᠢᠵᠤ ᠮᠠᠳᠠᠨ᠎ᠠ᠂ ᠡᠳᠡᠭᠡᠷ ᠮᠤᠩᠭᠤᠯ ᠦᠨᠳᠤᠰᠤᠳᠡᠨ ᠤ ᠠᠮᠢᠳᠤᠷᠠᠯ ᠠᠬᠤᠢ ᠶᠢᠨ ᠰᠤᠶᠤᠯ ᠨᠢᠭᠡᠨᠳᠡ ᠭᠡᠭᠡᠭᠳᠡᠵᠤ ᠤᠷᠬᠢᠬᠳᠠᠨ ᠵᠦᠪᠭᠡᠨ ᠴᠦᠭᠡᠨ ᠲᠤᠭᠠᠨ ᠤ ᠭᠡᠳᠦᠨ ᠠᠬᠠᠮᠠᠳ ᠲᠤᠮᠤᠭᠠᠳᠠᠳ ᠮᠡᠳᠡᠵᠤ ᠪᠠᠶᠢᠨ᠎ᠠ᠃ ᠭᠡᠰᠢᠭᠳᠡᠯᠡᠢ ᠭᠤᠸᠠᠢ ᠡᠭᠡᠯ ᠪᠤᠷᠤᠬᠵᠢᠭᠤᠨ ᠬᠤᠶᠠᠷ ᠭᠠᠷ ᠢᠶᠠᠷ ᠢᠶᠠᠨ ᠥᠨᠳᠤᠰᠤᠳᠡᠨ ᠤ ᠤᠯᠠᠮᠵᠢᠯᠠᠯᠳᠦ ᠭᠤᠶᠤ ᠰᠠᠶᠢᠬᠠᠨ ᠪᠦᠳᠦᠭᠡᠭᠳᠡᠭᠦᠨ ᠢ ᠦᠢᠯᠡᠳᠴᠦ᠂ ᠮᠠᠯ ᠤᠨ ᠠᠰᠢᠭ ᠰᠢᠮ᠎ᠠ ᠶᠢ ᠪᠦᠷᠢᠨ ᠰᠠᠶᠢᠬᠠᠨ ᠠᠰᠢᠬᠯᠠᠵᠤ᠂ ᠥᠨᠳᠤᠰᠤᠳᠡᠨ ᠤ ᠰᠤᠶᠤᠯ᠂ ᠵᠠᠩ ᠦᠢᠯᠡ ᠶᠢ ᠤᠯᠠᠨ ᠳᠤ ᠮᠡᠳᠡᠭᠦᠯᠵᠦ᠂ ᠤᠷᠴᠢᠮ ᠲᠤᠩ ᠤᠯᠠᠨ ᠭᠠᠳᠠᠭᠠᠳᠤ ᠤᠯᠤᠰ ᠤᠨ ᠵᠤᠭᠠᠴᠠᠬᠴᠢ ᠶᠢᠨ ᠪᠠᠭ᠋ᠠᠷᠬᠠᠯ ᠢ ᠲᠠᠳᠠᠬᠰᠠᠨ ᠪᠠᠶᠢᠨ᠎ᠠ᠃
 
ᠢᠷᠡᠯᠲᠡ᠄ ᠤᠷᠳᠤᠰ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号