ᠮᠣᠩᠭᠤᠯᠴᠣᠳ ᠤᠨ ᠰᠢᠭᠦᠰᠦ ᠲᠠᠯᠪᠢᠬᠤ ᠶᠣᠰᠣᠨ
ᠨᠡᠶᠢᠲᠡᠯᠡᠭᠰᠡᠨ ᠴᠠᠭ᠄
2018-04-27
     ᠲᠡᠯᠡᠭᠡᠢ ᠳ᠋ᠠᠬᠢᠨ ᠳᠤ ᠮᠤᠩᠭᠤᠯᠴᠤᠳ᠂ ᠦᠨᠳᠦᠰᠦᠳᠡᠨ ᠤ ᠬᠤᠪᠢ ᠪᠠᠷ ᠪᠠᠶᠢᠷᠢ ᠰᠠᠭᠤᠷᠢ ᠡᠵᠡᠯᠡᠬᠦ ᠪᠤᠯᠤᠭᠰᠠᠨ ᠴᠠᠭ ᠪᠤᠯ 13 ᠳ᠋ᠤᠭᠠᠷ ᠵᠠᠭᠤᠨ ᠤ ᠦᠶ᠎ᠡ ᠠᠴᠠ ᠡᠭᠢᠯᠡᠨ᠎ᠡ᠃ ᠡᠷᠳᠡᠨ ᠤ ᠲᠡᠷᠡ ᠴᠠᠭ ᠠᠴᠠ ᠮᠤᠩᠭᠤᠯ ᠦᠨᠳᠦᠰᠦᠳᠡᠨ ᠳᠤ ᠪᠠᠶᠢᠭᠰᠠᠨ ᠦᠪᠡᠷ ᠤᠨ ᠠᠮᠢᠳᠤᠷᠠᠯ ᠤᠨ ᠲᠤᠭᠳᠠᠭᠰᠠᠨ ᠤᠨᠴᠠᠭᠠᠢ ᠭᠡᠪ ᠨᠠᠮᠪᠠ ᠵᠠᠩ ᠵᠢᠷᠦᠮ ᠭᠡᠭᠴᠢ ᠨᠢᠭᠡᠨ ᠲᠦᠭᠡᠮᠡᠯ ᠦᠵᠡᠭᠳᠡᠯ ᠤᠳᠤ ᠶᠢᠨ ᠮᠤᠩᠭᠤᠯ ᠠᠷᠠᠳ ᠤᠨ ᠠᠮᠢᠳᠤᠷᠠᠯ ᠳᠤ ᠴᠤ ᠲᠠᠰᠤᠷᠠᠭᠠᠳᠤᠢ ᠪᠠᠶᠢᠭᠰᠠᠭᠠᠷ ᠠᠵᠠᠢ᠃ ᠲᠡᠭᠦᠨ ᠠᠴᠠ ᠢᠷᠭᠡ ᠶᠢᠨ ᠰᠢᠭᠦᠰᠦ ᠲᠡᠪᠰᠢᠭᠦᠯᠬᠦ ᠭᠡᠳᠡᠭ ᠨᠢᠭᠡ ᠯᠡ ᠬᠢᠨ ᠵᠢᠷᠦᠮᠰᠢᠯ ᠤᠨ ᠲᠤᠬᠠᠢ ᠶᠢ ᠠᠵᠢᠭᠯᠠᠬᠤ ᠳᠤ ᠮᠤᠩᠭᠤᠯᠴᠤᠳ ᠤᠨ ᠡᠷᠳᠡᠨ ᠠᠴᠠ ᠪᠠᠶᠢᠭᠰᠠᠨ ᠬᠦᠰᠡᠯ ᠮᠦᠷᠦᠭᠡᠳᠦᠯ ᠤᠨ ᠶᠡᠷᠦᠩᠭᠡᠢ ᠬᠠᠨᠳᠤᠯᠭ᠎ᠠ᠂ ᠲᠡᠭᠦᠨ ᠤ ᠶᠢᠷᠳᠢᠨᠴᠦ ᠶᠢ ᠦᠵᠡᠭᠦ ᠦᠵᠡᠯ ᠤᠨ ᠦᠪᠡᠷᠮᠢᠴᠡ ᠤᠨᠴᠠᠯᠢᠭ᠂ ᠡᠩ ᠶᠡᠭᠡ ᠭᠡᠭᠡᠷ᠎ᠡ ᠶᠢᠨ ᠨᠡᠭᠦᠳᠡᠯ ᠤᠨ ᠮᠠᠯ ᠠᠵᠤ ᠠᠬᠤᠶᠢᠳᠠᠨ ᠤ ᠠᠵᠤ ᠠᠮᠢᠳᠤᠷᠠᠯ ᠪᠤᠯᠤᠨ ᠭᠡᠪ ᠵᠠᠩᠰᠢᠯ ᠵᠡᠷᠭᠡ ᠡᠷᠳᠡᠨ ᠤ ᠬᠤᠪᠤᠷ ᠨᠠᠨᠳᠢᠨ ᠵᠢᠱᠢᠶ᠎ᠡ ᠪᠠᠷᠢᠮᠳᠠ ᠶᠢ ᠬᠦᠷᠳᠡᠯ᠎ᠡ ᠤᠯᠵᠤ ᠮᠡᠳᠡᠬᠦ ᠪᠤᠯᠤᠮᠵᠢ ᠪᠠᠶᠢᠳᠠᠭ᠃      ︵ᠨᠢᠭᠡ︶ ᠰᠢᠭᠦᠰᠦ      ᠰᠢᠭᠦᠰᠦ ᠪᠣᠯ ᠬᠤᠷᠢᠮ ᠨᠠᠶᠢᠷ᠂ ᠳᠠᠶᠢᠯᠠᠯᠭ᠎ᠠ᠂ ᠲᠠᠬᠢᠯᠭ᠎ᠠ ᠲᠠᠪᠢᠭᠯᠠᠯ ᠳᠤ ᠬᠡᠷᠡᠭᠯᠡᠬᠦ ᠮᠠᠯ ᠤᠨ ᠪᠦᠬᠦᠯᠢ ᠮᠢᠬ᠎ᠠ ᠶᠢᠨ ᠬᠦᠨᠳᠦᠳᠬᠡᠯ ᠦᠭᠡ᠃ ᠪᠠᠰᠠ ᠥᠳᠬᠡ ᠴᠦ ᠭᠡᠳᠡᠭ᠃ ᠭᠠᠷᠭᠠᠭᠰᠠᠨ ᠮᠠᠯ ᠤᠨ ᠲᠥᠷᠥᠯ ᠢᠯᠭᠠᠯ ᠢᠶᠠᠷ ᠨᠢ ᠮᠣᠷᠢᠨ ᠥᠳᠬᠡ᠂ ᠦᠬᠡᠷ ᠬᠠᠲᠠᠭᠤ᠂ ᠬᠤᠨᠢᠨ ᠰᠢᠭᠦᠰᠦ᠂ ᠢᠷᠭᠡ ᠶᠢᠨ ᠰᠢᠭᠦᠰᠦ᠂ ᠳᠥᠯᠥᠭᠡᠨ ᠰᠢᠭᠦᠰᠦ᠂ ᠬᠤᠷᠠᠭᠠᠨ ᠰᠢᠭᠦᠰᠦ᠂ ᠢᠮᠠᠭᠠᠨ ᠰᠢᠭᠦᠰᠦ᠂ ᠭᠠᠭ᠋ᠠᠢ  ᠶᠢᠨ ᠰᠢᠭᠦᠰᠦ ᠴᠠᠭᠠᠰᠢᠯᠠᠪᠠᠯ ᠲᠠᠤᠯᠠᠢ ᠶᠢᠨ ᠰᠢᠭᠦᠰᠦ ᠁ ᠭᠡᠵᠤ ᠨᠡᠷᠡᠶᠢᠳᠬᠦ ᠴᠦ ᠪᠤᠢ᠃ ᠰᠢᠭᠦᠰᠦᠨ ᠤ ᠬᠡᠮ ᠬᠡᠮᠵᠢᠶ᠎ᠡ ᠪᠠᠷ ᠨᠢ᠄ ᠡᠩ ︵ᠶᠡᠷᠦ︶᠎ ᠤᠨ ᠰᠢᠭᠦᠰᠦ᠂ ᠪᠦᠬᠦᠯᠢ ︵ᠪᠦᠲᠦᠨ︶ ᠰᠢᠭᠦᠰᠦ᠂ ᠲᠡᠷᠢᠭᠦᠨ ᠰᠢᠭᠦᠰᠦ᠂ ᠳᠡᠳ᠋ ᠰᠢᠭᠦᠰᠦ᠂ ᠪᠠᠭ᠎ᠠ ᠰᠢᠭᠦᠰᠦ᠂ ᠶᠡᠭᠡ ᠰᠢᠭᠦᠰᠦ᠂ ᠪᠢᠲᠡᠭᠦᠦ ᠰᠢᠭᠦᠰᠦ᠂ ᠵᠠᠳᠠᠭᠠᠢ ᠰᠢᠭᠦᠰᠦ᠂ ᠰᠡᠷᠪᠡᠭᠡ ᠲᠠᠢ ᠰᠢᠭᠦᠰᠦ᠂ ᠰᠡᠷᠪᠡᠭᠡ ᠦᠭᠡᠢ ᠰᠢᠭᠦᠰᠦ᠂ ᠬᠠᠭᠠᠰ ᠰᠢᠭᠦᠰᠦ ᠂ ᠬᠤᠭᠤᠰ ᠰᠢᠭᠦᠰᠦ᠂ ᠮᠥᠴᠢ ᠰᠢᠭᠦᠰᠦ ︵ᠮᠥᠴᠢᠯᠡᠭᠰᠡᠨ ᠰᠢᠭᠦᠰᠦ ᠴᠦ ᠭᠡᠳᠡᠭ᠂ ᠮᠥᠴᠢ ᠰᠢᠭᠦᠰᠦᠨ ᠳᠤ ᠬᠤᠶᠢᠲᠤ ᠮᠥᠴᠢ᠂ ᠳᠠᠯᠤ ᠳᠥᠷᠪᠡᠨ ᠥᠨᠳᠥᠷ᠂ ᠳᠠᠯᠤ᠂ ᠡᠪᠴᠢᠭᠦᠦ᠂ ᠰᠡᠭᠦᠵᠢ᠂ ᠳᠤᠮᠳᠠ ᠴᠢᠮᠦᠭᠡ ᠵᠡᠷᠭᠡ ᠵᠢᠷᠭᠤᠭᠠᠨ ᠵᠦᠢᠯ ᠪᠤᠢ︶᠂ ᠤᠭᠤᠴᠠ ᠰᠢᠭᠦᠰᠦ ︵ᠭᠦᠶᠦᠯᠭᠡ ᠤᠭᠤᠴᠠ᠂ ᠣᠬᠤᠷ ᠤᠭᠤᠴᠠ᠂ ᠪᠠᠭ᠎ᠠ ᠤᠭᠤᠴᠠ︶᠂ ᠥᠷᠥᠭᠡᠯ ᠰᠢᠭᠦᠰᠦ᠂ ᠬᠠ ᠶᠢᠨ ᠰᠢᠭᠦᠰᠦ᠂ ᠬᠠᠪᠰᠤᠷᠤᠭ᠎ᠠ ᠰᠢᠭᠦᠰᠦ᠂ ᠬᠠᠰᠢᠭᠰᠠᠨ ᠰᠢᠭᠦᠰᠦ᠂ ᠲᠣᠯᠣᠭᠠᠢ ᠰᠢᠭᠦᠰᠦ ᠁ ᠵᠡᠷᠭᠡ ᠪᠤᠢ᠃ ᠪᠣᠯᠭᠤᠭᠰᠠᠨ ᠠᠷᠭ᠎ᠠ ᠪᠠᠷ ᠨᠢ᠄ ᠤᠯᠠᠭᠠᠨ ᠰᠢᠭᠦᠰᠦ᠂ ᠴᠠᠭᠠᠨ ᠰᠢᠭᠦᠰᠦ᠂ ᠥᠳᠬᠡᠷᠡᠭᠦᠯᠦᠭᠰᠡᠨ ᠰᠢᠭᠦᠰᠦ᠂ ᠰᠢᠷᠠᠭᠰᠠᠨ ᠰᠢᠭᠦᠰᠦ᠂ ᠰᠢᠷᠠᠵᠤ ᠬᠠᠭᠰᠠᠭᠠᠭᠰᠠᠨ ᠰᠢᠭᠦᠰᠦ᠂ ᠴᠢᠨᠠᠭᠠᠳ ᠰᠢᠷᠠᠭᠰᠠᠨ ᠰᠢᠭᠦᠰᠦ᠂ ᠴᠢᠨᠠᠭᠰᠠᠨ ᠰᠢᠭᠦᠰᠦ᠂ ᠵᠣᠯᠣᠮ᠎ᠠ ᠰᠢᠭᠦᠰᠦ᠂ ᠵᠤᠯᠤᠮ ᠰᠢᠭᠦᠰᠦ ᠁ ᠬᠡᠭᠦ ᠵᠡᠷᠭᠡ ᠪᠠᠷ ᠨᠡᠷᠡᠯᠡᠬᠦ ᠴᠦ ᠪᠤᠢ᠃ ᠲᠡᠭᠦᠨᠴᠢᠯᠡᠨ ᠮᠣᠩᠭᠤᠯ ᠤᠨ ᠦᠢ ᠤᠯᠠᠨ ᠠᠶᠢᠮᠠᠭ ᠤᠭᠰᠠᠭ᠎ᠠ ᠨᠤᠭᠤᠳ ᠬᠢᠵᠠᠭᠠᠷ ᠦᠭᠡᠢ ᠥᠷᠭᠡᠨ ᠠᠭᠤᠳᠠᠮ ᠭᠠᠵᠠᠷ ᠨᠤᠲᠤᠭ ᠲᠤ ᠲᠠᠷᠬᠠᠨ ᠨᠤᠲᠤᠭᠯᠠᠵᠤ ᠪᠠᠶᠢᠭ᠎ᠠ ᠲᠤᠯᠠ ᠨᠡᠷᠡᠯᠡᠬᠦ ᠨᠡᠷ᠎ᠡ ᠮᠢᠳᠠᠭ ᠨᠢ ᠠᠳᠠᠯᠢ ᠦᠭᠡᠢ ᠮᠥᠷᠲᠡᠭᠡᠨ ᠰᠢᠭᠦᠰᠦ ᠲᠠᠯᠪᠢᠬᠤ ᠳᠤ ᠪᠠᠨ ᠴᠦ ᠲᠥᠷᠥᠯ ᠵᠦᠢᠯ ᠬᠤᠪᠢᠶᠠᠬᠤ ᠪᠣᠯᠣᠨ ᠰᠠᠯᠭᠠᠵᠤ ᠵᠠᠰᠠᠬᠤ ᠳᠦᠷᠢᠮ᠂ ᠦᠭᠡᠯᠡᠵᠦ ᠵᠦᠰᠦᠬᠦ ᠭᠤᠷᠢᠮ ᠵᠡᠷᠭᠡ ᠲᠤᠰᠬᠠᠢ ᠶᠣᠰᠣ ᠨᠢ ᠥᠪᠡᠷ ᠬᠤᠭᠤᠷᠣᠨᠳᠤ ᠪᠠᠨ ᠲᠤᠰ ᠲᠤᠰ ᠤᠨ ᠢᠶᠠᠨ ᠨᠠᠷᠢᠨ ᠢᠯᠭᠠᠭ᠎ᠠ ᠪᠠᠶᠢᠬᠤ ᠨᠢ ᠵᠠᠶᠢᠯᠠᠰᠢ ᠦᠭᠡᠢ ᠶᠤᠮ᠃ ᠣᠷᠳᠣᠰ ᠲᠤ ᠮᠣᠷᠢᠨ ᠥᠳᠬᠡ  ᠶᠢ ᠴᠢᠩᠭᠢᠰ ᠤᠨ ᠲᠠᠶᠢᠯᠭ᠎ᠠ᠂ ᠲᠠᠬᠢᠯᠭ᠎ᠠ᠂ ᠲᠠᠪᠢᠭᠯᠠᠯ ᠳᠤ ᠬᠡᠷᠡᠭᠯᠡᠬᠦ ᠶᠢ ᠭᠠᠷᠭᠠᠪᠠᠯ ᠶᠡᠷᠦ ᠶᠢᠨ ᠨᠠᠶᠢᠷ ᠴᠤᠭᠯᠠᠭᠠᠨ ᠳᠤ ᠭᠠᠷᠭᠠᠬᠤ ᠦᠭᠡᠢ᠃ ᠦᠬᠡᠷ ᠬᠠᠲᠠᠭᠤ ᠶᠢ ᠴᠦ ᠨᠡᠯᠢᠶᠡᠳ ᠶᠡᠭᠡ ᠰᠢᠭ ᠨᠠᠶᠢᠷ ᠴᠤᠭᠯᠠᠭᠠᠨ ᠳᠤ ᠭᠠᠷᠭᠠᠨ᠎ᠠ᠃ ᠶᠡᠷᠦ ᠶᠢᠨ ᠪᠠᠶᠢᠳᠠᠯ ᠳᠤ ᠬᠤᠨᠢᠨ ᠰᠢᠭᠦᠰᠦ ᠪᠠᠷ ᠬᠦᠨᠳᠦᠯᠡᠨ ᠳᠠᠶᠢᠯᠠᠬᠤ ᠪᠤᠶᠤ ᠬᠦᠨᠳᠦ ᠪᠡᠯᠡᠭ ᠪᠣᠯᠭᠠᠨ ᠳᠤ ᠥᠭᠭᠦᠨ᠎ᠡ᠃      ᠳᠣᠣᠷ᠎ᠠ ᠬᠤᠨᠢᠨ ᠰᠢᠭᠦᠰᠦ ︵ᠢᠷᠭᠡ ᠶᠢᠨ ᠰᠢᠭᠦᠰᠦ︶᠎ ᠪᠠᠷ ᠲᠠᠶᠢᠯᠪᠤᠷᠢ ᠬᠢᠶ᠎ᠡ᠃      ︵ᠬᠤᠶᠠᠷ︶ ᠬᠤᠨᠢᠨ ᠰᠢᠭᠦᠰᠦ      ⒈ ᠰᠢᠭᠦᠰᠦ ᠶᠢᠨ ᠮᠦᠴᠢ ᠭᠡᠰᠢᠭᠦᠦ      ᠪᠦᠲᠦᠨ ᠰᠢᠭᠦᠰᠦ ᠳᠤ ᠬᠤᠶᠠᠷ ᠬᠠ᠂ ᠬᠤᠶᠠᠷ ᠭᠤᠶ᠎ᠠ᠂ ᠤᠭᠤᠴᠠ᠂ ᠰᠡᠭᠡᠷ᠂ ᠲᠣᠯᠣᠭᠠᠢ ᠳᠣᠯᠤᠭ᠎ᠠ ᠣᠷᠣᠨ᠎ᠠ᠃ ᠣᠷᠳᠣᠰ  ᠲᠤ ᠡᠪᠴᠢᠭᠦᠦ᠂ ᠬᠦᠵᠦᠭᠦᠦ ᠶᠢ ᠵᠠᠷᠤᠳᠠᠭ ᠦᠭᠡᠢ᠃      ⒉ ᠰᠢᠭᠦᠰᠦ ᠶᠢᠨ ᠮᠦᠴᠢ ᠭᠡᠰᠢᠭᠦᠦ ᠶᠢ ᠲᠠᠪᠠᠭᠯᠠᠬᠤ      ᠲᠦᠷᠦᠭᠦᠦ ᠲᠠᠯ᠎ᠠ ᠲᠤᠯᠤᠭᠠᠢ ᠶᠢ ᠬᠠᠮᠠᠷ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠲᠠᠯᠤ ᠶᠢ ᠬᠠᠮᠠᠷ ᠲᠠᠯ᠎ᠠ ᠶᠢ ᠲᠡᠭᠡᠭᠰᠢ ᠬᠠᠨᠳᠤᠭᠤᠯᠤᠨ ᠲᠤᠭᠤᠭᠠᠨ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠰᠡᠭᠦᠵᠢ ᠶᠢ ᠬᠠᠪᠳᠠᠭᠠᠢ ᠲᠤᠯᠤᠭᠠᠢ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠲᠤᠮᠳᠠ ᠴᠢᠮᠦᠭᠡ ᠶᠢ ᠵᠢᠩᠰᠡᠳᠦ ᠲᠦᠷᠦᠭᠦᠦ ᠪᠠᠷ ᠨᠢ ᠬᠠᠨᠳᠤᠭᠤᠯᠵᠤ ᠲᠠᠯᠪᠢᠨ᠎ᠠ᠃ ᠡᠪᠴᠢᠭᠦᠦ ᠶᠢ ᠡᠯᠢᠭᠡᠨ ᠲᠠᠯ᠎ᠠ ᠶᠢ ᠲᠡᠭᠡᠭᠰᠢ ᠬᠠᠨᠳᠤᠭᠤᠯᠤᠨ ᠬᠤᠰᠢᠭᠤ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠱᠠᠭᠠᠨᠲᠤ ᠶᠢ ᠱᠠᠭ᠎ᠠ ᠶᠢᠨ ᠬᠢ ᠨᠢ ᠮᠤᠷᠢᠨ ᠡᠳᠡᠭᠡᠳ ᠢ ᠲᠡᠭᠡᠭᠰᠢ ᠬᠠᠨᠳᠤᠭᠤᠯᠤᠨ ᠱᠠᠭᠠᠨᠲᠤ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠬᠠᠷᠢᠳᠦ ᠶᠢ ᠪᠦᠳᠦᠭᠦᠨ ᠲᠦᠷᠦᠭᠦᠦ ᠪᠠᠷ ᠨᠢ ᠬᠠᠨᠳᠤᠭᠤᠯᠵᠤ ᠲᠠᠯᠪᠢᠨ᠎ᠠ᠃ ᠰᠡᠭᠡᠷ ᠢ ᠪᠦᠬᠦᠯᠢ ᠪᠠᠷ ᠨᠢ ᠬᠡᠷᠡᠭᠯᠡᠪᠡᠯ ᠬᠦᠵᠦᠭᠦᠨ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠬᠠᠪᠢᠷᠭ᠎ᠠ ᠶᠢ ᠡᠯᠢᠭᠡᠨ ᠲᠠᠯ᠎ᠠ ᠶᠢ ᠲᠡᠭᠡᠭᠰᠢ ᠬᠠᠨᠳᠤᠭᠤᠯᠤᠨ ᠪᠤᠷ᠎ᠠ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠬᠡᠬᠦ ᠳᠤ ᠲᠦᠷᠪᠡᠨ ᠦᠨᠳᠦᠷ ᠢ ᠪᠣᠯ ᠢᠮᠠᠭᠳᠠ ᠲᠠᠯᠤ ᠶᠢᠨ ᠬᠠᠮᠳᠤ ᠲᠠᠪᠠᠭᠯᠠᠭᠳᠠᠬᠤ ᠵᠠᠩᠰᠢᠯ ᠪᠤᠢ᠃ ᠡᠶᠢᠮᠦ ᠠᠴᠠ ︽ᠲᠠᠯᠤ ᠲᠦᠷᠪᠡᠨ ᠦᠨᠳᠦᠷ ᠲᠠᠭᠠᠪᠤᠷᠢ ᠲᠠᠢ︾ ᠬᠡᠬᠦ ᠦᠭᠡ ᠪᠠᠶᠢᠳᠠᠭ᠃ ᠪᠤᠭᠤᠨᠢ ᠬᠠᠪᠢᠷᠭ᠎ᠠ ᠶᠢ ᠬᠦᠵᠤᠬᠦᠦ ᠪᠤᠯᠤᠨ ᠵᠠᠷᠢᠮ ᠦᠶ᠎ᠡ ᠳᠤ ᠨᠢᠷᠤᠭᠤ ᠴᠤ ᠭᠡᠰᠡᠨ ᠪᠦᠷ ᠦᠶᠡᠯᠡᠭᠳᠡᠵᠤ ᠪᠤᠰᠤᠳ ᠮᠦᠴᠢ ᠭᠡᠰᠢᠭᠦᠦ ᠶᠢᠨ ᠲᠠᠭᠠᠪᠤᠷᠢ ᠪᠤᠯᠳᠠᠭ᠃ ᠵᠠᠷᠢᠮ ᠭᠠᠵᠠᠷ ᠪᠣᠭᠲᠣᠭᠤᠰᠤ ᠶᠢ ᠲᠠᠪᠠᠭᠯᠠᠵᠤ ᠲᠠᠯᠪᠢᠪᠠᠯ ᠬᠦᠮᠦᠨ ᠢ ᠲᠤᠷᠤᠮᠵᠢᠯᠠᠭᠰᠠᠨ ᠢᠶᠠᠷ ᠦᠵᠡᠬᠦ ᠲᠤᠯᠠ ᠵᠤᠴᠢᠨ ᠳᠤ ᠲᠠᠯᠪᠢᠳᠠᠭ ᠦᠭᠡᠢ᠃ ᠭᠡᠷ ᠵᠠᠭᠤᠷ᠎ᠠ ᠪᠠᠨ ᠭᠡᠷᠡᠭᠯᠡᠪᠡᠯ ᠵᠠᠯᠠᠭᠠᠳᠤ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ      ⒊ ᠰᠢᠭᠦᠰᠦ ᠶᠢᠨ ᠲᠥᠷᠥᠯ ᠵᠦᠢᠯ      ⑴ ᠪᠢᠳᠠᠭᠦᠦ ᠲᠤᠯᠤᠭᠠᠢ ︵ᠲᠠᠷᠢᠭᠦᠨ ᠰᠢᠭᠦᠰᠦ︶ ᠪᠦᠭᠦᠯᠢ ᠰᠢᠭᠦᠰᠦᠨ ᠤ ᠲᠡᠭᠡᠷ᠎ᠡ ᠲᠠᠯᠪᠢᠳᠠᠭ ᠪᠤᠶᠤ ᠡᠰᠡᠭᠦᠯ᠎ᠡ ᠲᠡᠭᠦᠨ ᠢ ᠪᠠᠶᠠᠷ ᠶᠤᠰᠤᠯᠠᠯ ᠤᠨ ᠦᠶ᠎ᠡ ᠳᠤ ᠡᠯᠳᠡᠪ ᠪᠤᠭᠤᠷᠰᠤᠭ ᠤᠨ ᠬᠠᠮᠳᠤ ᠲᠠᠪᠠᠭᠯᠠᠵᠤ ᠡᠷᠦᠭᠡ ᠭᠡᠷ ᠤᠨ ᠵᠠᠭᠤᠷ᠎ᠠ ᠶᠤᠰᠤᠯᠠᠯ ᠤᠨ ᠢᠳᠡᠭᠡᠨ ᠪᠤᠯᠭᠠᠳᠠᠭ᠃ ᠪᠢᠳᠠᠭᠦᠦ ᠲᠤᠯᠤᠭᠠᠢ ᠶᠢ ᠪᠤᠯ ᠶᠡᠷᠦ ᠠᠴᠠ ᠲᠡᠷᠢᠭᠦᠨ ᠰᠢᠭᠦᠰᠦ ᠭᠡᠵᠤ ᠬᠦᠨᠳᠦᠳᠭᠡᠨ ᠦᠵᠡᠳᠡᠭ ᠪᠤᠯᠬᠤᠷ ᠲᠡᠭᠦᠨ ᠢ ᠶᠢᠰᠦᠨᠳᠡ ᠬᠦᠨᠳᠡᠬᠦ ᠶᠤᠰᠤᠳᠠᠢ᠃ ᠡᠭᠦᠨ ᠳᠤ ᠲᠤᠬᠤ᠂ ᠬᠤᠶᠠᠷ ᠵᠡᠪᠡᠵᠢ᠂ ᠬᠤᠶᠠᠷ ᠴᠢᠬᠢ᠂ ᠬᠤᠶᠠᠷ ᠤᠬᠤᠷᠬᠠᠢ᠂ ᠰᠢᠯᠢ᠂ ᠲᠠᠩᠨᠠᠢ ᠵᠡᠷᠭᠡ ᠶᠢᠰᠦᠨ ᠭᠠᠵᠠᠷ ᠢ ᠬᠦᠨᠳᠡᠳᠡᠭ᠃      ⑵ ᠪᠦᠭᠦᠯᠢ ᠰᠢᠭᠦᠰᠦ      ᠡᠭᠦᠨ ᠳᠤ ᠬᠤᠶᠠᠷ ᠵᠦᠢᠯ ᠪᠤᠢ᠃ ① ᠵᠤᠮ᠎ᠠ ᠪᠤᠯᠤᠨ ᠪᠦᠬᠦᠯᠢ ᠰᠢᠭᠦᠰᠦ ᠭᠡᠵᠤ ᠬᠡᠯᠡᠳᠡᠭ᠃ ᠪᠦᠬᠦ ᠦᠰᠦ ᠶᠢ ᠵᠤᠮᠠᠯᠠᠭᠠᠳ ᠬᠡᠳᠡᠰᠦ ᠲᠤᠳᠤᠷ ᠢ ᠨᠢ ᠠᠪᠴᠤ ᠪᠦᠬᠦᠯᠢ ᠪᠠᠷ ᠨᠢ ᠴᠢᠨᠠᠵᠤ ᠪᠤᠯᠭᠤᠭᠠᠳ ᠡᠪᠡᠷ ᠲᠤᠭᠤᠷᠠᠢ ᠶᠢ ᠨᠢ ᠠᠪᠤᠯ ᠦᠭᠡᠢ ᠵᠤᠭᠰᠤᠭᠠᠬᠤ ᠪᠤᠶᠤ ᠭᠡᠪᠳᠡᠭᠦᠯᠵᠤ ᠲᠤᠯᠤᠭᠠᠢ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ② ᠪᠦᠭᠦᠯᠢ ᠰᠢᠭᠦᠰᠦ ᠪᠣᠯ ᠲᠠᠪᠠᠭᠯᠠᠬᠤ ᠳᠤ ᠪᠠᠨ ᠬᠠᠮᠤᠭ ᠤᠨ ᠲᠤᠤᠷ᠎ᠠ ᠨᠢ ᠡᠪᠴᠢᠭᠦᠦ ᠬᠦᠵᠦᠭᠦᠦ ᠪᠤᠯᠤᠨ ᠰᠡᠭᠡᠷ ᠢ ᠲᠠᠯᠪᠢᠵᠤ ᠲᠡᠭᠡᠷ᠎ᠡ ᠨᠢ ᠲᠦᠷᠪᠡᠨ ᠮᠦᠴᠢ ᠶᠢ ᠠᠮᠢᠳᠤ ᠬᠤᠨᠢᠨ ᠤ ᠪᠦᠳᠦᠴᠠ ᠶᠤᠰᠤᠭᠠᠷ ᠢᠯᠭᠠᠨ ᠲᠠᠯᠪᠢᠵᠤ᠂ ᠲᠡᠭᠦᠨ ᠤ ᠲᠡᠭᠡᠷ᠎ᠡ ᠤᠭᠤᠴᠠ ᠶᠢ ᠲᠠᠯᠪᠢᠭᠠᠳ ᠬᠠᠮᠤᠭ ᠤᠨ ᠲᠡᠭᠡᠷ᠎ᠡ ᠨᠢ ᠪᠢᠳᠡᠭᠦᠦ ᠲᠤᠯᠤᠭᠠᠢ ᠶᠢ ᠲᠠᠯᠪᠢᠵᠤ ᠴᠠᠭᠠᠨ ᠢᠳᠡᠭᠡᠨ ᠢᠶᠠᠷ ᠴᠢᠮᠡᠭᠰᠡᠨ ᠪᠠᠶᠢᠳᠠᠭ᠃ ᠪᠠᠰᠠ ᠡᠨᠡ ᠰᠢᠭᠦᠰᠦ ᠶᠢᠨ ᠳᠠᠭᠠᠪᠤᠷᠢ ᠳᠤ ᠵᠢᠷᠦᠭᠡ᠂ ᠡᠯᠢᠭᠡ᠂ ᠪᠦᠭᠡᠷ᠎ᠡ᠂ ᠪᠦᠳᠦᠭᠦᠨ ᠭᠡᠳᠠᠰᠤ ᠬᠦᠷᠳᠡᠯ᠎ᠡ ᠤᠷᠤᠭᠰᠠᠨ ᠪᠠᠶᠢᠳᠠᠭ᠃      ⑶ ᠬᠠᠭᠠᠰ ᠰᠢᠭᠦᠰᠦ      ᠤᠭᠤᠴᠠ᠂ ᠬᠤᠶᠠᠷ ᠬᠠ᠂ ᠡᠷᠡᠦ ᠦᠭᠡᠢ ᠲᠣᠯᠣᠭᠠᠢ᠂ ᠰᠡᠭᠡᠷ ᠢᠶᠠᠷ ᠪᠦᠷᠢᠯᠳᠦᠨ᠎ᠡ᠃ ᠦᠶᠡᠯᠡᠨ ᠰᠠᠯᠭᠠᠵᠤ ᠬᠠ᠂ ᠰᠡᠭᠡᠷ ᠤᠨ ᠬᠤᠨᠢᠨ ᠤ ᠪᠡᠶ᠎ᠡ ᠳᠤ ᠬᠢ ᠪᠠᠶᠢᠷᠢᠰᠢᠯ ᠢᠶᠠᠷ ᠲᠠᠪᠠᠭᠯᠠᠭᠠᠳ ᠳᠡᠭᠡᠷ᠎ᠡ ᠨᠢ ᠤᠭᠤᠴᠠ ᠪᠠᠨ ᠬᠥᠮᠥᠷᠢᠵᠦ ᠂ ᠲᠠᠬᠢᠨ ᠳᠡᠭᠡᠷ᠎ᠡ ᠨᠢ ᠲᠣᠯᠣᠭᠠᠢ  ᠶᠢ ᠨᠢ ᠲᠠᠯᠪᠢᠵᠤ ᠭᠡᠶᠢᠴᠢᠨ ᠳᠤ ᠪᠠᠨ ᠵᠠᠰᠠᠨ᠎ᠠ᠃ ᠡᠨᠡ ᠪᠣᠯ ᠮᠣᠩᠭᠤᠯᠴᠤᠳ ᠤᠨ ᠭᠤᠲᠠᠭᠠᠷ ᠵᠡᠷᠭᠡ ᠶᠢᠨ ᠶᠣᠰᠣ ᠬᠦᠨᠳᠦᠲᠡᠢ ᠰᠢᠭᠦᠰᠦ ᠪᠠᠶᠢᠵᠤ᠂ ᠬᠤᠯᠠ ᠠᠴᠠ ᠴᠢᠬᠤᠯᠠ ᠵᠣᠴᠢᠨ ᠪᠤᠶᠤ ᠠᠨᠳᠠ ᠨᠥᠬᠦᠳ ᠲᠤ ᠪᠠᠨ ︽ᠰᠦᠪᠡᠭᠡ ᠬᠤᠶᠠᠷ ᠳᠠᠷᠤᠵᠤ᠂ ᠰᠡᠭᠦᠯ ᠬᠤᠶᠠᠷ ᠴᠠᠴᠤᠭᠯᠠᠬᠤ︾ ᠪᠤᠶᠤ ︽ᠰᠦᠪᠡᠭᠡ ᠬᠤᠶᠠᠷ ᠳᠠᠷᠤᠵᠤ᠂ ᠰᠡᠭᠦᠯ ᠳᠥᠷᠪᠡ ᠴᠠᠴᠤᠭᠯᠠᠬᠤ︾ ᠶᠣᠰᠣ ᠪᠠᠷ ᠵᠦᠰᠦᠵᠦ ᠲᠠᠯᠪᠢᠳᠠᠭ᠃      ⑷ ᠬᠤᠭᠤᠰ ᠰᠢᠭᠦᠰᠦ      ᠤᠭᠤᠴᠠ᠂ ᠰᠡᠭᠡᠷ᠂ ᠨᠢᠭᠡ ᠬᠠ ᠪᠠᠷ ᠪᠦᠷᠢᠯᠳᠦᠨ᠎ᠡ᠃ ᠶᠠᠮᠠᠷ ᠨᠢᠭᠡᠨ ᠤᠳᠬ᠎ᠠ ᠠᠭᠤᠯᠭ᠎ᠠ ᠲᠠᠢ ᠪᠦᠬᠦᠢ ᠨᠡᠯᠢᠶᠡᠳ ᠡᠷᠬᠢᠮ ᠬᠦᠨᠳᠦᠲᠦ ᠵᠣᠴᠢᠨ ᠪᠠ ᠰᠠᠳᠤᠨ ᠲᠥᠷᠥᠯ ᠢᠷᠡᠬᠦ ᠳᠤ ᠦᠵᠡᠵᠦ ᠪᠠᠶᠢᠭᠠᠳ ᠲᠣᠬᠢᠷᠠᠬᠤ ᠵᠦᠰᠦᠯᠭᠡ ᠪᠠᠷ ᠵᠦᠰᠦᠵᠦ ᠲᠠᠯᠪᠢᠨ᠎ᠠ᠃      ⑸ ᠥᠷᠥᠭᠡᠯ ᠰᠢᠭᠦᠰᠦ      ᠪ᠊‍ᠦ᠋ᠬᠦᠯᠢ ᠤᠭᠤᠴᠠ᠂ ᠵᠥᠪ ᠲᠠᠯ᠎ᠠ ᠶᠢᠨ ᠬᠠ᠂ ᠪᠤᠷᠤᠭᠤ ᠲᠠᠯ᠎ᠠ ᠶᠢᠨ ᠭᠤᠶ᠎ᠠ᠂ ᠲᠣᠯᠣᠭᠠᠢ᠂ ᠰᠡᠭᠡᠷ ᠵᠡᠷᠭᠡ ᠲᠠᠪᠤᠨ ᠬᠡᠰᠡᠭ ᠢᠶᠠᠷ ᠪᠦᠷᠢᠯᠳᠦᠵᠦ᠂ ᠬᠠ ᠭᠤᠶ᠎ᠠ ᠨᠢ ᠥᠷᠥᠭᠡᠯ ᠤᠨ ᠬᠡᠯᠪᠡᠷᠢ ᠪᠠᠷ ᠲᠤᠰᠢᠭᠰᠠᠨ ᠢ ᠬᠡᠯᠡᠵᠦ ᠪᠤᠢ᠃        ⑹ ᠬᠠ ᠶᠢᠨ ᠰᠢᠭᠦᠰᠦ      ᠳᠠᠯᠤ᠂ ᠪᠤᠭᠤᠯᠤᠭ ᠴᠢᠮᠦᠭᠡ᠂ ᠪᠣᠭᠲᠣ ᠴᠢᠮᠦᠭᠡ᠂ ᠳᠥᠷᠪᠡᠨ ᠥᠨᠳᠥᠷ ᠢᠶᠠᠷ ᠪᠦᠷᠢᠯᠳᠦᠳᠡᠭ᠃      ⑺ ᠬᠦᠶᠦᠯᠭᠡ ᠤᠭᠤᠴᠠ ︵ᠪᠦᠬᠦᠯᠢ ᠤᠭᠤᠴᠠ︶      ᠤᠭᠤᠴᠠ ᠶᠢᠨ ᠲᠤᠬᠠᠢ ᠪᠤᠯ ︽ᠲᠠᠶᠢᠵᠢ ᠶᠢᠨ ᠤᠭᠤᠴᠠ ᠲᠠᠪᠤᠨ ᠨᠢᠷᠤᠭᠤ ᠲᠠᠢ᠂ ᠬᠠᠷᠠᠴᠤ ᠶᠢᠨ ᠤᠭᠤᠴᠠ ᠭᠤᠷᠪᠠᠨ ᠨᠢᠷᠤᠭᠤ  ᠲᠠᠢ︾ ᠭᠡᠬᠦ ᠦᠭᠡ ᠪᠠᠶᠢᠳᠠᠭ᠃ ᠲᠠᠶᠢᠨ ᠬᠦ ᠬᠦᠶᠦᠯᠭᠡ ᠤᠭᠤᠴᠠ ᠪᠤᠯ ᠲᠠᠪᠤᠨ ᠨᠢᠷᠤᠭᠤ᠂ ᠰᠦᠪᠡᠭᠡᠨ ᠤ ᠭᠤᠷᠪᠠᠨ ᠬᠠᠪᠢᠷᠭ᠎ᠠ ᠪᠠᠷ ᠪᠦᠷᠢᠯᠳᠦᠭᠰᠡᠨ ᠪᠠᠶᠢᠳᠠᠭ ᠪᠦᠭᠡᠳ ᠬᠤᠶᠠᠷ ᠬᠠᠵᠠᠭᠤ ᠶᠢᠨ ᠬᠠᠰᠢᠶᠠᠰᠤᠨ ᠳᠤ ᠪᠦᠭᠦᠯᠢ ᠰᠡᠭᠡᠷ ᠪᠤᠯᠤᠨ ᠱᠠᠭᠠᠨᠲᠤ ᠤᠷᠤᠵᠤ᠂ ᠰᠡᠭᠦᠯ ᠤᠨ ᠦᠵᠦᠭᠦᠷ ᠠᠴᠠ ᠲᠠᠪᠤᠨ ᠦᠶ᠎ᠡ ᠬᠠᠰᠤᠵᠤ᠂ ᠲᠡᠭᠡᠷ᠎ᠡ ᠨᠢ ᠴᠠᠭᠠᠨ ᠢᠳᠡᠭᠡᠨ ᠤ ᠲᠡᠭᠡᠵᠢ ᠲᠡᠳᠦᠢ ᠶᠢ ᠲᠠᠯᠪᠢᠵᠤ᠂ ᠲᠤᠯᠤᠭᠠᠢ ᠲᠠᠯ᠎ᠠ ᠪᠠᠷ  ᠨᠢ ᠬᠠᠨᠳᠤᠭᠤᠯᠵᠤ ᠲᠠᠯᠪᠢᠨ᠎ᠠ᠃      ⑻ ᠤᠬᠤᠷ ᠤᠭᠤᠴᠠ ︵ᠪᠠᠭ᠎ᠠ ᠤᠭᠤᠴᠠ︶      ᠲᠤᠤᠬ᠎ᠠ ᠨᠢᠷᠤᠭᠤ᠂ ᠠᠰᠠᠭᠤᠬᠤ ᠨᠢᠷᠤᠭᠤ ᠲᠡᠭᠡᠷ᠎ᠡ ᠨᠢᠭᠡ ᠨᠢᠷᠤᠭᠤ ᠨᠡᠮᠡᠵᠤ᠂ ᠭᠤᠷᠪᠠᠨ ᠨᠢᠷᠤᠭᠤ ᠲᠠᠢ ᠪᠤᠯᠭᠠᠨ ᠰᠡᠭᠦᠯ ᠤᠨ ᠦᠵᠦᠭᠦᠷ ᠠᠴᠠ ᠲᠠᠪᠤᠨ ᠦᠶ᠎ᠡ ᠬᠠᠰᠤᠭᠠᠳ ᠮᠦᠨ ᠰᠡᠭᠡᠷ ᠱᠠᠭᠠᠨᠲᠤ ᠪᠠᠷ ᠬᠠᠰᠢᠵᠤ᠂ ᠲᠡᠭᠡᠷ᠎ᠡ ᠨᠢ ᠴᠠᠭᠠᠨ ᠢᠳᠡᠭᠡᠨ ᠤ ᠲᠡᠭᠡᠵᠢ ᠪᠠᠷ ᠴᠢᠮᠡᠵᠤ ᠲᠤᠯᠤᠭᠠᠢ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃      ⑼ ᠲᠠᠯᠤ ᠲᠦᠷᠪᠡᠨ ᠦᠨᠳᠦᠷ      ᠡᠨᠡ ᠪᠤᠯ ᠲᠠᠯᠤ ᠪᠤᠯᠤᠨ ᠲᠦᠷᠪᠡᠨ ᠦᠨᠳᠦᠷ ᠬᠠᠪᠢᠷᠭ᠎ᠠ ᠶᠢ ᠨᠢᠭᠡᠨ ᠬᠠᠮᠳᠤ ᠲᠠᠪᠠᠭᠯᠠᠵᠤ᠂ ᠮᠥᠭᠡᠷᠰᠦ ᠶᠢ ᠨᠢ ᠤᠨᠠᠭᠠᠨ ᠲᠠᠭᠠᠪᠤᠷᠢ ᠳᠤ ᠰᠡᠭᠡᠷ ᠨᠢᠷᠤᠭᠤ ᠤᠷᠤᠵᠤ ᠲᠤᠭᠤᠭᠠᠨ ᠲᠠᠯ᠎ᠠ ᠪᠠᠷ ᠨᠢ ᠬᠠᠨᠳᠤᠭᠤᠯᠵᠤ ᠲᠠᠯᠪᠢᠨ᠎ᠠ᠃ ᠵᠠᠷᠢᠮ ᠭᠠᠵᠠᠷ ᠲᠤ ᠳᠠᠯᠤ᠂ ᠳᠥᠷᠪᠡᠨ ᠥᠨᠳᠥᠷ᠂ ᠰᠡᠭᠦᠵᠢ᠂ ᠳᠤᠮᠳᠠ ᠴᠢᠮᠦᠭᠡ ᠶᠢᠨ ᠳᠠᠶᠢᠯᠠᠯᠭ᠎ᠠ︔ ᠤᠭᠤᠴᠠ᠂ ᠳᠠᠯᠤ᠂ ᠳᠥᠷᠪᠡᠨ ᠥᠨᠳᠥᠷ ᠤᠨ ᠳᠠᠶᠢᠯᠠᠯᠭ᠎ᠠ︔ ᠡᠪᠴᠢᠭᠦᠦ᠂ ᠳᠠᠯᠤ᠂ ᠳᠥᠷᠪᠡᠨ ᠥᠨᠳᠥᠷ ᠤᠨ ᠳᠠᠶᠢᠯᠠᠯᠭ᠎ᠠ ᠭᠡᠵᠤ ᠪᠤᠢ᠃ ᠪᠠᠰᠠ ᠬᠤᠰ ︵ᠲᠣᠭᠤᠷᠬᠠᠢ︶᠂ ᠪᠦᠳᠦᠭᠦᠨ ᠭᠡᠳᠡᠰᠦ᠂ ᠡᠯᠢᠭᠡ᠂ ᠵᠢᠷᠦᠬᠡ ᠶᠢ ᠳᠠᠭᠠᠯᠳᠤᠭᠤᠯᠳᠠᠭ᠃      ⑽ ᠡᠪᠴᠢᠭᠦᠨ ᠰᠢᠭᠦᠰᠦ      ᠵᠦᠪᠬᠡᠨ ᠨᠢᠭᠡ ᠯᠡ ᠬᠤᠷᠮᠣᠢ ᠲᠠᠢ ᠪᠦᠲᠦᠨ ᠡᠪᠴᠢᠭᠦᠦ ᠪᠠᠷ ᠪᠦᠷᠢᠯᠳᠦᠨ᠎ᠡ᠃ ᠥᠩᠭᠡᠷᠡᠭᠰᠡᠨ ᠳᠤ ᠡᠪᠴᠢᠭᠦᠨ ᠰᠢᠭᠦᠰᠦ ᠶᠢ ᠡᠮᠡᠭᠲᠡᠢ ᠬᠥᠮᠥᠨ ᠤ ᠬᠠᠮᠤᠭ ᠤᠨ ᠶᠣᠰᠣ ᠬᠦᠨᠳᠦᠲᠡᠢ ᠰᠢᠭᠦᠰᠦ ᠪᠠᠷ ᠦᠵᠡᠵᠦ᠂ ᠬᠠᠷᠢ ᠳᠤ ᠮᠣᠷᠳᠠᠭᠰᠠᠨ ᠬᠡᠦᠬᠡᠨ ᠲᠥᠷᠬᠦᠮᠯᠡᠵᠦ ᠢᠷᠡᠬᠦ  ᠳᠤ ᠡᠪᠴᠢᠭᠦᠨ ᠰᠢᠭᠦᠰᠦ ᠲᠠᠯᠪᠢᠳᠠᠭ᠃      ⑾ ᠰᠡᠭᠡᠷ ᠲᠠᠢ ᠬᠠ ᠶᠢᠨ ᠰᠢᠭᠦᠰᠦ      ᠬᠠ ᠶᠢᠨ ᠳᠡᠭᠡᠷ᠎ᠡ ᠰᠡᠭᠡᠷ ᠲᠠᠯᠪᠢᠵᠤ ᠪᠦᠷᠢᠯᠳᠦᠨ᠎ᠡ᠃      ⑿ ᠬᠠᠰᠢᠭᠰᠠᠨ ᠰᠢᠭᠦᠰᠦ      ᠵᠥᠪ ᠲᠠᠯ᠎ᠠ ᠶᠢᠨ ᠬᠠ᠂ ᠪᠤᠷᠤᠭᠤ ᠲᠠᠯ᠎ᠠ ᠶᠢᠨ ᠭᠤᠶ᠎ᠠ᠂ ᠰᠡᠭᠡᠷ᠂ ᠲᠣᠯᠣᠭᠠᠢ ᠳᠥᠷᠪᠡ ᠪᠠᠷ ᠪᠦᠷᠢᠯᠳᠦᠨ᠎ᠡ᠃      ⒀ ᠰᠡᠭᠦᠵᠢ ᠳᠤᠮᠳᠠ ᠴᠢᠮᠦᠭᠡ      ᠭᠤᠶ᠎ᠠ ᠶᠢ ᠦᠶᠡᠯᠡᠵᠦ᠂ ᠱᠠᠭᠠᠨᠲᠤ᠂ ᠳᠤᠮᠳᠠ ᠴᠢᠮᠦᠭᠡ ᠶᠢᠨ ᠳᠡᠭᠡᠷ᠎ᠡ ᠰᠡᠭᠦᠵᠢ ᠶᠢ ᠬᠠᠪᠲᠠᠭᠠᠢ ᠲᠣᠯᠣᠭᠠᠢ ᠲᠠᠯ᠎ᠠ ᠪᠠᠷ ᠨᠢ ᠬᠠᠨᠳᠤᠭᠤᠯᠵᠤ ᠳᠡᠪᠰᠢᠭᠦᠯᠦᠨ᠎ᠡ᠃ ᠬᠡᠷᠪᠡ ᠰᠠᠭᠤᠳᠠᠯ ᠳᠤ ᠬᠢ ᠵᠣᠴᠢᠨ ᠣᠯᠠᠨ ᠪᠠᠶᠢᠪᠠᠯ ᠪᠤᠰᠤᠳ ᠵᠦᠢᠯ ᠢ ᠳᠠᠭᠠᠪᠤᠷᠢ ᠳᠤ ᠣᠷᠣᠭᠤᠯᠵᠤ ᠪᠣᠯᠣᠨ᠎ᠠ᠃      ⒁ ᠲᠡᠯᠡᠭᠡ ᠬᠤᠷᠠᠭ᠎ᠠ ᠪᠠ ᠡᠩ ᠤᠨ ᠬᠤᠷᠠᠭᠠᠨ ᠤ ᠰᠢᠭᠦᠰᠦ      ᠳᠣᠣᠷ᠎ᠠ ᠦᠶ᠎ᠡ ᠶᠢᠨ ᠬᠦᠨᠳᠦᠲᠦ ᠵᠣᠴᠢᠨ ᠬᠢᠭᠡᠳ ᠠᠶᠠᠨ ᠤ ᠬᠦᠨᠡᠰᠦᠨ ᠳᠤ ᠪᠡᠯᠡᠳᠬᠡᠨ᠎ᠡ᠃      ⒋ ᠢᠷᠭᠡ ᠶᠢᠨ ᠰᠢᠭᠦᠰᠦ ᠬᠦᠨᠳᠡᠬᠦ ᠶᠤᠰᠤ      ᠰᠢᠭᠦᠰᠦ ᠶᠢ ᠪᠡᠯᠡᠳᠭᠡᠬᠦ ᠪᠠ ᠬᠦᠨᠳᠡᠬᠦ ᠲᠤᠬᠠᠢ ᠤᠯᠠᠨ ᠶᠤᠰᠤ ᠪᠠᠶᠢᠳᠠᠭ᠃ ᠶᠡᠷᠦᠩᠭᠡᠢ ᠳᠤ ᠪᠠᠨ ᠰᠢᠬᠦᠰᠦ ᠪᠠᠷ ᠲᠠᠶᠢᠯᠠᠭᠳᠠᠬᠤ ᠬᠦᠮᠦᠨ ᠦᠪᠡᠷ ᠢᠶᠠᠨ ᠬᠦᠨᠳᠡᠬᠦ ᠪᠤᠰᠤ᠂ ᠲᠡᠭᠦᠨ ᠤ ᠲᠠᠭᠠᠯᠳᠠ ᠰᠠᠯᠳᠠ ᠠᠴᠠ ᠨᠢᠭᠡᠨ ᠰᠢᠭᠦᠰᠦ ᠬᠦᠨᠳᠡᠭᠴᠢ ᠭᠠᠷᠳᠠᠭ ᠪᠤᠶᠤ ᠡᠰᠡᠭᠦᠯ᠎ᠡ ᠲᠤᠰᠬᠠᠢ ᠨᠢᠭᠡᠨ ᠰᠢᠭᠦᠰᠦ ᠬᠦᠨᠳᠡᠭᠴᠢ ᠭᠠᠷᠴᠤ ᠶᠤᠰᠤ ᠬᠦᠢᠴᠡᠳᠭᠡᠳᠡᠭ᠃ ᠪᠠᠰᠠ ᠰᠢᠭᠦᠰᠦ ᠬᠦᠨᠳᠡᠬᠦ ᠬᠢᠳᠤᠭ᠎ᠠ ᠪᠤᠯ ᠤᠷᠳᠤ ᠪᠦᠭᠡᠳ ᠢᠷ ᠬᠤᠷᠴᠠ ᠮᠤᠩᠭᠤᠯ ᠬᠢᠳᠤᠭ᠎ᠠ ᠪᠠᠶᠢᠬᠤ ᠭᠡᠷᠡᠭᠳᠡᠢ᠃      ⑴ ᠪᠦᠬᠦᠯᠢ ᠰᠢᠭᠦᠰᠦ ᠬᠥᠨᠳᠡᠬᠦ        ᠶᠠᠭᠤᠨ ᠤ ᠡᠮᠦᠨ᠎ᠡ ᠬᠠᠮᠤᠭ ᠤᠨ ᠲᠡᠭᠡᠷᠡᠬᠢ ᠪᠢᠳᠡᠭᠦᠦ ᠲᠤᠯᠤᠭᠠᠢ ᠶᠢ ᠨᠢ ᠠᠪᠴᠤ ᠰᠢᠷᠡᠭᠡᠨ ᠳᠡᠭᠡᠷ᠎ᠡ ᠲᠠᠯᠪᠢᠭᠠᠳ᠂ ᠲᠠᠷᠠᠭ᠎ᠠ ᠨᠢ ᠪᠠᠷᠠᠭᠤᠨ ᠭᠠᠷ ᠲᠠᠯ᠎ᠠ ᠶᠢᠨ ᠬᠦᠨᠳᠡᠬᠦ ᠭᠠᠵᠠᠷ ᠤᠳ ᠢ ᠬᠢᠳᠤᠭ᠎ᠠ ᠶᠢᠨ ᠢᠷ ᠢ ᠲᠡᠭᠡᠭᠰᠢ ᠪᠤᠶᠤ ᠪᠡᠶ᠎ᠡ ᠦᠭᠡᠳᠡ ᠪᠠᠨ ᠬᠠᠨᠳᠤᠭᠤᠯᠵᠤ ᠬᠦᠨᠳᠡᠬᠦ ᠪᠦᠭᠡᠳ ᠲᠡᠭᠦᠨᠴᠢᠯᠡᠨ ᠵᠡᠭᠦᠨ ᠭᠠᠷ ᠲᠠᠯ᠎ᠠ ᠶᠢᠨ ᠬᠦᠨᠳᠡᠬᠦ ᠭᠠᠵᠠᠷ ᠤᠳ ᠢ ᠬᠢᠳᠤᠭ᠎ᠠ ᠶᠢᠨ ᠢᠷ ᠢ ᠲᠤᠷᠤᠭᠰᠢ ᠪᠤᠶᠤ ᠪᠡᠶ᠎ᠡ ᠦᠭᠡᠳᠡ ᠪᠠᠨ ᠬᠠᠨᠳᠤᠭᠤᠯᠵᠤ ᠬᠦᠨᠳᠡᠬᠦ ᠶᠤᠰᠤᠳᠠᠢ᠃ ᠢᠩᠬᠢᠵᠤ ᠬᠦᠨᠳᠡᠬᠦ ᠳᠤ ᠪᠠᠨ ᠵᠡᠪᠠᠯ ᠪᠠᠷᠠᠭᠤᠨ ᠭᠠᠷ ᠢᠶᠠᠷ ᠬᠦᠢᠴᠡᠳᠭᠡᠬᠦ ᠭᠡᠷᠡᠭᠳᠡᠢ᠃      ⑵ ᠬᠦᠶᠦᠯᠭᠡ ᠤᠭᠤᠴᠠ ᠪᠤᠯᠤᠨ ᠤᠬᠤᠷ ᠤᠭᠤᠴᠠ ᠬᠦᠨᠳᠡᠬᠦ      ᠶᠠᠭᠤᠨ ᠤ ᠡᠮᠦᠨ᠎ᠡ ᠤᠭᠤᠴᠠᠨ ᠤ ᠨᠢᠷᠤᠭᠤ ᠲᠡᠭᠡᠷᠡᠬᠢ ᠭᠤᠤᠯ ᠤᠨ ᠬᠦᠷᠦᠰᠦᠨ ᠠᠴᠠ ᠬᠦᠨᠳᠡᠨ ᠠᠪᠴᠤ ᠭᠠᠯ ᠂ ᠲᠡᠭᠷᠢ ᠳᠤ ᠡᠷᠭᠦᠭᠡᠳ ᠲᠠᠷᠠᠭ᠎ᠠ ᠨᠢ ᠪᠠᠷᠠᠭᠤᠨ ᠭᠠᠷ ᠲᠠᠯ᠎ᠠ ᠶᠢᠨ ᠬᠠᠵᠠᠭᠤ ᠶᠢ ᠬᠢᠳᠤᠭ᠎ᠠ ᠶᠢᠨ ᠢᠷ ᠢ ᠲᠡᠭᠡᠭᠰᠢ ᠬᠠᠨᠳᠤᠭᠤᠯᠤᠨ ᠤᠭᠳᠤᠯᠵᠤ᠂ ᠲᠡᠭᠦᠨᠴᠢᠯᠡᠨ ᠵᠡᠭᠦᠨ ᠭᠠᠷ ᠲᠠᠯ᠎ᠠ ᠶᠢᠨ ᠬᠠᠵᠠᠭᠤ ᠶᠢ ᠬᠢᠳᠤᠭ᠎ᠠ ᠶᠢᠨ ᠢᠷ ᠢ ᠲᠤᠷᠤᠭᠰᠢ ᠬᠠᠨᠳᠤᠭᠤᠯᠤᠨ ᠤᠭᠳᠤᠯᠤᠭᠠᠳ᠂ ᠤᠭᠳᠤᠯᠤᠭᠰᠠᠨ ᠲᠡᠷᠡ ᠬᠦ ᠬᠠᠵᠠᠭᠤ ᠶᠢᠨ ᠮᠢᠬ᠎ᠠ ᠶᠢ ᠬᠡᠳᠦ ᠬᠡᠳᠦᠨ ᠭᠡᠰᠡᠭ ᠬᠤᠪᠢᠶᠠᠨ ᠤᠭᠳᠤᠯᠵᠤ᠂ ᠭᠡᠥᠬᠡᠳ ᠲᠤ ᠲᠦᠭᠡᠭᠡᠵᠤ ᠤᠭᠤᠴᠠᠨ ᠤ ᠭᠤᠤᠯ ᠢ ᠨᠠᠷᠠᠨ ᠵᠦᠪ ᠲᠤᠭᠤᠷᠢᠭᠤᠯᠵᠤ ᠪᠦᠬᠦᠨ ᠢᠶᠠᠷ ᠠᠮᠰᠠᠬᠤ ᠶᠤᠰᠤᠳᠠᠢ ᠪᠠᠶᠢᠳᠠᠭ᠃ ᠬᠡᠬᠦ ᠳᠤ ᠶᠡᠭᠡ ᠨᠠᠶᠢᠷ ᠬᠤᠷᠢᠮ ᠤᠨ ᠲᠦᠪ ᠲᠤ ᠲᠠᠯᠪᠢᠭᠰᠠᠨ ᠤᠭᠤᠴᠠ ᠶᠢ ᠤᠤᠯ ᠰᠢᠷᠡᠭᠡᠨ ᠲᠡᠭᠡᠷ᠎ᠡ ᠨᠢ ᠭᠡᠪ ᠢᠶᠠᠷ ᠲᠠᠯᠪᠢᠳᠠᠭ ᠪᠦᠭᠡᠳ ᠶᠡᠷᠦ ᠰᠢᠭᠦᠰᠦ ᠬᠦᠨᠳᠡᠭᠰᠡᠨ ᠬᠢᠳᠤᠭ᠎ᠠ ᠶᠢ ᠰᠢᠭᠦᠰᠦ ᠶᠢᠨ ᠬᠠᠵᠠᠭᠤ ᠳᠤ ᠲᠠᠯᠪᠢᠵᠤ ᠤᠷᠭᠢᠭᠰᠠᠨ ᠪᠠᠶᠢᠳᠠᠭ᠃ ᠡᠷᠳᠡ ᠲᠡᠭᠡᠷ᠎ᠡ ᠦᠶ᠎ᠡ ᠶᠢᠨ ᠮᠤᠩᠭᠤᠯᠴᠤᠳ ᠲᠤ ᠲᠡᠭᠷᠢ ᠲᠠᠬᠢᠬᠤ ᠲᠤᠬᠠᠢ ᠢᠷᠭᠡ ᠶᠢᠨ ᠰᠢᠭᠦᠰᠦ ᠪᠡᠯᠡᠳᠭᠡᠬᠦ ᠪᠠ ᠲᠡᠪᠰᠢᠭᠦᠯᠬᠦ ᠳᠤ ᠤᠯᠠᠨ ᠶᠤᠰᠤ ᠪᠠᠶᠢᠭᠰᠠᠨ ᠪᠤᠯᠤᠯᠳᠠᠢ ᠃ ᠴᠢᠩᠬᠢᠰ ᠤᠨ ᠰᠦᠯᠳᠡ ᠶᠢ ᠲᠠᠬᠢᠬᠤ ᠢᠷᠭᠡ ᠶᠢᠨ ᠰᠢᠭᠦᠰᠦ ᠶᠢᠨ ᠬᠤᠨᠢ ᠶᠢ ᠪᠤᠯ ᠭᠠᠵᠠᠷ ᠲᠤ ᠬᠦᠷᠭᠡᠬᠦ ᠦᠭᠡᠢ ᠦᠨᠳᠦᠷ ᠰᠢᠷᠡᠭᠡᠨ ᠲᠡᠭᠡᠷ᠎ᠡ ᠨᠢᠳᠤᠯᠵᠤ ᠪᠡᠯᠡᠳᠭᠡᠬᠦ ᠪᠦᠭᠡᠳ ᠰᠢᠭᠦᠰᠦ ᠲᠡᠪᠰᠢᠭᠦᠯᠬᠦ ᠲᠤᠬᠠᠢ ᠲᠤᠰᠬᠠᠢ ᠰᠤᠳᠤᠷ ᠪᠢᠴᠢᠭ ᠲᠠᠢ ᠪᠠᠶᠢᠵᠠᠢ᠃      ⑶ ᠣᠷᠳᠣᠰ ᠰᠢᠬᠦᠰᠤ ᠬᠦᠨᠳᠡᠬᠦ      ᠰᠢᠬᠦᠰᠤ ᠡᠪᠳᠡᠭᠴᠢ ᠠᠩᠬᠠᠨ ᠤ ᠲᠠᠪᠠᠭᠯᠠᠭᠰᠠᠨ ᠰᠢᠬᠦᠰᠤ ᠪᠠᠨ ᠵᠤᠴᠢᠨ ᠤ ᠪᠠᠨ ᠵᠦᠭ ᠬᠠᠨᠳᠤᠭᠤᠯᠤᠨ ᠲᠠᠯᠪᠢᠬᠤ ᠲᠠᠢ ᠵᠡᠷᠬᠡ ᠦᠬᠡᠷ᠎ᠡ ᠨᠢᠬᠡᠨ ᠬᠦᠮᠤᠨ ᠬᠢᠳᠤᠭ᠎ᠠ ᠠᠪᠴᠤ ᠦᠭᠬᠦᠨ᠎ᠡ ︵ᠤᠷᠳᠤᠰ ᠲᠤ ᠰᠢᠬᠦᠰᠤ ᠪᠤᠯᠤᠨ ᠬᠢᠳᠤᠭ᠎ᠠ ᠶᠢ ᠲᠠᠪᠰᠢᠨ ᠳᠤ ᠬᠠᠮᠳᠤ ᠠᠪᠴᠢᠷᠠᠳᠠᠭ ᠦᠬᠡᠢ︶᠃ ᠢᠩᠬᠢᠭᠰᠡᠨ ᠤ ᠲᠠᠷᠠᠭ᠎ᠠ ᠬᠦᠮᠤᠨ ᠪᠦᠬᠦᠨ ᠳᠤ ᠰᠢᠬᠦᠰᠤ ᠵᠤᠭᠤᠭᠯᠠᠬᠤ ᠴᠠᠭᠠᠨ ᠢᠳᠡᠭᠡ ᠠᠮᠰᠠᠭᠤᠯᠬᠤ ᠶᠢᠨ ᠬᠠᠮᠳᠤ ᠰᠢᠬᠦᠰᠤ ᠡᠪᠳᠡᠭᠴᠢ ᠰᠢᠬᠦᠰᠤᠨ ᠤ ᠪᠠᠨ ᠲᠤᠯᠤᠭᠠᠢ ᠠᠴᠠ ᠡᠬᠢᠯᠡᠬᠦᠯᠤᠨ ᠲᠤᠯᠤᠭᠠᠨ ᠬᠡᠰᠡᠭ ᠠᠴᠠ ᠲᠤᠰ ᠲᠤᠰ ᠮᠤᠩᠨᠠᠵᠤ᠂ ᠠᠷᠢᠬᠢ ᠲᠠᠢ ᠬᠤᠨᠳᠠᠭᠠᠨ ᠳᠤ ᠬᠢᠵᠤ ᠠᠪᠤᠭᠠᠳ ᠭᠠᠳᠠᠨ᠎ᠠ ᠭᠠᠷᠴᠤ ᠲᠡᠭᠷᠢ ᠭᠠᠵᠠᠷ ᠲᠤ ᠰᠠᠴᠤᠨ ︽ᠲᠡᠬᠡᠵᠢ ᠡᠷᠬᠦᠪᠡ︕︾ ᠬᠡᠪᠡᠯ ᠬᠡᠷ ᠲᠤ ᠰᠠᠭᠤᠭᠰᠠᠨ ᠲᠡᠷᠡ ᠪᠦᠬᠦᠳᠡ ︽ᠲᠡᠯᠬᠡᠷᠡ︕︾ ᠬᠡᠨ᠎ᠡ᠃ ᠢᠩᠬᠢᠵᠤ ᠪᠠᠷᠠᠭᠠᠳ ᠤᠭᠤᠴᠠᠨ ᠤ ᠰᠡᠬᠦᠯ ᠤᠨ ᠦᠵᠤᠬᠦᠷ ᠤᠭᠤᠷᠠᠭ ᠰᠡᠬᠦᠯ ᠢ ᠨᠢᠭᠡ ᠯᠠ ᠬᠢᠳᠤᠭᠠᠨ ᠳᠤ ᠠᠪᠴᠤ ᠲᠠᠬᠢᠨ ᠵᠦᠪ ᠲᠠᠯ᠎ᠠ ᠶᠢᠨ ᠱᠠᠭ᠎ᠠ ᠴᠢᠮᠤᠬᠡ ᠶᠢ ᠮᠤᠯᠳᠤᠯᠵᠤ ᠠᠪᠤᠭᠠᠳ ᠬᠤᠪᠢᠨ  ᠳᠤ ᠨᠢ ᠲᠠᠯᠪᠢᠳᠠᠭ ︵ᠤᠷᠢᠳᠤ ᠳᠤ ᠪᠠᠨ ᠪᠤᠯ ᠪᠤᠷᠬᠠᠨ ᠤ ᠬᠡᠰᠢᠭ ᠬᠡᠮᠡᠨ ᠬᠦᠩᠭᠠᠷᠠᠪᠠ ᠳᠤ ᠲᠠᠯᠪᠢᠳᠠᠭ︶᠃ ᠡᠬᠦᠨ ᠤ ᠲᠠᠷᠠᠭ᠎ᠠ ᠲᠤᠯᠤᠭᠠᠢ ᠶᠢᠨ ᠮᠠᠩᠨᠠᠢ ᠲᠡᠬᠡᠷ᠎ᠡ ᠨᠢ ᠲᠡᠬᠡᠭᠰᠢ ᠬᠠᠨᠳᠤᠭᠰᠠᠨ ᠰᠠᠷᠠᠨ ᠬᠡᠯᠪᠡᠷᠢ ᠪᠠᠷ ᠬᠡᠷᠴᠢᠮᠯᠡᠬᠡᠳ ᠠᠶᠢᠷᠠᠭ ᠰᠢᠷ᠎ᠠ ᠲᠤᠰᠤ ᠵᠡᠷᠬᠡ ᠴᠠᠭᠠᠨ ᠢᠳᠡᠭᠡ ᠪᠠᠷ ᠮᠢᠯᠢᠶᠠᠵᠤ ᠲᠡᠬᠦᠨ ᠢ ᠪᠠᠨ ᠬᠤᠶᠠᠷ ᠭᠠᠷᠳᠡᠨ ᠬᠦᠮᠤᠨ ᠪᠦᠬᠦᠨ ᠳᠤ ᠲᠦᠭᠡᠯᠢ ᠠᠮᠰᠠᠭᠤᠯᠳᠠᠭ᠃ ᠢᠩᠬᠢᠮᠡᠨᠵᠢᠨ ᠰᠠᠶ᠋ᠢ ᠰᠢᠬᠦᠰᠤ ᠪᠠᠨ ᠵᠦᠪ ᠢᠶᠠᠷ ᠡᠷᠬᠢᠬᠦᠯᠵᠤ ᠲᠤᠯᠤᠭᠠᠢ ᠶᠢ ᠨᠢ ᠪᠠᠭᠤᠯᠭᠠᠭᠰᠠᠨ ᠤ ᠲᠠᠷᠠᠭ᠎ᠠ ᠤᠭᠤᠴᠠᠨ ᠬᠡᠰᠡᠭ ᠤᠨ ᠬᠠᠷ᠎ᠠ ᠨᠢᠷᠤᠭᠤ ᠪᠠ ᠭᠤᠶᠠᠨ ᠬᠡᠰᠡᠭ ᠤᠨ ᠲᠤᠶᠢᠭ ᠵᠢᠴᠢ ᠪᠤᠷᠪᠢ ᠶᠢ ᠨᠢ ᠰᠠᠯᠭᠠᠵᠤ ᠲᠠᠯᠪᠢᠨ᠎ᠠ᠃ ᠢᠩᠬᠢᠭᠰᠡᠨ ᠤ ᠲᠠᠷᠠᠭ᠎ᠠ ᠬᠠ ᠠᠴᠠ ᠡᠬᠢᠯᠡᠬᠦᠯᠵᠤ ᠤᠭᠤᠴᠠ ᠪᠠᠷ ᠲᠡᠬᠦᠰᠬᠡᠨ ᠲᠠᠯᠤ᠂ ᠲᠦᠷᠪᠠᠨ ᠦᠨᠳᠤᠷ᠂ ᠪᠣᠭᠲᠣᠭᠤᠰᠤ ᠴᠢᠮᠤᠬᠡ᠂ ᠱᠠᠭᠠᠨᠲᠤ᠂ ᠰᠡᠬᠦᠵᠢ᠂ ᠭᠤᠷᠪᠢᠴᠢᠭ᠂ ᠤᠭᠤᠴᠠ ᠶᠠᠰᠤ ᠬᠦᠷᠳᠡᠯ᠎ᠡ ᠨᠢᠬᠡᠳ ᠨᠢᠬᠡ ᠪᠠᠷ ᠦᠶ᠎ᠡ ᠮᠦᠴᠢᠯᠡᠨ ᠡᠪᠳᠡᠵᠤ ᠲᠤᠰ ᠲᠤᠰ ᠤᠷᠤᠨ ᠳᠤ ᠨᠢ ᠲᠠᠯᠪᠢᠨ᠎ᠠ᠃ ᠬᠢᠳᠤᠭ᠎ᠠ ᠡᠷᠬᠢᠯᠳᠡᠬᠦᠯᠬᠦ  ᠳᠤ ᠪᠠᠨ ᠶᠠᠭᠤᠨ ᠤ ᠡᠮᠤᠨ᠎ᠡ ᠪᠠᠷᠠᠭᠤᠨ ᠠᠴᠠ ᠡᠬᠢᠯᠡᠬᠦᠯᠵᠤ᠂ ᠪᠠᠷᠠᠭᠤᠨ ᠭᠠᠷ ᠲᠠᠯ᠎ᠠ ᠶᠢᠨ ᠬᠦᠨᠳᠡᠬᠦ ᠭᠠᠵᠠᠷ ᠤᠳ ᠢ ᠬᠢᠳᠤᠭ᠎ᠠ ᠶᠢᠨ ᠢᠷ ᠢᠶᠠᠨ ᠲᠠᠬᠡᠭᠰᠢ ᠪᠤᠶᠤ ᠦᠬᠡᠳᠡ ᠬᠠᠨᠳᠤᠭᠤᠯᠵᠤ ᠬᠦᠨᠳᠡᠬᠦ ᠪᠦᠬᠡᠳ ᠵᠡᠬᠦᠨ ᠭᠠᠷ ᠲᠠᠯ᠎ᠠ ᠶᠢᠨ ᠬᠦᠨᠳᠡᠬᠦ ᠬᠡᠰᠡᠭ ᠤᠳ ᠢ ᠬᠢᠳᠤᠭ᠎ᠠ  ᠶᠢᠨ ᠢᠷ ᠢᠶᠠᠨ ᠲᠤᠷᠤᠭᠰᠢ ᠪᠤᠶᠤ ᠪᠡᠶ᠎ᠡ ᠦᠬᠡᠳᠡ ᠪᠠᠨ ᠬᠠᠨᠳᠤᠭᠤᠯᠵᠤ ᠬᠦᠨᠳᠡᠬᠦ ᠶᠤᠰᠤᠳᠠᠢ᠃ ᠡᠨᠡ ᠪᠦᠬᠦᠨ ᠢ ᠴᠦᠮ ᠪᠠᠷᠠᠭᠤᠨ ᠭᠠᠷ  ᠢᠶᠠᠷ ᠬᠦᠢᠴᠡᠳᠬᠡᠳᠡᠭ᠃ ᠲᠡᠬᠡᠬᠦ ᠳᠤ ᠪᠠᠨ ᠵᠠᠪᠠᠯ ᠵᠠᠩᠰᠢᠯ ᠶᠤᠰᠤᠭᠠᠷ ᠪᠠᠶᠢᠷᠢᠯᠠᠭᠤᠯᠬᠤ ᠬᠡᠷᠡᠭᠳᠠᠢ᠃ ᠰᠢᠬᠦᠰᠤ ᠪᠠᠨ ᠡᠪᠳᠡᠬᠡᠳ ᠭᠠᠷᠪᠠᠯ ᠲᠠᠬᠢᠨ ᠵᠦᠪ ᠢᠶᠠᠷ ᠡᠷᠬᠢᠬᠦᠯᠵᠤ ᠲᠠᠯᠪᠢᠭᠠᠳ ᠲᠦᠬᠡᠯᠢ ᠲᠤᠯᠤᠭᠠᠢ ᠶᠢ ᠤᠤᠯ ᠶᠤᠰᠤᠭᠠᠷ ᠲᠡᠬᠡᠷ᠎ᠡ ᠨᠢ ᠲᠠᠯᠪᠢᠵᠤ᠂ ᠰᠢᠭᠦᠰᠦᠨ ᠢᠷᠦᠬᠡᠯ ᠢᠷᠦᠬᠡᠬᠡᠳ ︽ᠲᠠᠶᠠᠭᠠᠷ ᠰᠢᠬᠦᠰᠤ ᠵᠤᠭᠤᠭᠯᠠ︕︾ ᠬᠡᠵᠤ ᠨᠠᠶᠢᠷ ᠲᠠᠯᠪᠢᠨ ᠮᠦᠷᠬᠦᠨ ᠶᠤᠰᠤᠯᠠᠬᠤ ᠪᠤᠶᠤ ᠪᠠᠰᠠ ᠵᠠᠷᠢᠮ ᠭᠠᠵᠠᠷ ᠲᠤ ︽ᠬᠤᠷᠮᠤᠰᠳᠠ ᠲᠡᠭᠷᠢ ᠶᠢᠨ ᠠᠷᠢᠭᠤᠨ ᠬᠡᠰᠢᠭᠳᠦ᠂ ᠬᠤᠨ ᠴᠠᠭᠠᠨ ᠬᠤᠨᠢ ᠶᠢ ᠪᠠᠨ ᠵᠤᠯᠤᠮ᠎ᠠ ᠬᠡᠵᠤ᠂ ᠬᠤᠷᠢᠮ ᠤᠨ ᠮᠠᠩᠯᠠᠢ᠂ ᠨᠠᠶᠢᠷ ᠤᠨ ᠲᠦᠪ ᠪᠤᠯᠬᠤ᠂ ᠬᠤᠪᠢ ᠲᠡᠬᠦᠰ ᠬᠦᠨᠳᠤᠳᠤ ᠵᠤᠴᠢᠨ ᠲᠠ ᠨᠠᠷ ᠲᠤ ᠪᠠᠨ ᠲᠠᠪᠰᠢᠬᠦᠯᠤᠨ ᠪᠠᠶᠢᠮᠤᠢ︾ ᠬᠡᠬᠦ ᠪᠤᠶᠤ ︽ᠰᠦᠯᠳᠡ ᠲᠡᠭᠷᠢ ᠶᠢᠨ ᠦᠷᠡᠵᠢᠯ ᠶᠡᠬᠡᠳᠤ᠂ ᠰᠦᠨ ᠴᠠᠭᠠᠨ ᠢᠷᠬᠡ ᠶᠢ ᠪᠠᠨ ᠢᠳᠡᠬᠡᠨ ᠬᠢᠵᠤ᠂ ᠰᠦᠷ ᠵᠢᠪᠬᠤᠯᠠᠩᠳᠤ ᠬᠡᠶᠢᠴᠢᠨ ᠲᠠ ᠨᠠᠷ  ᠲᠤ ᠪᠠᠨ ᠰᠦᠰᠦᠭᠯᠡᠨ ᠰᠦᠬᠦᠳᠴᠤ ᠲᠠᠪᠰᠢᠬᠦᠯᠤᠨ ᠪᠠᠷᠢᠵᠤ ᠪᠠᠶᠢᠨ᠎ᠠ︾ ᠬᠡᠬᠦ ᠮᠡᠳᠤ ᠢᠷᠤᠬᠡᠯ ᠰᠢᠯᠦᠭ ᠬᠡᠯᠡᠵᠤ ᠭᠠᠷᠪᠠᠯ ᠰᠠᠶ᠋ᠢ ᠵᠤᠴᠢᠨ ᠡᠬᠢᠯᠡᠵᠤ ᠭᠠᠷ ᠬᠦᠳᠡᠯᠬᠡᠳᠡᠭ ᠪᠢᠯᠡ᠃      ⒌ ᠰᠢᠬᠦᠰᠤ ᠵᠤᠭᠤᠭᠯᠠᠬᠤ ᠶᠣᠰᠣᠨ ᠪᠤᠶᠤ ᠴᠡᠭᠡᠷ ᠶᠣᠰᠣᠨ      ᠰᠢᠬᠦᠰᠤᠨ ᠤ ᠬᠤᠨᠢ ᠶᠢ ᠵᠠᠪᠠᠯ ᠢᠰᠡᠬᠡᠢ ᠲᠤᠯᠤᠭ ᠲᠡᠪᠢᠰᠴᠤ ᠲᠤᠯᠤᠭᠠᠢ ᠶᠢ ᠨᠢ ᠬᠤᠶᠢᠰᠢ ᠬᠠᠨᠳᠣᠭᠤᠯᠤᠨ ᠦᠷᠤᠴᠠᠯᠠᠵᠤ ᠠᠯᠠᠳᠠᠭ ᠪᠦᠬᠡᠳ ᠶᠠᠰᠤ ᠶᠢ ᠨᠢ ᠬᠤᠭᠤᠯᠬᠤ᠂ ᠡᠮᠳᠡᠯᠬᠦ ᠶᠢ ᠶᠡᠬᠡᠳᠡ ᠬᠢᠴᠢᠶᠡᠳᠡᠭ᠃ ᠬᠡᠳᠡᠯ᠎ᠡ ᠮᠠᠨ ᠤ ᠬᠢᠨ ᠤ ᠵᠠᠷᠢᠮ ᠨᠢ ᠡᠬᠦᠨ ᠢ ᠦᠵᠡᠭᠰᠡᠬᠡᠷ ᠯᠠ ︽ᠪᠠᠰᠠ ᠶᠠᠭᠤᠨ ᠤ ᠠᠷᠪᠢᠨ ᠶᠤᠰᠤ ᠤᠴᠢᠷ ᠪᠤᠢ︾ ᠬᠡᠬᠦ ᠶᠤᠮ᠃ ᠦᠨᠡᠨ ᠳᠤ ᠪᠠᠨ ᠶᠠᠮᠠᠷ ᠶᠠᠭᠤᠮᠠᠨ ᠳᠤ ᠴᠦ ᠬᠡᠳ ᠨᠢᠬᠡᠨ ᠲᠤᠭᠳᠠᠭᠰᠠᠨ ᠵᠠᠩ ᠵᠠᠩᠰᠢᠯ᠂ ᠵᠢᠮ᠎ᠡ ᠶᠤᠰᠤ ᠪᠠᠶᠢᠳᠠᠭ᠃ ᠰᠢᠬᠦᠰᠤ ᠡᠪᠳᠡᠬᠦ ᠠᠴᠠ ᠪᠢᠳᠠ ᠮᠠᠨ ᠤ ᠲᠡᠬᠡᠳᠤ ᠦᠶ᠎ᠡ ᠶᠢᠨ ᠬᠢᠨ ᠬᠤᠶᠢᠴᠢ ᠦᠶ᠎ᠡ ᠳᠤ ᠪᠠᠨ ᠦᠨᠳᠤᠰᠤᠳᠡᠨ ᠤ ᠪᠠᠨ ᠠᠷᠢᠭᠤᠨ ᠨᠠᠨᠳᠢᠨ ᠵᠠᠩ ᠲᠠᠳᠬᠠᠯ᠂ ᠠᠮᠢᠳᠤᠷᠠᠯ ᠤᠨ ᠤᠨᠴᠠᠯᠢᠭ ᠬᠡᠪ᠂ ᠶᠤᠰᠤ ᠰᠤᠷᠳᠠᠬᠤᠨ ᠢ ᠬᠢᠷᠢ ᠵᠡᠷᠬᠡ ᠴᠢᠩᠭ᠎ᠠ ᠨᠢᠮᠪᠠᠢ᠂ ᠲᠦᠪ ᠴᠢᠬᠡᠴᠢ ᠪᠠᠷ ᠤᠯᠠᠮᠵᠢᠯᠠᠵᠤ ᠪᠠᠶᠢᠭᠰᠠᠨ ᠢ ᠮᠡᠳᠡᠵᠤ ᠪᠤᠯᠤᠨ᠎ᠠ᠃ ᠰᠢᠭᠦᠰᠦ ᠶᠢ ᠬᠥᠨᠳᠡᠬᠦ ᠳᠤ ᠵᠥᠪᠬᠡᠨ ᠬᠢᠲᠤᠭ᠎ᠠ ᠬᠡᠷᠡᠭᠯᠡᠳᠡᠭ ᠴᠦ ᠮᠢᠬ᠎ᠠ ᠶᠢ ᠨᠢ ᠢᠳᠡᠬᠦ ᠳᠤ ᠬᠢᠲᠤᠭ᠎ᠠ᠂ ᠰᠠᠪᠬ᠎ᠠ ᠬᠡᠷᠡᠭᠯᠡᠬᠦ ᠶᠢ ᠴᠡᠭᠡᠷᠯᠡᠨ᠎ᠡ᠃ ᠰᠢᠭᠦᠰᠦᠨ ᠮᠢᠬ᠎ᠠ ᠯᠤᠭ᠎ᠠ ᠰᠠᠷᠢᠮᠰᠠᠭ ᠰᠣᠩᠭᠢᠨ᠎ᠠ ᠵᠡᠷᠭᠡ ᠭᠠᠰᠢᠭᠤᠨ ᠢᠳᠡᠭᠡᠨ ᠬᠤᠯᠢᠬᠤ ᠶᠢ ᠴᠡᠭᠡᠷᠯᠡᠨ᠎ᠡ᠃ ᠰᠢᠭᠦᠰᠦᠨ ᠲᠣᠯᠣᠭᠠᠢ ᠶᠢ ᠴᠥᠮᠥᠵᠦ᠂ ᠴᠢᠮᠦᠭᠡ ᠶᠢ ᠨᠢ ᠲᠠᠰᠢᠵᠤ ᠢᠳᠡᠬᠦ᠂ ᠶᠠᠰᠤ ᠶᠢ ᠨᠢ ᠴᠠᠶᠢᠯᠭᠠᠲᠠᠯ᠎ᠠ ᠮᠥᠯᠵᠢᠬᠦ ᠶᠢ ᠴᠡᠭᠡᠷᠯᠡᠨ᠎ᠡ᠃ ᠬᠡᠷᠪᠡ ᠢᠩᠭᠢᠪᠡᠯ ᠭᠡᠷ  ᠤᠨ ᠡᠵᠡᠨ ᠢ ᠳᠣᠷᠣᠮᠵᠢᠯᠠᠭᠰᠠᠨ ᠳᠤ ᠲᠣᠭᠠᠴᠠᠭᠳᠠᠨ᠎ᠠ᠃ ᠰᠢᠭᠦᠰᠦᠨ ᠮᠢᠬ᠎ᠠ ᠶᠢ ᠮᠡᠷᠡᠵᠦ ᠢᠳᠡᠬᠦ ᠶᠢ ᠴᠡᠭᠡᠷᠯᠡᠵᠦ᠂ ᠵᠠᠪᠠᠯ ᠰᠡᠮᠡᠯᠵᠦ ᠢᠳᠡᠬᠦ ᠶᠣᠰᠣᠲᠠᠢ᠂ ᠬᠡᠷᠪᠡ ᠮᠡᠷᠡᠪᠡᠯ ᠮᠠᠯ ᠤᠨ ᠢᠶᠠᠨ ᠲᠠᠷ ᠢ ᠦᠵᠡᠵᠦ ᠠᠮᠠᠷᠠᠯ᠎ᠠ ᠭᠡᠳᠡᠭ᠃ ᠰᠢᠭᠦᠰᠦᠨ ᠮᠢᠬ᠎ᠠ ᠶᠢ ᠭᠠᠵᠠᠷ ᠤᠨᠠᠭᠠᠬᠤ᠂ ᠶᠠᠰᠤ ᠶᠢ ᠨᠢ ᠬᠠᠮᠢᠶ᠎ᠠ ᠦᠭᠡᠢ ᠬᠠᠶᠠᠬᠤ ᠶᠢ ᠴᠡᠭᠡᠷᠯᠡᠨ᠎ᠡ᠃ ᠤᠴᠢᠷ ᠨᠢ ᠰᠢᠭᠦᠰᠦ ᠪᠣᠯ ᠬᠦᠨᠳᠦᠲᠦ ᠢᠳᠡᠭᠡᠨ ᠲᠤᠯᠠ ᠢᠩᠭᠢᠵᠦ ᠬᠠᠮᠢᠶ᠎ᠠ ᠨᠠᠮᠢᠶ᠎ᠠ ᠦᠭᠡᠢ ᠬᠠᠶᠠᠪᠠᠯ ᠬᠡᠰᠢᠭ ᠪᠤᠶᠠᠨ ᠢᠶᠠᠨ ᠳᠠᠭᠠᠬᠤ ᠦᠭᠡᠢ ᠪᠣᠯᠣᠨ᠎ᠠ ᠭᠡᠳᠡᠭ᠃ ᠰᠢᠭᠦᠰᠦᠨ ᠮᠢᠬ᠎ᠠ ᠶᠢ ᠠᠮᠲᠠ ᠦᠭᠡᠢ ᠭᠡᠬᠦ ᠪᠤᠶᠤ ᠢᠳᠡᠬᠦ ᠳᠤᠷ᠎ᠠ ᠦᠭᠡᠢ ᠭᠡᠵᠤ ᠬᠡᠯᠡᠪᠡᠯ ᠠᠮᠠᠨ ᠬᠡᠰᠢᠭ ᠵᠠᠶᠢᠯᠠᠵᠤ ᠪᠤᠶᠠᠨ ᠠᠷᠢᠯᠤᠨ᠎ᠠ ᠭᠡᠵᠤ ᠬᠡᠯᠡᠳᠡᠭ᠃ ᠬᠤᠷᠢᠮ ᠳᠡᠭᠡᠷ᠎ᠡ ᠴᠤᠭᠯᠠᠷᠠᠭᠰᠠᠨ ᠪᠦᠭᠦᠳᠡ ᠰᠢᠭᠦᠰᠦ ᠵᠣᠭᠤᠭᠯᠠᠬᠤ ᠶᠣᠰᠣᠲᠠᠢ᠂ ᠭᠡᠭᠡᠭᠳᠡᠭᠦᠯᠵᠦ ᠣᠷᠬᠢᠭᠳᠠᠭᠤᠯᠵᠤ ᠪᠣᠯᠬᠤ ᠦᠭᠡᠢ᠃      ⒍ ᠰᠢᠬᠦᠰᠤ ᠤᠬᠤᠷᠢᠭᠤᠯᠬᠤ ᠶᠣᠰᠣ      ᠣᠷᠳᠣᠰ ᠲᠤ ᠰᠢᠭᠦᠰᠦ ᠴᠤᠬᠤᠷᠢᠭᠤᠯᠬᠤ ᠴᠤ ᠭᠡᠳᠡᠭ᠃ ᠰᠢᠬᠦᠰᠤ ᠶᠢ ᠢᠳᠡᠭᠰᠡᠨ ᠤ ᠳᠠᠷᠠᠭ᠎ᠠ ᠬᠤᠷᠢᠶᠠᠬᠤ ᠶᠢ ᠰᠢᠭᠦᠰᠦ ᠤᠬᠤᠷᠢᠭᠤᠯᠬᠤ ᠭᠡᠳᠡᠭ᠃ ᠰᠢᠭᠦᠰᠦ ᠤᠬᠤᠷᠢᠭᠤᠯᠬᠤ ᠳᠤ ᠪᠠᠨ ᠬᠡᠨ ᠪᠣᠯ ᠬᠡᠨ ᠤᠬᠤᠷᠢᠭᠤᠯᠴᠢᠬᠠᠳᠠᠭ ᠪᠢᠰᠢ ᠃ ᠵᠠᠪᠠᠯ ᠰᠢᠭᠦᠰᠦ ᠬᠥᠨᠳᠡᠭᠴᠢ ᠶᠢᠨ ᠲᠤᠰ ᠪᠡᠶ᠎ᠡ ᠪᠠᠶᠢᠬᠤ ᠶᠣᠰᠣᠲᠠᠢ᠃ ᠢᠷᠡᠭᠰᠡᠨ ᠣᠯᠠᠨ ᠭᠡᠶᠢᠴᠢᠨ ᠬᠥᠭᠰᠢᠨ ᠵᠠᠯᠠᠭᠤ ᠶᠡᠭᠡ ᠪᠠᠭ᠎ᠠ ᠳᠠᠶᠠᠭᠠᠷ ᠴᠠᠳᠲᠠᠯ᠎ᠠ ᠢᠳᠡᠭᠰᠡᠨ ᠤ ᠳᠠᠷᠠᠭ᠎ᠠ ᠰᠢᠭᠦᠰᠦ ᠬᠥᠨᠳᠡᠭᠴᠢ ᠣᠷᠣᠵᠤ ᠢᠷᠡᠭᠡᠳ ᠲᠥᠪ ᠲᠤ ᠨᠢ ︽ᠳᠠᠶᠠᠭᠠᠷ ᠰᠢᠭᠦᠰᠦ ᠵᠣᠭᠤᠭᠯᠠ ᠡ︾ ᠭᠡᠵᠤ ᠪᠥᠬᠦ᠋ᠢᠨ ᠮᠥᠷᠭᠦᠬᠦ ᠳᠤ ᠲᠥᠪ ᠠᠴᠠ ᠡᠬᠢᠯᠡᠨ ᠭᠡᠶᠢᠴᠢᠨ ᠵᠣᠴᠢᠨ ᠳᠠᠶᠠᠭᠠᠷ ᠢᠶᠠᠨ ᠳᠠᠭᠤ ᠨᠢᠭᠡᠲᠡᠢ ᠪᠠᠷ ︽ᠬᠦᠷᠲᠡᠭᠰᠡᠨ ᠡ︕︾ ᠭᠡᠪᠡᠯ ᠤᠬᠤᠷᠢᠭᠤᠯᠵᠤ ᠪᠣᠯᠣᠨ᠎ᠠ᠃ ᠤᠬᠤᠷᠢᠭᠤᠯᠬᠤ ᠳᠤ ᠪᠠᠨ ᠨᠠᠶᠢᠷ ᠤᠨ ᠲᠥᠪ ᠠᠴᠠ ᠰᠢᠭᠦᠰᠦᠨ ᠲᠣᠯᠣᠭᠠᠢ ᠶᠢ ᠢᠳᠡᠭᠰᠡᠨ ᠰᠢᠭᠦᠰᠦᠨ ᠳᠡᠭᠡᠷ᠎ᠡ ᠨᠢ ᠲᠠᠯᠪᠢᠭᠠᠳ ᠵᠥᠪ ᠬᠠᠨᠳᠤᠭᠤᠯᠵᠤ ᠡᠷᠭᠢᠭᠦᠯᠦᠭᠡᠳ ᠪᠤᠴᠠᠭᠠᠬᠤ ᠳᠤ ᠤᠬᠤᠷᠢᠭᠤᠯᠳᠠᠭ᠃                          ᠬᠠᠲᠠᠭᠢᠨ ᠪᠠ᠊ · ᠬᠠᠰᠴᠢᠯᠠᠭᠤ ᠶᠢᠨ ᠪᠦᠷᠭᠡ ᠠᠴᠠ ᠰᠢᠯᠵᠢᠭᠦᠯᠪᠡ
 
ᠢᠷᠡᠯᠲᠡ᠄ ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号