ᠠᠳᠤᠭᠤᠨ ᠳᠤ ᠬᠤᠯᠪᠤᠭᠳᠠᠭᠰᠡᠨ ᠴᠡᠭᠡᠷ ᠶᠤᠰᠤᠨ
ᠨᠡᠶᠢᠲᠡᠯᠡᠭᠰᠡᠨ ᠴᠠᠭ᠄
2018-04-27
     ᠠᠲᠤᠭᠤᠨ ᠳᠤ ᠪᠤᠷᠤᠭᠤ ᠲᠠᠯ᠎ᠠ ᠶᠢᠨ ᠲᠠᠮᠠᠭ᠎ᠠ ᠬᠢᠲᠡᠭ ᠦᠭᠡᠢ᠃ ᠪᠤᠷᠤᠭᠤ ᠲᠠᠯ᠎ᠠ ᠶᠢᠨ ᠲᠠᠮᠠᠭ᠎ᠠ ᠪᠤᠯ ︽ᠪᠠᠷᠠᠭᠲᠠᠵᠤ ᠶᠠᠲᠠᠭᠤᠷᠠᠬᠤ ᠶᠢᠨ ᠲᠡᠮᠲᠡᠭ︾ ᠭᠡᠵᠤ ᠦᠵᠡᠲᠡᠭ᠃      ᠠᠲᠤᠭᠤᠨ ᠲᠠᠮᠠᠭ᠎ᠠ ᠪᠠᠨ ᠭᠠᠲᠠᠭ᠎ᠠ ᠠᠲᠡ ᠲᠡᠨᠲᠡ ᠬᠠᠶᠠᠬᠤ ᠶᠢ ᠴᠡᠭᠡᠷᠯᠡᠵᠤ᠂ ᠵᠠᠪᠠᠯ ᠮᠤᠩᠭᠤᠯ ᠭᠡᠷ ᠤᠨ ᠢᠶᠠᠨ ᠬᠤᠶᠢᠲᠤ ᠲᠠᠯ᠎ᠠ ᠶᠢᠨ ᠤᠨᠢᠨ ᠳᠤᠨᠢ ᠬᠠᠲᠠᠭ ᠪᠦᠰ ᠢᠶᠠᠷ ᠤᠷᠢᠶᠠᠵᠤ ᠬᠠᠪᠴᠢᠭᠤᠯᠤᠨ ᠬᠠᠲᠠᠭᠠᠯᠠᠨ᠎ᠠ᠃      ᠠᠲᠤᠭᠤᠨ ᠲᠠᠮᠠᠭᠠᠯᠠᠭᠠᠨ ᠲᠡᠭᠡᠷ᠎ᠡ ᠭᠡᠷᠡᠭᠦᠯ ᠵᠤᠲᠤᠭᠠᠨ ᠬᠢᠬᠦ ᠶᠢ ᠴᠡᠭᠡᠷᠯᠡᠨ᠂ ᠪᠡᠯᠭᠡ ᠮᠠᠭᠤ ᠶᠠᠪᠤᠲᠠᠯ ᠪᠤᠯᠤᠨ᠎ᠠ ᠭᠡᠵᠤ ᠦᠵᠡᠲᠡᠭ᠃      ᠬᠠᠶᠢᠷᠠᠲᠠᠢ ᠠᠭᠲᠠ ᠮᠤᠷᠢ ᠪᠠ ᠤᠩᠭᠤᠯᠠᠵᠤ ᠲᠠᠷᠬᠠᠯᠠᠭᠰᠠᠨ ᠠᠲᠤᠭᠤ ᠮᠤᠷᠢᠳ ᠢᠶᠠᠨ ᠬᠤᠲᠠᠯᠲᠤᠨ ᠶᠠᠪᠤᠭᠤᠯᠬᠤ ᠶᠢ ᠤᠨᠴᠠ ᠬᠢᠴᠢᠶᠡᠵᠤ᠂ ᠦᠬᠦᠨ ᠦᠬᠦᠲᠡᠯ᠎ᠡ ᠨᠢ ᠲᠤᠲᠤᠮᠲᠠᠨ ᠠᠷᠠᠴᠢᠯᠠᠲᠠᠭ᠃      ᠭᠡᠭᠡᠷ᠎ᠡ ᠬᠦᠲᠡᠭᠡ ᠶᠠᠪᠤᠵᠤ ᠪᠠᠶᠢᠬᠤ ᠳᠤ ᠮᠤᠷᠢᠨ ᠤ ᠬᠢᠯᠭᠠᠰᠤ ᠪᠠᠷ ᠬᠤᠯᠪᠤᠯᠲᠤᠭᠰᠠᠨ ᠬᠤᠮᠤᠯ ᠲᠠᠭᠠᠷᠠᠪᠠᠯ ᠲᠡᠭᠦᠵᠤ ᠠᠪᠤᠭᠠᠳ ᠮᠤᠩᠭᠤᠯ ᠭᠡᠷ ᠤᠨ ᠬᠠᠨ᠎ᠠ ᠶᠢᠨ ᠲᠤᠯᠤᠭᠠᠢ ᠠᠴᠠ ᠡᠯᠭᠦᠵᠤ ᠬᠠᠲᠠᠭᠠᠯᠠᠲᠠᠭ᠃ ᠡᠭᠦᠨ ᠢᠶᠠᠨ ᠠᠲᠤᠭᠤ ᠦᠷᠡᠵᠢᠬᠦ ᠶᠢᠨ ᠪᠡᠯᠭᠡ ᠲᠡᠮᠪᠡᠷᠢᠯ ᠢᠶᠠᠷ ᠦᠵᠡᠲᠡᠭ᠃      ᠮᠤᠩᠭᠤᠯᠴᠤᠳ ᠮᠤᠷᠢᠨ ᠳᠠᠭᠠᠨ ᠮᠤᠷᠲᠠᠬᠤ ᠳᠤ ᠬᠡᠵᠢᠶ᠎ᠡ ᠴᠤ ᠵᠦᠪᠲᠠᠢ ᠲᠠᠯ᠎ᠠ ᠠᠴᠠ ᠨᠢ ᠮᠤᠷᠲᠠᠵᠤ᠂ ᠵᠦᠪᠲᠠᠢ ᠲᠠᠯ᠎ᠠ ᠤᠷᠤᠭᠤ ᠨᠢ ᠪᠠᠭᠤᠲᠠᠭ᠃      ᠠᠲᠤᠭᠤ ᠶᠢ ᠨᠠᠮᠤᠷ ᠤᠨ ᠨᠠᠢᠮᠠᠨ ᠰᠠᠷ᠎ᠠ ᠶᠢᠨ ᠰᠢᠨᠡᠳ ᠢᠶᠠᠷ ︽ᠨᠠᠮᠤᠷ ᠤᠨ ᠲᠠᠯᠠᠯᠭ᠎ᠠ ᠠᠪᠴᠤ ᠨᠤᠮ ᠤᠩᠰᠢᠬᠤ ︾ ᠦᠶ᠎ᠡ  ᠳᠤ ᠲᠡᠭᠷᠢ ᠳᠤ ᠰᠡᠲᠡᠷᠯᠡᠲᠡᠭ᠃      ᠰᠡᠲᠡᠷᠯᠡᠭᠦ ᠠᠲᠤᠭᠤᠨ ᠳᠠᠭᠠᠨ ᠠᠬᠢ ᠬᠦᠵᠢ ᠶᠢᠨ ᠰᠠᠩ ᠤᠭᠤᠬᠢᠭᠤᠯᠬᠤ ᠶᠢᠨ ᠬᠠᠮᠲᠤ ᠷᠠᠰᠢᠶᠠᠯᠠᠵᠤ᠂ ᠰᠡᠲᠡᠷ ᠢᠶᠠᠨ ᠵᠡᠬᠦᠯᠭᠡᠵᠤ᠂ ᠰᠦ ᠰᠠᠭᠠᠯᠢ ᠪᠠᠷ ᠮᠢᠯᠢᠶᠠᠭᠠᠳ ᠦᠩᠭᠡ ᠵᠢᠰᠦᠮ᠂ ᠨᠠᠰᠤ ᠵᠢᠯ ᠢ ᠨᠢ ᠲᠠᠭᠤᠲᠠᠨ ᠠᠴᠢ ᠭᠠᠪᠢᠶ᠎ᠠ ᠶᠢ ᠨᠢ ᠮᠠᠭᠲᠠᠵᠤ᠂ ᠲᠡᠭᠷᠢ ᠳᠤ ᠲᠠᠭᠠᠳᠬᠠᠭᠠᠳ ᠰᠦᠷᠦᠭ ᠲᠤᠨᠢ ᠲᠠᠯᠪᠢᠲᠠᠭ᠃      ᠤᠩᠭᠤᠨ ᠲᠠᠷᠬᠠᠨ ᠠᠲᠤᠭᠤᠨ ᠤ ᠪᠠᠨ ᠲᠠᠯ ᠰᠡᠭᠦᠯ ᠠᠴᠠ ᠠᠪᠴᠤ᠂ ᠬᠠᠲᠠᠭ ᠲᠤ ᠪᠤᠭᠤᠵᠤ᠂ ᠬᠠᠨ᠎ᠠ ᠶᠢᠨ ᠲᠤᠯᠤᠭᠠᠢ ᠳᠤ ᠡᠯᠬᠦᠨ ᠲᠠᠬᠢᠵᠤ᠂ ᠬᠠᠶᠢᠷᠠᠲᠠᠢ ᠮᠠᠯ ᠤᠨ ᠢᠶᠠᠨ ᠠᠴᠢ ᠲᠤᠰᠠ ᠶᠢ ᠲᠤᠷᠠᠰᠤᠨ ᠮᠦᠷᠦᠭᠡᠳᠭᠦ ᠰᠡᠳᠬᠢᠯ ᠢᠶᠠᠨ ᠢᠯᠡᠳᠭᠡᠭᠰᠠᠨ ᠤᠴᠢᠷ ᠲᠠᠢ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号