ᠬᠠᠪᠤᠷ ᠤᠨ ᠴᠠᠭᠠᠨ ᠰᠦᠷᠦᠭ ᠤᠨ ᠶᠡᠭᠡ ᠬᠤᠷᠢᠮ ᠤᠨ ᠢᠷᠡᠯᠳᠡ
ᠨᠡᠶᠢᠲᠡᠯᠡᠭᠰᠡᠨ ᠴᠠᠭ᠄
2018-05-18
      ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠬᠤᠷᠢᠮ ᠢ ᠮᠥᠨ ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠲᠠᠶᠢᠯᠭ᠎ᠠ ᠬᠡᠳᠡᠭ᠃ ᠡᠨᠡ ᠨᠢ ᠴᠢᠩᠬᠢᠰ ᠬᠠᠭᠠᠨ ᠤ ᠲᠦᠷᠪᠡᠨ ᠤᠯᠠᠷᠢᠯ ᠤᠨ ᠲᠠᠶᠢᠯᠭ᠎ᠠ ᠶᠢᠨ ᠬᠠᠪᠤᠷ ᠤᠨ ᠤᠯᠠᠷᠢᠯ ᠤᠨ ᠶᠡᠭᠡ ᠲᠠᠶᠢᠯᠭ᠎ᠠ ᠪᠠᠶᠢᠵᠦ᠂ ᠴᠠᠭᠠᠬᠴᠢᠨ ᠬᠡᠬᠦᠦ ᠶᠢᠨ ᠰᠦᠨ ᠢᠶᠠᠷ ᠬᠦᠬᠡ ᠮᠦᠡᠭᠬᠡ ᠲᠡᠭᠷᠢ ᠳᠤ ᠰᠠᠴᠤᠯᠢ ᠡᠷᠬᠦᠬᠦ ᠦᠪᠡᠳᠡᠭᠰᠢ ᠬᠤᠷᠢᠮ ᠪᠤᠯᠤᠨ᠎ᠠ᠃ ᠡᠨᠡ ᠨᠢ ᠴᠢᠩᠬᠢᠰ ᠬᠠᠭᠠᠨ ᠲᠤᠬᠠᠢ ᠶᠢᠨ ᠵᠢᠯ ᠳᠤ ᠬᠡᠷᠦᠯᠦᠨ ᠭᠤᠤᠯ ᠤᠨ ᠬᠦᠪᠡᠬᠡᠨ ᠳᠤ ᠪᠤᠮᠠᠨ ᠰᠦᠷᠦᠭ ᠤᠨ ᠪᠠᠳᠤ ᠵᠡᠯ᠎ᠠ ᠪᠠᠨ ᠲᠠᠳᠠᠵᠦ᠂ ᠶᠡᠷᠡ ᠶᠢᠰᠦᠨ ᠴᠠᠭᠠᠬᠴᠢᠨ ᠬᠡᠬᠦᠦ ᠶᠢᠨ ᠰᠦᠨ ᠢᠶᠠᠷ ᠬᠦᠬᠡ ᠮᠦᠡᠭᠬᠡ ᠲᠡᠭᠷᠢ ᠳᠤ ᠪᠠᠨ ᠰᠠᠴᠤᠯᠢ ᠡᠷᠬᠦᠭᠰᠡᠨ ᠠᠴᠠ ᠢᠷᠡᠯᠳᠡ ᠲᠠᠢ᠃ ᠲᠡᠤᠬᠡᠨ ᠰᠤᠷᠪᠤᠯᠵᠢ ᠪᠢᠴᠢᠭ ︽ᠪᠤᠯᠤᠷ ᠡᠷᠢᠬᠡ︾ ᠳᠤ ︽ᠲᠠᠪᠢᠨ ᠰᠡᠬᠦᠳᠡᠷ ᠤᠨ ᠴᠠᠭᠠᠬᠴᠢᠨ ᠬᠤᠨᠢᠨ ᠵᠢᠯ ᠬᠡᠷᠦᠯᠦᠨ ᠨᠡᠷᠡᠳᠤ ᠮᠦᠷᠡᠨ ᠳᠤᠷ ᠨᠤᠳᠤᠬᠯᠠᠨ ᠪᠦᠬᠦᠢ ᠳᠤ ᠡᠷᠳᠡᠨᠢ ᠮᠤᠷᠢᠨ ᠤ ᠰᠢᠮ᠎ᠠ ᠰᠦᠨ ᠤ ᠲᠡᠬᠡᠵᠢ ᠶᠢ ᠡᠷᠬᠡᠳᠤ ᠪᠤᠷᠬᠠᠨ ᠲᠡᠭᠷᠢ ᠳᠤ ᠵᠠᠯᠪᠠᠷᠢᠨ ᠡᠷᠬᠦᠬᠡᠳ ᠡᠬᠦᠨᠴᠠ ᠰᠠᠶᠢᠳᠤᠷ ᠲᠤᠭᠳᠠᠭᠠᠵᠦ ᠪᠦᠷᠢᠨ ᠡᠨᠡ ᠬᠦ ᠮᠤᠩᠭᠤᠯ ᠤᠯᠤᠰ ᠲᠤᠷ ᠬᠠᠤᠯᠢ ᠶᠤᠰᠤᠨ ᠪᠤᠯᠭᠠᠶ᠎ᠠ ᠬᠡᠮᠡᠨ ᠵᠠᠷᠯᠢᠭ ᠪᠤᠯᠤᠭᠠᠳ︾ ᠬᠡᠵᠦ ᠲᠡᠮᠳᠡᠭᠯᠡᠵᠡᠢ᠃ ᠴᠠᠭᠠᠨ ᠰᠦᠷᠦᠭ ᠤᠨ ᠶᠡᠭᠡ ᠬᠤᠷᠢᠮ ᠨᠢ ᠲᠡᠭᠷᠢ ᠲᠠᠬᠢᠬᠤ᠂ ᠡᠪᠦᠭᠡ ᠲᠡᠬᠡᠳᠦᠰ ᠲᠤ ᠪᠠᠨ ᠲᠠᠬᠢᠯ ᠡᠷᠬᠦᠬᠦ ᠪᠠᠷ ᠭᠤᠤᠯ ᠠᠭᠤᠯᠭ᠎ᠠ ᠪᠤᠯᠭᠠᠵᠦ᠂ ᠮᠦᠡᠭᠬᠡ ᠲᠡᠭᠷᠢ ᠪᠤᠯᠤᠨ ᠲᠡᠭᠡᠳᠤᠰ ᠲᠤ ᠪᠠᠨ ᠬᠦᠮᠥᠨ ᠮᠠᠯ ᠤᠨ ᠠᠮᠤᠭᠤᠯᠠᠩ ᠦᠨᠢᠷ᠂ ᠡᠬᠡ ᠲᠡᠯᠡᠬᠡᠢ ᠶᠢᠨ ᠠᠮᠤᠷ ᠲᠤᠭᠳᠠᠭᠤᠨ ᠪᠠᠶᠢᠬᠤ ᠶᠢ ᠲᠠᠭᠠᠳᠬᠠᠳᠠᠭ᠃ ᠴᠠᠭᠠᠨ ᠰᠦᠷᠦᠭ ᠤᠨ ᠶᠡᠭᠡ ᠬᠤᠷᠢᠮ ᠨᠢ ᠪᠢᠯᠢᠭ ᠤᠨ ᠤᠯᠠᠷᠢᠯ ᠤᠨ ᠭᠤᠷᠪᠠᠨ ᠰᠠᠷ᠎ᠠ ᠶᠢᠨ ᠠᠷᠪᠠᠨ ᠲᠤᠯᠤᠭᠠᠨ ᠠᠴᠠ ᠬᠤᠷᠢᠨ ᠲᠦᠷᠪᠡᠨ ᠪᠤᠯᠳᠠᠯ᠎ᠠ ᠶᠠᠪᠤᠬᠳᠠᠵᠦ᠂ ᠬᠤᠷᠢᠨ ᠨᠢᠬᠡᠨ ᠤ ᠡᠳᠦᠷ ᠪᠤᠯ ᠭᠤᠤᠯ ᠲᠠᠶᠢᠯᠭ᠎ᠠ ᠶᠢᠨ ᠡᠳᠦᠷ ᠪᠤᠯᠤᠨ᠎ᠠ᠃  
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号