ᠴᠠᠭᠠᠨ ᠰᠦᠷᠦᠭ ᠤᠨ ᠶᠡᠭᠡ ᠬᠤᠷᠢᠮ ᠤᠨ ᠲᠤᠮᠤᠭ
ᠨᠡᠶᠢᠲᠡᠯᠡᠭᠰᠡᠨ ᠴᠠᠭ᠄
2018-05-18
     ᠴᠠᠭᠠᠨ ᠰᠦᠷᠦᠭ ᠤᠨ ᠶᠡᠭᠡ ᠬᠤᠷᠢᠮ ᠤᠨ ᠲᠤᠬᠠᠢ ᠤᠷᠳᠤᠰ ᠲᠤ ᠬᠡᠳᠦᠨ ᠤᠯᠠᠮᠵᠢᠯᠠᠯ ᠶᠠᠷᠢᠶ᠎ᠠ ᠪᠠᠶᠢᠳᠠᠭ᠃ ᠲᠡᠬᠦᠨ ᠤ ᠨᠢᠬᠡ ᠨᠢ᠄ ᠴᠢᠩᠬᠢᠰ ᠡᠵᠡᠨ ᠲᠠᠪᠢᠨ ᠨᠠᠰᠤᠨ ᠤ ᠬᠤᠳᠤᠭ ᠤᠨ ᠰᠢᠨ᠎ᠠ ᠵᠢᠯ ᠳᠤ ᠪᠡᠶ᠎ᠠ ᠴᠢᠯᠡᠷᠬᠡᠬᠡᠳ ᠬᠤᠶᠠᠷ ᠰᠠᠷ᠎ᠠ ᠭᠠᠷᠤᠢ ᠪᠤᠯᠵᠦ ᠲᠡᠷᠤᠢ ᠭᠤᠷᠪᠠᠨ ᠰᠠᠷ᠎ᠠ ᠶᠢᠨ ᠬᠤᠷᠢᠨ ᠨᠢᠬᠡᠨ ᠳᠤ ᠨᠠᠶᠠᠨ ᠨᠢᠬᠡ ᠬᠤᠨᠤᠭ ᠳᠡᠭᠡᠷ᠎ᠡ ᠰᠠᠶᠢᠨ ᠪᠤᠯᠤᠬᠰᠠᠨ ᠳᠤ ᠨᠠᠶᠠᠨ ᠨᠢᠬᠡᠨ ᠬᠤᠨᠤᠭ ᠤᠨ ᠮᠠᠭᠤ ᠢᠷᠸ᠎ᠠ ᠲᠡᠬᠦᠰᠪᠠ ᠬᠡᠮᠡᠨ ᠪᠤᠮᠠᠨ ᠰᠦᠷᠦᠭ ᠤᠨ ᠪᠠᠳᠤ ᠵᠠᠯ᠎ᠠ ᠪᠠᠨ ᠲᠠᠳᠠᠵᠦ ᠶᠡᠷᠡ ᠶᠢᠰᠦᠨ ᠴᠠᠭᠠᠬᠴᠢᠨ ᠬᠡᠬᠦᠳ ᠤᠨ ᠰᠦᠨ ᠢᠶᠠᠷ ᠲᠡᠭᠡᠷ᠎ᠠ ᠶᠡᠷᠡ ᠶᠢᠰᠦᠨ ᠲᠡᠭᠷᠢ ᠳᠤ ᠰᠠᠴᠤᠯᠢ ᠡᠷᠬᠦᠵᠦ ᠬᠤᠷᠮᠤᠰᠳᠠ ᠲᠡᠭᠷᠢ ᠶᠢᠨ ᠤᠡᠭᠭᠤᠨ ᠬᠦᠯᠦᠭ ︽ᠦᠨᠳᠡᠬᠡᠨ ᠴᠠᠭᠠᠨ ᠮᠤᠷᠢ︾ ᠪᠠᠨ ᠲᠠᠰᠠᠮᠠᠳᠠᠵᠦ ᠮᠢᠯᠢᠶᠡᠬᠰᠠᠨ ᠶᠤᠮ ᠬᠡᠨ᠎ᠠ᠃ ᠪᠠᠰᠠ ᠨᠢᠬᠡ ᠬᠡᠯᠡᠯᠬᠡ ᠨᠢ᠄ ᠴᠢᠩᠬᠢᠰ ᠡᠵᠡᠨ ᠲᠠᠪᠢᠨ ᠨᠠᠰᠤᠨ ᠤ ᠬᠤᠳᠤᠭ ᠤᠨ  ᠬᠠᠪᠤᠷ ᠨᠢ ᠰᠦᠷᠡᠬᠡᠢ ᠮᠠᠭᠤ ᠴᠠᠭ ᠪᠤᠯᠤᠬᠰᠠᠨ ᠳᠤ ᠴᠢᠩᠬᠢᠰ ᠡᠵᠡᠨ ᠬᠠᠪᠤᠷ ᠤᠨ ᠭᠤᠷᠪᠠᠨ ᠰᠠᠷ᠎ᠠ ᠪᠤᠯ ᠬᠠᠷ᠎ᠠ ᠰᠠᠷ᠎ᠠ᠂ ᠮᠠᠭᠤ ᠰᠠᠷ᠎ᠠ᠂ ᠡᠬᠦᠨ ᠢ ᠴᠠᠭᠠᠨ ᠪᠤᠯᠭᠠᠶ᠎ᠠ ᠬᠡᠮᠡᠨ ᠴᠠᠭᠠᠬᠴᠢᠨ ᠬᠡᠬᠦᠳ ᠤᠨ ᠰᠦᠨ ᠢ ᠲᠡᠭᠷᠢ ᠳᠤ ᠰᠠᠴᠤᠯᠭ᠎ᠠ ᠡᠷᠬᠦᠵᠦ ᠲᠤᠰᠬᠠᠢ ᠴᠠᠭᠠᠨ ᠰᠠᠷᠠᠯ ᠮᠤᠷᠢ ᠶᠢ ᠴᠠᠭᠠᠨ ᠲᠤᠷᠭ᠎ᠠ ᠪᠠᠷ ᠲᠠᠰᠠᠮᠠᠳᠠᠨ ᠤᠡᠭᠭᠤᠯᠠᠵᠦ ᠲᠡᠭᠷᠢ ᠶᠢᠨ ᠬᠦᠯᠦᠭ ᠬᠡᠮᠡᠨ ᠲᠠᠬᠢᠭᠠᠳ ᠴᠠᠭᠠᠨ ᠰᠦᠷᠦᠭ ᠴᠤᠬᠯᠠᠪᠡᠢ᠂ ᠬᠠᠷ᠎ᠠ ᠰᠠᠷ᠎ᠠ ᠶᠢ ᠪᠦᠷ ᠴᠠᠭᠠᠨ ᠪᠤᠯᠭᠠᠴᠢᠬᠠᠪᠠ ᠬᠡᠵᠦ ᠪᠡᠯᠬᠡᠳᠡᠵᠦ ᠲᠤᠮ ᠲᠠᠪᠢᠭ ᠡᠷᠬᠦᠭᠰᠡᠨ ᠠᠴᠠ ᠴᠠᠭᠠᠨ ᠰᠦᠷᠦᠭ ᠬᠡᠮᠡᠵᠡᠢ᠃ ᠰᠡᠬᠦᠯᠡᠷ ᠨᠢ ᠵᠢᠯ ᠪᠦᠷᠢ ᠡᠨᠡ ᠬᠦ ᠶᠤᠰᠤᠯᠠᠯ ᠢ ᠬᠢᠵᠦ᠂ ︽ᠴᠠᠭᠠᠨ ᠰᠦᠷᠦᠭ ᠤᠨ ᠶᠡᠭᠡ ᠬᠤᠷᠢᠮ︾ ᠬᠡᠮᠡᠨ ᠵᠢᠩᠬᠢᠨᠢ ᠪᠠᠷ ᠨᠠᠷᠠᠶᠢᠳᠴᠡᠢ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号