ᠶᠠᠷᠠ ᠶᠢᠰᠦᠨ ᠴᠠᠭᠠᠬᠴᠢᠨ ᠭᠡᠭᠦᠦ ᠶᠢᠨ ᠲᠤᠭ᠎ᠠ ᠶᠢᠨ ᠪᠦᠷᠢᠳᠦᠯ
ᠨᠡᠶᠢᠲᠡᠯᠡᠭᠰᠡᠨ ᠴᠠᠭ᠄
2018-05-18
      1211 ᠤᠨ ᠤ ᠪᠢᠯᠢᠭ ᠤᠨ ᠤᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ ᠤ ᠦᠯᠵᠠᠶᠢᠳᠤ ᠡᠳᠦᠷ᠂ ᠡᠵᠡᠨ ᠪᠤᠬᠳᠠ ᠴᠢᠩᠭᠢᠰ ᠬᠠᠭᠠᠨ ᠭᠡᠷᠦᠯᠦᠨ ᠮᠦᠷᠠᠨ ᠤ ᠭᠦᠪᠡᠭᠡᠨ ᠳᠤ ᠪᠤᠮᠠᠨ ᠰᠦᠷᠦᠭ ᠤᠨ ᠪᠠᠳᠤ ᠵᠠᠯ᠎ᠠ ᠪᠠᠨ ᠲᠠᠳᠠᠵᠤ᠂ ᠶᠠᠷᠠ ᠶᠢᠰᠦᠨ ᠴᠠᠭᠠᠬᠴᠢᠨ ᠭᠡᠭᠦᠦ ᠶᠢᠨ ᠰᠦ ᠪᠠᠷ ᠲᠡᠭᠡᠳᠤ ᠶᠡᠷᠠ ᠶᠢᠰᠦᠨ ᠲᠡᠭᠷᠢ ᠳᠤ ᠰᠠᠴᠤᠯᠢ ᠡᠷᠭᠦᠵᠤ᠂ ᠮᠦᠡᠭᠭᠡ ᠲᠡᠭᠷᠢ ᠶᠢᠨ ᠰᠢᠳᠦᠭᠡᠨ ᠭᠦᠯᠦᠭ ᠪᠤᠯᠬᠤ ᠦᠨᠳᠡᠭᠡᠨ ᠴᠠᠭᠠᠨ ᠮᠤᠷᠢ ᠪᠠᠨ ᠲᠡᠰᠠᠮᠠᠳᠠᠨ ᠤᠡᠭᠭᠤᠯᠠᠬᠰᠠᠨ ᠪᠢᠯᠠ ᠃ ᠦᠨᠳᠡᠭᠡᠨ ᠴᠠᠭᠠᠨ ᠰᠢᠳᠦᠭᠡᠨ ᠮᠤᠷᠢ ᠨᠢ ᠭᠦᠭᠡ ᠮᠦᠡᠭᠭᠡ ᠲᠡᠭᠷᠢ ᠶᠢᠨ ᠪᠡᠯᠭᠡᠳᠡᠯ ᠤᠨ ᠬᠤᠪᠢ ᠪᠠᠷ ᠴᠢᠩᠭᠢᠰ ᠬᠠᠭᠠᠨ ᠤ ᠨᠠᠢᠮᠠᠨ ᠴᠠᠭᠠᠨ ᠤᠷᠳᠤ ᠶᠢᠨ ᠲᠤᠭᠤᠷᠢᠨ ᠳᠤ ᠰᠢᠳᠦᠭᠳᠡᠨ ᠤᠯᠠᠮᠵᠢᠯᠠᠬᠳᠠᠬᠰᠠᠭᠠᠷ ᠢᠷᠠᠵᠠᠢ᠃ ᠦᠨᠳᠡᠭᠡᠨ ᠴᠠᠭᠠᠨ ᠰᠢᠳᠦᠭᠡᠨ ᠤ ᠲᠠᠭᠠᠯ ᠰᠦᠷᠦᠭ ᠪᠤᠯᠤᠬᠰᠠᠨ ᠶᠡᠷᠠ ᠶᠢᠰᠦᠨ ᠴᠠᠭᠠᠬᠴᠢᠨ ᠭᠡᠭᠦᠦ ᠶᠢᠨ ᠰᠦ ᠪᠠᠷ ᠡᠴᠢᠭᠡ ᠲᠡᠭᠷᠢ ᠂ ᠡᠭᠡ ᠭᠠᠵᠠᠷ᠂ ᠡᠪᠦᠭᠡ ᠲᠡᠭᠡᠳᠦᠰ ᠲᠤ ᠪᠠᠨ ᠰᠠᠴᠤᠯᠢ ᠡᠷᠭᠦᠳᠡᠭ ᠶᠤᠰᠤᠯᠠᠯ ᠨᠢ ᠴᠢᠩᠭᠢᠰ ᠬᠠᠭᠠᠨ ᠤ ᠲᠠᠶᠢᠯᠭ᠎ᠠ ᠲᠠᠭᠢᠯᠭ᠎ᠠ ᠶᠢᠨ ᠰᠤᠶᠤᠯ ᠤᠨ ᠴᠢᠬᠤᠯᠠ ᠠᠭᠤᠯᠭ᠎ᠠ ᠪᠤᠯᠵᠠᠢ᠃ ᠦᠡᠭᠭᠡᠷᠡᠭᠰᠡᠨ ᠳᠤ ᠦᠨᠳᠡᠭᠡᠨ ᠴᠠᠭᠠᠨ ᠰᠢᠳᠦᠭᠡᠨ ᠮᠤᠷᠢ ᠨᠢ ᠲᠦᠮᠡᠳ ᠤᠨ ᠲᠠᠯ᠎ᠠ ᠳᠤ ᠪᠡᠯᠴᠢᠭᠡᠷᠯᠡᠨ ᠶᠠᠪᠤᠵᠤ᠂ ᠦᠨᠳᠡᠭᠡᠨ ᠴᠠᠭᠠᠨ ᠤ ᠲᠠᠭᠠᠯ ᠰᠦᠷᠦᠭ ᠨᠢ ᠲᠦᠮᠡᠳ ᠤᠨ ᠲᠠᠯ᠎ᠠ ᠠᠴᠠ ᠰᠢᠯᠢ ᠶᠢᠨ ᠭᠤᠤᠯ᠂ ᠴᠠᠬᠠᠷ᠂ ᠦᠵᠦᠮᠦᠴᠢᠨ ᠨᠤᠳᠤᠭ ᠪᠤᠯᠳᠠᠯᠡᠭᠢ ᠦᠷᠭᠡᠨ ᠠᠭᠤᠳᠠᠮ ᠨᠤᠳᠤᠭ ᠪᠡᠯᠴᠢᠭᠡᠷ ᠲᠤ ᠲᠠᠪᠠᠳᠠᠢ ᠪᠡᠯᠴᠢᠳᠡᠭ ᠪᠠᠶᠢᠵᠠᠢ᠃ ᠠᠵᠤ ᠠᠬᠤᠢ ᠶᠢᠨ ᠭᠦᠭᠵᠢᠯᠳᠠ᠂ ᠲᠡᠤᠭᠡ ᠰᠤᠶᠤᠯ ᠤᠨ ᠰᠢᠨᠠᠴᠢᠯᠠᠯᠳᠠ᠂ ᠴᠠᠭ ᠲᠦᠷᠦ ᠶᠢᠨ ᠬᠤᠪᠢᠷᠠᠯ ᠠᠴᠠ ᠪᠤᠯᠵᠤ᠂ ᠦᠨᠳᠡᠭᠡᠨ ᠴᠠᠭᠠᠨ ᠤ ᠲᠠᠭᠠᠯ ᠰᠦᠷᠦᠭ ᠤᠨ ᠪᠡᠯᠴᠢᠭᠡᠷ ᠨᠤᠳᠤᠭ ᠨᠢ ᠢᠪᠴᠤᠷᠠᠨ᠂ ᠲᠤᠭ᠎ᠠ ᠲᠤᠯᠤᠭᠠᠢ ᠨᠢ ᠴᠦ ᠴᠦᠭᠡᠷᠠᠵᠠᠢ᠃ ᠰᠢᠨ᠎ᠠ ᠡᠷᠠᠨ ᠵᠠᠭᠤᠨ ᠳᠤ ᠤᠷᠤᠬᠰᠠᠨ ᠤ ᠲᠠᠷᠠᠭ᠎ᠠ ᠨᠠᠮ ᠲᠦᠷᠦ ᠶᠢᠨ ᠬᠠᠯᠠᠮᠵᠢᠯᠠᠯ᠂ ᠤᠷᠤᠨ ᠨᠤᠳᠤᠭ ᠤᠨ ᠵᠠᠰᠠᠭ ᠤᠨ ᠤᠷᠳᠤᠨ ᠤ ᠲᠡᠮᠵᠢᠯᠭᠡ᠂ ᠰᠢᠳᠦᠭᠡᠨ ᠰᠠᠭᠢᠬᠴᠢ ᠲᠠᠷᠬᠠᠳᠴᠤᠳ ᠤᠨ ᠴᠢᠷᠮᠠᠶᠢᠯᠭ᠎ᠠ ᠪᠠᠷ ᠦᠨᠳᠡᠭᠡᠨ ᠴᠠᠭᠠᠨ ᠤ ᠲᠠᠭᠠᠯ ᠰᠦᠷᠦᠭ ᠤᠨ ᠴᠠᠭᠠᠬᠴᠢᠨ ᠭᠡᠭᠦᠳ ᠤᠨ ᠲᠤᠭ᠎ᠠ ᠵᠢᠯ ᠠᠴᠠ ᠵᠢᠯ ᠨᠡᠮᠡᠭᠳᠡᠵᠤ ᠪᠠᠶᠢᠯ᠎ᠠ᠃      ᠴᠢᠩᠭᠢᠰ ᠬᠠᠭᠠᠨ ᠤ ᠤᠡᠭᠭᠤᠨ ᠤ ᠵᠢᠭᠤᠯᠴᠢᠯᠠᠯ ᠤᠨ ᠤᠷᠤᠨ ᠳᠤ ᠦᠨᠳᠡᠭᠡᠨ ᠴᠠᠭᠠᠨ ᠵᠢᠴᠢ ᠲᠡᠭᠦᠨ ᠤ ᠲᠠᠭᠠᠯ ᠰᠦᠷᠦᠭ᠂ ᠵᠢᠯᠤᠭᠤᠨ ᠰᠢᠷᠭ᠎ᠠ᠂ ᠨᠠᠢᠮᠠᠨ ᠰᠢᠷᠭ᠎ᠠ ᠵᠡᠷᠭᠡ ᠴᠢᠩᠭᠢᠰ ᠬᠠᠭᠠᠨ ᠲᠠᠢ ᠨᠢᠬᠳᠠ ᠬᠤᠯᠪᠤᠭ᠎ᠠ ᠲᠠᠢ ᠠᠳᠤᠭᠤ ᠪᠠᠶᠢᠳᠠᠭ᠃ ᠤᠢᠢᠷ᠎ᠠ ᠶᠢᠨ ᠵᠢᠯ ᠠᠴᠠ ᠨᠠᠭᠠᠰᠢ ᠤᠯᠠᠨ ᠵᠦᠢᠯ ᠤᠨ ᠨᠦᠭᠦᠴᠠᠯ ᠰᠢᠯᠳᠠᠭᠠᠨ ᠳᠤ ᠭᠢᠵᠠᠭᠠᠷᠯᠠᠬᠳᠠᠨ ᠦᠨᠳᠡᠭᠡᠨ ᠴᠠᠭᠠᠨ ᠤ ᠲᠠᠭᠠᠯ ᠰᠦᠷᠦᠭ ᠤᠨ ᠲᠤᠭ᠎ᠠ ᠲᠤᠯᠤᠭᠠᠢ ᠨᠢ ᠲᠤᠬᠳᠠᠬᠰᠠᠨ ᠲᠤᠭᠠᠨ ᠳᠤ ᠭᠦᠷᠦᠭᠰᠡᠨ ᠦᠭᠡᠢ᠃ 2016 ᠤᠨ ᠳᠤ ᠪᠠᠷᠠᠭᠤᠨ ᠦᠵᠦᠮᠦᠴᠢᠨ ᠠᠴᠠ 30 ᠭᠠᠷᠤᠢ ᠴᠠᠭᠠᠬᠴᠢ ᠭᠡᠭᠦᠦ ᠶᠢ ᠰᠤᠩᠭᠤᠨ ᠦᠨᠳᠡᠭᠡᠨ ᠴᠠᠭᠠᠨ ᠤ ᠲᠠᠭᠠᠯ ᠰᠦᠷᠦᠭ ᠪᠤᠯᠭᠠᠨ ᠨᠡᠶᠢᠯᠡᠭᠦᠯᠦᠭᠡᠳ 99 ᠴᠠᠭᠠᠬᠴᠢ ᠭᠡᠭᠦᠦ ᠶᠢᠨ ᠲᠤᠭ᠎ᠠ ᠶᠢ ᠪᠦᠷᠢᠳᠦᠭᠦᠯᠵᠠᠢ᠃                     ︽ᠴᠢᠩᠬᠢᠰ ᠬᠠᠭᠠᠨ ᠰᠢᠳᠦᠬᠡᠨ ᠤ ᠬᠡᠬᠡᠨ ᠲᠤᠯᠢ︾ ᠠᠴᠠ
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号