ᠮᠤᠩᠭᠤᠯᠴᠤᠳ ᠤᠨ ᠴᠠᠢ ᠠᠶᠠᠭᠠᠯᠠᠬᠤ ᠶᠤᠰᠤᠨ
ᠨᠡᠶᠢᠲᠡᠯᠡᠭᠰᠡᠨ ᠴᠠᠭ᠄
2018-06-06
     ᠭᠡᠷ ᠤᠨ ᠡᠵᠡᠨ ᠵᠤᠴᠢᠨ ᠢᠶᠠᠨ ᠰᠠᠭᠤᠯᠭᠠᠬᠰᠠᠨ ᠤ ᠲᠠᠷᠠᠭ᠎ᠠ ᠠᠶᠠᠭ᠎ᠠ ᠲᠠᠢ ᠴᠠᠢ ᠪᠠᠨ ᠬᠤᠶᠠᠷ ᠭᠠᠷ ᠢᠶᠠᠷ ᠢᠶᠠᠨ ᠡᠷᠭᠦᠨ ᠪᠠᠷᠢᠬᠤ ᠳᠤ ᠵᠤᠴᠢᠨ ᠨᠢ ᠦᠨᠳᠡᠶᠢᠰᠭᠡᠵᠤ ᠪᠠᠷᠠᠭᠤᠨ ᠭᠠᠷ ᠢᠶᠠᠷ ᠢᠶᠠᠨ ᠠᠶᠠᠭ᠎ᠠ ᠲᠠᠢ ᠴᠠᠢ ᠶᠢ ᠲᠤᠰᠤᠨ ᠠᠪᠤᠭᠠᠳ ᠰᠢᠷᠡᠭᠡᠨ ᠲᠡᠭᠡᠷ᠎ᠡ ᠲᠠᠯᠪᠢᠨ ᠠᠭᠠᠵᠢᠮ ᠢᠶᠠᠷ ᠤᠤᠭᠤᠳᠠᠭ ᠪᠠᠶᠢᠨ᠎ᠠ᠃      ᠢᠷᠡᠭᠰᠡᠨ ᠬᠡᠶᠢᠴᠢᠨ ᠳᠤ ᠪᠠᠨ ᠴᠠᠢ ᠠᠶᠠᠭᠠᠯᠠᠬᠤ ᠳᠤ ᠡᠷᠭᠡᠪᠰᠢ ᠲᠡᠪᠡᠯ ᠮᠠᠯᠠᠭᠠᠢ ᠪᠠᠨ ᠤᠷᠢᠳᠠᠪᠠᠷ ᠵᠠᠰᠠᠨ ᠲᠦᠪ ᠬᠢᠴᠢᠶᠡᠩᠭᠦᠢ ᠪᠠᠶᠢᠬᠤ ᠪᠦᠭᠡᠳ ᠬᠡᠶᠢᠴᠢᠨ ᠳᠤ ᠪᠠᠨ ᠴᠠᠪᠠ ᠦᠭᠡᠢ ᠪᠦᠲᠦᠨ ᠰᠠᠶᠢᠬᠠᠨ ᠴᠡᠪᠡᠷ ᠠᠶᠠᠭᠠᠨ ᠳᠤ ᠴᠠᠢ ᠪᠠᠨ ᠠᠶᠠᠭᠠᠯᠠᠵᠤ᠂ ᠡᠮᠲᠡᠷᠬᠡᠢ ᠠᠶᠠᠭᠠᠨ ᠳᠤ ᠴᠠᠢ ᠠᠶᠠᠭᠠᠯᠠᠬᠤ ᠶᠢ ᠲᠤᠩ ᠴᠡᠭᠡᠷᠯᠡᠨ᠂ ᠡᠮᠲᠡᠷᠬᠡᠢ ᠠᠶᠠᠭ᠎ᠠ ᠨᠢ ᠪᠡᠯᠭᠡ ᠲᠡᠮᠪᠡᠷᠢᠯ ᠮᠠᠭᠤ ᠬᠡᠵᠤ ᠦᠵᠡᠳᠡᠭ᠃     ᠴᠠᠢ ᠪᠠᠨ ᠠᠶᠠᠭᠠᠯᠠᠬᠤ ᠲᠡᠪᠤᠷ᠎ᠡ ᠪᠤᠶᠤ ᠰᠢᠨᠠᠭ᠎ᠠ ᠪᠠᠨ ᠪᠠᠷᠠᠭᠤᠨ ᠭᠠᠷ ᠲᠤ ᠪᠠᠨ ᠪᠠᠷᠢᠵᠤ᠂ ᠠᠶᠠᠭ᠎ᠠ ᠪᠠᠨ ᠵᠡᠭᠦᠨ ᠭᠠᠷ ᠲᠤ ᠪᠠᠨ ᠪᠠᠷᠢᠨ᠂ ᠴᠠᠢ ᠶᠢ ᠠᠶᠠᠭᠠᠨ ᠲᠤᠲᠤᠷ᠎ᠠ ᠵᠦᠪ ᠡᠷᠬᠢᠭᠦᠯᠦᠨ ᠠᠶᠠᠭᠠᠯᠠᠳᠠᠭ ᠪᠠᠶᠢᠨ᠎ᠠ᠃ ᠴᠠᠢ ᠠᠶᠠᠭᠠᠯᠠᠬᠤ ᠳᠤ ᠲᠤᠮᠳᠠᠭᠤᠷ ᠠᠶᠠᠭᠠᠯᠠᠬᠤ ᠦᠭᠡᠢ ᠮᠦᠷᠲᠡᠭᠡᠨ ᠬᠤᠷᠤᠭᠤ ᠬᠢᠮᠤᠰᠤ ᠪᠠᠨ ᠠᠶᠠᠭ᠎ᠠ ᠲᠠᠢ ᠴᠠᠢ ᠳᠤ ᠬᠦᠷᠭᠡᠬᠦ ᠶᠢ ᠶᠡᠬᠡᠳᠡ ᠬᠢᠴᠢᠶᠡᠨ᠎ᠡ᠃     ᠲᠡᠪᠤᠷ᠎ᠡ ᠶᠢᠨ ᠴᠤᠷᠭᠤ ᠪᠤᠶᠤ ᠰᠢᠨᠠᠭ᠎ᠠ ᠪᠠᠨ ᠭᠡᠷ ᠤᠨ ᠬᠤᠶᠢᠮᠤᠷ ᠲᠡᠰᠢ ᠬᠠᠨᠳᠤᠭᠤᠯᠵᠤ᠂ ᠡᠭᠦᠳᠡᠨ ᠤ ᠵᠦᠭ ᠬᠠᠨᠳᠤᠭᠤᠯᠬᠤ ᠶᠢ ᠶᠡᠭᠡᠳᠡ ᠴᠡᠭᠡᠷᠯᠡᠨ᠂ ᠲᠤᠲᠤᠬᠰᠢ ᠬᠠᠨᠳᠤᠭᠤᠯᠪᠠᠯ ᠬᠡᠰᠢᠭ ᠪᠤᠶᠠᠨ ᠭᠡᠷ ᠤᠨ ᠵᠦᠭ ᠢᠷᠡᠵᠤ᠂ ᠭᠠᠳᠠᠬᠰᠢ ᠬᠠᠨᠳᠤᠭᠤᠯᠪᠠᠯ ᠬᠡᠰᠢᠭ ᠪᠤᠶᠠᠨ ᠭᠠᠳᠠᠬᠰᠢᠯᠠᠨ᠎ᠠ ᠭᠡᠳᠡᠭ᠃     ᠬᠡᠶᠢᠴᠢᠨ ᠳᠤ ᠴᠠᠢ ᠨᠡᠮᠡᠨ ᠠᠶᠠᠭᠠᠯᠠᠬᠤ ᠳᠤ ᠠᠶᠠᠭ᠎ᠠ ᠶᠢ ᠲᠤᠰᠤᠨ ᠠᠪᠴᠤ ᠠᠶᠠᠭᠠᠯᠠᠬᠤ ᠪᠦᠭᠡᠳ ᠪᠤᠴᠠᠭᠠᠬᠤ ᠳᠤ ᠪᠠᠨ ᠪᠠᠷᠠᠭᠤᠨ ᠭᠠᠷ ᠢᠶᠠᠷ ᠢᠶᠠᠨ ᠪᠤᠴᠠᠭᠠᠨ ᠦᠭᠳᠡᠭ ᠪᠠᠶᠢᠨ᠎ᠠ᠃ ᠬᠡᠶᠢᠴᠢᠨ ᠤ ᠭᠠᠷ ᠲᠤ ᠠᠶᠠᠭ᠎ᠠ ᠶᠢ ᠨᠢ ᠪᠠᠷᠢᠭᠤᠯᠤᠨ ᠴᠠᠢ ᠠᠶᠠᠭᠠᠯᠠᠳᠠᠭ ᠦᠭᠡᠢ᠃ ᠰᠢᠨ᠎ᠡ ᠴᠢᠨᠠᠬᠰᠠᠨ ᠴᠠᠢ ᠶᠢᠨ ᠲᠡᠭᠡᠵᠢ ᠶᠢ ᠠᠶᠠᠭᠠᠯᠠᠵᠤ ᠤᠤᠭᠤᠬᠤ ᠠᠴᠠ ᠡᠮᠦᠨ᠎ᠡ ᠡᠷᠬᠡᠪᠰᠢ ᠲᠡᠭᠷᠢ ᠪᠤᠷᠬᠠᠨ᠂ ᠠᠭᠤᠯᠠ ᠤᠰᠤᠨ ᠤ ᠪᠠᠨ ᠨᠠᠪᠳᠠᠭ ᠰᠠᠪᠳᠠᠭ᠂ ᠭᠠᠯ ᠤᠨ ᠪᠤᠷᠬᠠᠨ ᠵᠡᠷᠭᠡ ᠳᠤ ᠪᠠᠨ ᠲᠡᠭᠡᠵᠢ ᠪᠠᠨ ᠡᠷᠭᠦᠭᠡᠳ ᠰᠠᠶ᠋ᠢ ᠴᠠᠢ ᠪᠠᠨ ᠠᠶᠠᠭᠠᠯᠠᠵᠤ ᠤᠤᠭᠤᠳᠠᠭ ᠪᠠᠶᠢᠨ᠎ᠠ᠃ ᠬᠡᠶᠢᠴᠢᠨ ᠤ ᠠᠶᠠᠭ᠎ᠠ ᠲᠠᠢ ᠴᠠᠢ ᠲᠤᠮᠳᠠᠷᠠᠬᠤ ᠠᠴᠠ ᠡᠮᠦᠨ᠎ᠡ ᠲᠡᠭᠡᠷ᠎ᠡ ᠠᠴᠠ ᠨᠢ ᠴᠠᠢ ᠨᠡᠮᠡᠳᠡᠭ ᠦᠭᠡᠢ᠃     ᠴᠠᠢ ᠠᠶᠠᠭᠠᠯᠠᠬᠤ ᠳᠤ ᠬᠠᠨᠴᠤᠢ ᠰᠢᠮᠠᠯᠠᠬᠤ ᠶᠢ ᠴᠡᠭᠡᠷᠯᠡᠵᠤ᠂ ᠠᠶᠠᠭ᠎ᠠ ᠲᠠᠢ ᠴᠠᠢ ᠪᠠᠨ ᠡᠭᠦᠳᠡ ᠪᠠᠷ ᠭᠠᠳᠠᠬᠰᠢ ᠠᠰᠬᠠᠬᠤ᠂ ᠴᠠᠢ ᠶᠢᠨ ᠰᠢᠭᠠᠷᠤ ᠪᠠᠨ ᠰᠢᠭᠤᠳ ᠠᠶᠠᠭ᠎ᠠ ᠪᠠᠷ ᠨᠢ ᠠᠰᠬᠠᠬᠤ ᠶᠢ ᠴᠡᠭᠡᠷᠯᠡᠨ᠂ ᠴᠠᠢ ᠶᠢᠨ ᠰᠢᠭᠠᠷᠤ ᠪᠠᠨ ᠭᠡᠷ ᠤᠨ ᠪᠠᠷᠠᠭᠤᠨ ᠬᠤᠶᠢᠨ᠎ᠠ ᠵᠦᠭ ᠲᠤ ᠴᠡᠪᠡᠷ ᠭᠠᠵᠠᠷ ᠲᠤ ᠬᠠᠶᠠᠳᠠᠭ᠃ ᠭᠠᠭᠴᠠ ᠠᠶᠠᠭ᠎ᠠ ᠴᠠᠢ ᠤᠤᠭᠤᠬᠤ ᠶᠢ ᠶᠡᠭᠡᠳᠡ ᠴᠡᠭᠡᠷᠯᠡᠳᠡᠭ ᠪᠠᠶᠢᠨ᠎ᠠ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号