ᠪᠠᠯᠠᠷ ᠮᠠᠩᠬᠠᠨ ᠳᠤ ᠪᠠᠳᠮᠠᠯᠠᠵᠤ ᠪᠠᠶᠢᠭᠰᠠᠨ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ
ᠨᠡᠶᠢᠲᠡᠯᠡᠭᠰᠡᠨ ᠴᠠᠭ᠄
2019-01-02
          ᠲᠡᠤᠬᠡ ᠶᠢᠨ ᠬᠠᠭᠤᠳᠠᠰᠤ ᠶᠢ ᠰᠡᠬᠦᠬᠦᠢ      ᠬᠠᠭᠤᠴᠢᠴᠤᠤᠯ ᠤᠨ ᠦᠬᠦᠯᠡᠬᠦ ᠶᠢ ᠰᠤᠨᠤᠰᠪᠠᠯ ᠨᠢᠬᠡ ᠬᠠᠷᠢᠶ᠎ᠠ ᠤᠷᠤᠨ ᠳᠤ ᠲᠤᠬᠠᠢ ᠶᠢᠨ ᠦᠶ᠎ᠡ ᠳᠡᠭᠡᠨ ᠡᠷᠳᠡᠮ ᠨᠤᠮ ᠳᠤ ᠨᠠᠪᠲᠡᠷᠡᠭᠰᠡᠳ ᠨᠢ ᠭᠤᠤᠯᠳᠠᠭᠤ ᠯᠠᠮ᠎ᠠ ᠬᠤᠸᠠᠷᠠᠭ ᠪᠤᠶᠤ ᠢᠵᠠᠭᠤᠷᠲᠠᠳ ᠤᠨ ᠬᠡᠤᠬᠡᠳ ᠪᠠᠶᠢᠵᠤ᠂ ᠪᠢᠴᠢᠭ ᠮᠡᠳᠡᠯᠬᠡ ᠲᠠᠢ ᠬᠦᠮᠦᠨ ᠶᠡᠭᠡ ᠬᠤᠮᠰᠠ ᠪᠠᠶᠢᠪᠠ᠃ ᠤᠯᠤᠰ ᠪᠠᠶᠢᠭᠤᠯᠤᠭᠳᠠᠭᠰᠠᠨ ᠤ ᠲᠠᠷᠤᠢ ᠳᠤ ᠴᠤ ᠦᠤᠰᠢᠨᠵᠤᠤ ᠳᠤ ᠰᠤᠷᠭᠠᠭᠤᠯᠢ ᠪᠠᠶᠢᠭ᠎ᠠ ᠦᠭᠡᠢ ᠪᠠᠶᠢᠵᠤ᠂ ᠬᠠᠷᠢᠨ 1950 ᠤᠨ ᠠᠴᠠ ᠡᠬᠢᠯᠡᠨ ᠰᠤᠶᠤᠯ ᠤᠨ ᠪᠠᠯᠠᠢ ᠶᠢ ᠠᠷᠢᠯᠭᠠᠬᠤ ᠬᠦᠳᠡᠯᠬᠡᠬᠡᠨ ᠦᠷᠨᠢᠵᠤ᠂ 1952 ᠤᠨ ᠪᠤᠯᠤᠭᠠᠳ ᠰᠠᠶ᠋ᠢ ᠨᠡᠶᠢᠬᠡᠮ ᠤᠨ ᠰᠤᠷᠭᠠᠭᠤᠯᠢ ᠬᠡᠭᠴᠢ ᠶᠢ ᠪᠠᠶᠢᠭᠤᠯᠵᠤ᠂ ᠬᠡᠳᠦᠬᠡᠨ ᠪᠠᠭᠰᠢ ᠠᠶᠢᠯ ᠲᠤᠭᠤᠷᠢᠨ ᠬᠢᠴᠢᠶᠡᠯ ᠵᠢᠭᠠᠵᠤ᠂ ᠨᠠᠰᠤᠨ ᠤ ᠢᠯᠭᠠᠯ ᠬᠠᠮᠢᠶᠠᠷᠤᠯ ᠦᠭᠡᠢ ᠪᠠᠷ ᠪᠢᠴᠢᠭ ᠲᠠᠨᠢᠭᠤᠯᠬᠤ ᠬᠡᠮᠵᠢᠶᠡᠨ ᠳᠤ ᠬᠦᠷᠭᠡᠳᠡᠭ ᠪᠠᠶᠢᠨ᠎ᠠ᠃ ᠢᠡᠭᠭᠢᠵᠤ ᠰᠤᠷᠤᠯᠴᠠᠭᠠᠳ ᠭᠠᠷᠤᠭᠰᠠᠨ ᠰᠤᠷᠤᠭᠴᠢᠳ ᠢ ᠨᠢᠬᠡᠳᠦᠯᠲᠡᠢ ᠰᠢᠯᠭᠠᠵᠤ ᠬᠢᠷᠢ ᠲᠡᠩᠴᠡᠭᠰᠡᠳ ᠢ ᠲᠡᠭᠢᠨ ᠪᠠᠭᠰᠢ ᠪᠤᠯᠭᠠᠨ ᠪᠠᠭᠰᠢᠯᠠᠭᠤᠯᠵᠤ ᠪᠠᠶᠢᠪᠠ᠃ ᠢᠡᠭᠭᠢᠭᠡᠳ 1958 ᠤᠨ ᠲᠠᠢ ᠵᠤᠯᠭᠠᠵᠤ᠂ ᠲᠤᠰ ᠵᠢᠯ ᠨᠢ ᠪᠦᠷᠢᠳᠦ ᠶᠡᠭᠡ ᠪᠠᠷᠢᠭᠠᠲᠠ ᠲᠡᠭᠡᠷ᠎ᠡ ᠰᠦᠷᠡᠬᠡᠢ ᠶᠡᠭᠡ ᠬᠤᠪᠢᠷᠠᠯᠲᠠ ᠭᠠᠷᠤᠭᠰᠠᠨ ᠪᠠᠶᠢᠪᠠ᠃      ᠴᠠᠭ ᠲᠦᠷᠦ ᠶᠢᠨ ᠬᠤᠪᠢᠷᠠᠯᠲᠠ ᠪᠠᠷ 1958 ᠤᠨ ᠳᠤ ᠪᠦᠷᠢᠳᠦ ᠳᠤ ᠴᠤ ᠬᠤᠷᠰᠢᠶᠠᠵᠢᠯ ᠤᠨ ᠬᠦᠳᠡᠯᠬᠡᠭᠡᠨ ᠬᠦᠴᠦᠲᠡᠢ ᠦᠷᠨᠢᠨ ᠪᠤᠰᠬᠤ ᠶᠢᠨ ᠬᠠᠮᠲᠤ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ᠂ ᠬᠦᠮᠦᠨ ᠤ ᠡᠮᠨᠡᠯᠬᠡ ᠶᠢᠨ ᠦᠷᠲᠡᠭᠡ᠂ ᠬᠡᠤᠬᠡᠳ ᠤᠨ ᠴᠡᠴᠡᠷᠯᠢᠭ᠂ ᠤᠶᠤᠳᠠᠯ ᠤᠨ ᠲᠤᠭᠤᠢᠢᠯᠠᠩ᠂ ᠬᠠᠨᠭ᠍ᠭᠠᠠᠯᠭ᠎ᠠ ᠶᠢᠨ ᠬᠤᠷᠰᠢᠶ᠎ᠠ᠂ ᠮᠤᠳᠤᠴᠢᠨ ᠤ ᠲᠠᠰᠤᠭ ᠁ ᠬᠡᠬᠦ ᠮᠡᠲᠤ ᠶᠢᠨ ᠤᠯᠠᠨ ᠤᠯᠠᠨ ᠰᠢᠨ᠎ᠡ ᠬᠡᠷᠡᠭ ᠪᠤᠳᠠᠰ᠂ ᠰᠢᠨ᠎ᠡ ᠬᠠᠮᠲᠤ ᠤᠯᠠᠨ ᠪᠤᠢ ᠪᠤᠯᠵᠤ᠂ ᠠᠷᠠᠳ ᠤᠨ ᠨᠢᠬᠡᠳᠦᠯ ᠤᠨ ᠬᠠᠮᠲᠤ ᠶᠢᠨ ᠠᠵᠤ ᠠᠬᠤᠢ ᠶᠢᠨ ᠠᠩᠬᠠᠨ ᠤ ᠬᠡᠯᠪᠡᠷᠢ ᠲᠦᠯᠥᠪᠵᠢᠨ ᠲᠤᠭᠲᠠᠪᠠ᠃ ᠢᠡᠭᠭᠢᠭᠡᠳ ᠯᠠ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠵᠢᠩᠭᠢᠨᠢ ᠪᠠᠷ ᠪᠠᠶᠢᠭᠤᠯᠤᠭᠳᠠᠵᠤ᠂ 35 ᠵᠢᠯ ᠤᠨ ᠲᠤᠷᠰᠢ ᠲᠤᠰ ᠭᠠᠵᠠᠷ ᠤᠷᠤᠨ ᠤ ᠮᠠᠰᠢ ᠤᠯᠠᠨ ᠬᠦᠮᠦᠨ ᠢ ᠡᠷᠳᠡᠮ ᠨᠤᠮ ᠤᠨ ᠵᠠᠮ ᠢᠶᠠᠷ ᠬᠦᠲᠦᠯᠥᠨ ᠠᠭᠰᠠᠭᠠᠡᠷ ᠨᠡᠶᠢᠬᠡᠮ ᠤᠨ ᠡᠯ᠎ᠡ ᠰᠠᠯᠪᠤᠷᠢ ᠳᠤ ᠬᠦᠷᠭᠡᠵᠤ᠂ ᠮᠤᠬᠤᠰᠢ ᠦᠭᠡᠢ ᠰᠤᠶᠤᠯ ᠤᠨ ᠳᠠᠯᠠᠢ ᠪᠠᠶᠠᠨ ᠰᠠᠩ ᠳᠤ ᠦᠪᠡᠷ ᠤᠨ ᠬᠤᠪᠢ ᠨᠡᠮᠡᠷᠢ ᠪᠠᠨ ᠦᠵᠡᠬᠦᠯᠥᠭᠰᠡᠨ ᠨᠢ ᠮᠠᠭᠲᠠᠭᠤᠰᠢᠲᠠᠢ᠃
              60 ᠵᠢᠯ ᠤᠨ ᠲᠠᠷᠠᠭᠠᠬᠢ ᠦᠨᠦᠳᠦᠷ      ᠲᠤᠬᠠᠢ ᠶᠢᠨ ᠦᠶ᠎ᠡ ᠳᠡᠭᠡᠨ ᠪᠠᠳᠮᠠᠯᠠᠨ ᠳᠡᠯᠬᠡᠷᠡᠵᠤ ᠪᠠᠶᠢᠭᠰᠠᠨ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠶᠢᠨ ᠪᠠᠭᠤᠷᠢ ᠦᠨᠦᠳᠦᠷ ᠨᠤᠲᠤᠭ ᠤᠨ ᠨᠤᠶᠠᠨ ᠰᠠᠯᠬᠢᠨ ᠳᠤ ᠭᠠᠰᠢᠭᠤᠳᠠᠯᠲᠠᠢ ᠪᠦᠬᠦᠯᠵᠡᠬᠦ ᠡᠪᠡᠰᠦ ᠲᠠᠢ ᠬᠠᠮᠲᠤ ᠲᠡᠤᠬᠡ ᠶᠢᠨ ᠡᠴᠢᠨ᠎ᠡ ᠳᠤ ᠡᠷᠭᠢᠰᠢ ᠦᠭᠡᠢ ᠪᠤᠴᠠᠵᠠᠢ᠃ ᠬᠡᠪᠡᠴᠤ ᠡᠨᠡ ᠰᠤᠷᠭᠠᠭᠤᠯᠢ ᠶᠢ ᠪᠠᠶᠢᠭᠤᠯᠬᠤ ᠳᠤ ᠬᠦᠴᠦᠨ ᠵᠢᠳᠬᠦᠵᠤ᠂ ᠡᠷᠳᠡᠮ ᠨᠤᠮ ᠵᠢᠭᠠᠵᠤ ᠪᠠᠶᠢᠭᠰᠠᠨ ᠬᠡᠰᠡᠭ ᠪᠦᠯᠥᠭ ᠪᠠᠭᠰᠢ ᠵᠢᠴᠢ ᠡ᠊ᠨᠳᠡ ᠠᠴᠠ ᠰᠤᠶᠤᠯ ᠤᠨ ᠡᠬᠢ ᠤᠨᠳᠤᠷᠤᠭ᠎ᠠ ᠶᠢ ᠠᠮᠰᠠᠯᠠᠵᠤ ᠪᠠᠶᠢᠭᠰᠠᠨ ᠬᠡᠰᠡᠭ ᠪᠦᠯᠥᠭ ᠰᠤᠷᠤᠭᠴᠢᠳ 2018 ᠤᠨ ᠤ 12 ᠰᠠᠷ᠎ᠠ ᠶᠢᠨ 18 ᠤ ᠡᠳᠦᠷ ᠪᠦᠷᠢᠳᠦ ᠭᠠᠴᠠᠭᠠᠨ ᠲᠡᠭᠡᠷ᠎ᠡ ᠴᠤᠭᠯᠠᠷᠠᠨ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠪᠠᠶᠢᠭᠤᠯᠤᠭᠳᠠᠭᠰᠠᠨ 60 ᠵᠢᠯ ᠤᠨ ᠤᠢ ᠶᠢ ᠪᠠᠶᠠᠷᠯᠠᠨ ᠪᠡᠯᠬᠡᠯᠡᠵᠤ᠂ ︽ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠶᠢᠨ ᠪᠦᠷᠢᠨ ᠲᠡᠤᠬᠡ︾ ᠬᠡᠮᠡᠬᠦ ᠨᠤᠮ ᠤᠨ ᠲᠠᠷᠬᠠᠭᠠᠯᠲᠠ ᠪᠤᠯᠤᠭᠰᠠᠨ ᠪᠠᠶᠢᠨ᠎ᠠ᠃ ᠲᠤᠰ ᠨᠤᠮ ᠢ ᠡᠨᠡ ᠵᠢᠯ ᠤᠨ ᠡᠬᠢ ᠪᠠᠷ ᠪᠦᠷᠢᠳᠦ ᠭᠠᠴᠠᠭᠠᠨ ᠤ ᠮᠠᠯᠴᠢᠳ ᠤᠨ ᠬᠦᠰᠡᠯ ᠱᠠᠭᠠᠷᠳᠠᠯᠭ᠎ᠠ ᠪᠠᠷ ᠬᠡᠨᠳᠦᠨᠵᠠᠪ ᠭᠤᠸᠠᠢ ︽ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠶᠢᠨ ᠪᠦᠷᠢᠨ ᠲᠡᠤᠬᠡ︾ ᠶᠢ ᠵᠤᠬᠢᠶᠠᠨ ᠪᠢᠴᠢᠬᠦ ᠵᠦᠪᠯᠡᠯ ᠢ ᠪᠠᠶᠢᠭᠤᠯᠵᠤ᠂ ᠤᠤᠯ ᠤᠨ ᠤᠷᠳᠤᠰ ᠬᠤᠲᠠ ᠶᠢᠨ ᠨᠠᠮ ᠤᠨ ᠰᠤᠷᠭᠠᠭᠤᠯᠢ ᠶᠢᠨ ᠬᠦᠨ ᠤᠬᠠᠭᠠᠨ ᠤ ᠫᠷᠤᠹᠧᠰᠰᠤᠷ ᠪᠠᠶᠠᠨᠳᠡᠯᠬᠡᠷ ᠨᠦᠬᠦᠷ ᠭᠠᠷᠳᠠᠨ ᠪᠢᠴᠢᠵᠤ ᠭᠤᠤᠯᠯᠠᠨ ᠨᠠᠶᠢᠷᠠᠭᠤᠯᠤᠨ ᠨᠤᠮ ᠪᠤᠯᠭᠠᠨ ᠬᠡᠪᠯᠡᠭᠰᠡᠨ ᠪᠠᠶᠢᠨ᠎ᠠ᠃ ᠲᠤᠰ ᠨᠤᠮ ᠳᠠᠭᠠᠨ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠳᠤ ᠪᠠᠭᠰᠢᠯᠠᠵᠤ ᠰᠤᠷᠤᠯᠴᠠᠵᠤ ᠪᠠᠶᠢᠭᠰᠠᠨ ᠪᠦᠬᠦ ᠬᠦᠮᠦᠨ ᠢ ᠨᠠᠮᠲᠠᠷᠴᠢᠯᠠᠨ ᠪᠢᠴᠢᠵᠤ᠂ ᠮᠦᠨ ᠲᠤᠰ ᠰᠤᠷᠭᠠᠭᠤᠯᠢ ᠶᠢᠨ ᠪᠠᠶᠢᠭᠤᠯᠤᠭᠳᠠᠭᠰᠠᠨ ᠠᠬᠤᠢ ᠪᠠᠶᠢᠳᠠᠯ᠂ ᠲᠡᠤᠬᠡᠨ ᠶᠠᠪᠤᠴᠠ ᠵᠢᠴᠢ ᠡᠴᠦᠰ ᠲᠡᠭᠡᠨ ᠦᠤᠰᠢᠨᠵᠤᠤ ᠪᠠᠭ᠎ᠠ ᠰᠤᠷᠭᠠᠭᠤᠯᠢ ᠲᠠᠢ ᠨᠢᠭᠡᠳᠦᠭᠰᠡᠨ ᠤᠴᠢᠷ ᠢ ᠲᠡᠮᠲᠡᠭᠯᠡᠨ ᠦᠯᠡᠳᠡᠬᠡᠵᠡᠢ᠃      ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠪᠠᠶᠢᠭᠤᠯᠤᠭᠳᠠᠭᠰᠠᠨ 60 ᠵᠢᠯ ᠤᠨ ᠤᠢ ᠶᠢ ᠪᠠᠶᠠᠷᠯᠠᠨ ᠪᠡᠯᠬᠡᠯᠡᠬᠦ ᠬᠤᠷᠠᠯ ᠲᠡᠭᠡᠷ᠎ᠡ ᠮᠠᠯᠵᠢᠬᠤ ᠳ᠋ᠠᠵᠠᠢ — ᠦᠤᠰᠢᠨᠵᠤᠤ ᠶᠢᠨ ᠡᠬᠢᠯᠡᠯᠲᠡ ᠶᠢᠨ ᠤᠷᠤᠨ ᠪᠤᠯᠤᠭᠰᠠᠨ ᠪᠦᠷᠢᠳᠦ ᠠᠴᠠ ᠴᠤᠯᠭᠤᠷᠠᠨ ᠭᠠᠷᠤᠭᠰᠠᠨ ᠪᠤᠷᠤᠯᠳᠠᠢ ᠨᠦᠬᠦᠷ ᠪᠠᠶᠠᠷ ᠤᠨ ᠮᠡᠳᠡᠭᠡ ᠬᠦᠷᠭᠡᠭᠰᠡᠨ ᠪᠠ ᠬᠡᠨᠳᠦᠨᠵᠠᠪ᠂ ᠠᠯᠲᠠᠨᠰᠤᠤᠵᠢ᠂ ᠰᠡᠷᠵᠢᠨᠢᠩᠪᠤ ᠵᠡᠷᠭᠡ ᠬᠦᠮᠦᠰ ᠪᠦᠷᠢᠳᠦ ᠠᠷᠠᠳ ᠠᠴᠠ ᠡᠷᠬᠢᠯᠡᠭᠰᠡᠨ ᠪᠠᠭ᠎ᠠ ᠰᠤᠷᠭᠠᠭᠤᠯᠢ ᠳᠤ ᠪᠠᠭᠰᠢᠯᠠᠵᠤ᠂ ᠰᠤᠷᠤᠯᠴᠠᠵᠤ ᠪᠠᠶᠢᠭᠰᠠᠨ ᠦᠡᠭᠬᠡᠷᠡᠯᠲᠡ ᠪᠠᠨ ᠡᠷᠭᠢᠴᠡᠬᠦᠯᠬᠦ ᠶᠢᠨ ᠬᠠᠮᠲᠤ ᠲᠤᠰ ᠤᠳᠠᠭᠠᠨ ᠤ ᠠᠵᠢᠯᠯᠠᠭ᠎ᠠ ᠶᠢ ᠵᠤᠬᠢᠶᠠᠨ ᠪᠠᠶᠢᠭᠤᠯᠤᠭᠰᠠᠨ ᠠᠴᠢ ᠬᠤᠯᠪᠤᠭᠳᠠᠯ ᠢ ᠲᠠᠶᠢᠯᠪᠤᠷᠢᠯᠠᠨ ᠶᠠᠷᠢᠭᠰᠠᠨ ᠪᠠᠶᠢᠨ᠎ᠠ᠃ ᠪᠡᠯᠬᠡᠯᠡᠬᠦ ᠠᠵᠢᠯᠯᠠᠭ᠎ᠠ ᠳᠤ 200 ᠭᠠᠷᠤᠢ ᠬᠦᠮᠦᠨ ᠤᠷᠤᠯᠴᠠᠵᠤ᠂ ᠤᠯᠠᠩᠬᠢ ᠨᠢ ᠮᠤᠩᠭᠤᠯ ᠢᠶᠠᠷ ᠢᠶᠠᠨ ᠭᠤᠶᠤᠯᠠᠭᠰᠠᠨ ᠪᠤᠯᠬᠤᠷ ᠲᠤᠰ ᠨᠤᠲᠤᠭ ᠤᠨ ᠦᠷᠦᠴᠡᠨ ᠳᠤ ᠦᠨᠳᠦᠰᠦ ᠬᠦᠨ ᠬᠠᠳᠬᠤᠵᠤ ᠪᠦᠬᠦᠢ ᠰᠤᠶᠤᠯ ᠤᠨ ᠲᠤᠮᠤ ᠮᠤᠳᠤ ᠡᠬᠡ ᠤᠷᠤᠨ ᠳᠠᠭᠠᠨ ᠴᠢᠮᠠᠯᠠᠰᠢ ᠦᠭᠡᠢ ᠭᠠᠪᠢᠶ᠎ᠠ ᠪᠠᠨ ᠡᠷᠭᠦᠨ ᠪᠠᠶᠢᠭ᠎ᠠ ᠶᠢ ᠬᠠᠵᠠᠭᠤ ᠠᠴᠠ ᠨᠢ ᠬᠠᠷᠠᠵᠤ ᠪᠤᠯᠬᠤ ᠠᠵᠤᠭᠤ᠃        ᠮᠦᠨ ᠡᠨᠡ ᠡᠳᠦᠷ ᠨᠢ ᠦᠬᠡᠷᠡᠴᠢᠯᠡᠯᠲᠡ ᠨᠡᠬᠡᠬᠡᠯᠲᠡ ᠬᠢᠭᠰᠡᠨ 40 ᠵᠢᠯ ᠤᠨ ᠤᠢ ᠶᠢ ᠪᠡᠯᠬᠡᠯᠡᠬᠦ ᠶᠡᠭᠡ ᠬᠤᠷᠠᠯ ᠪᠡᠬᠡᠵᠢᠩ ᠳᠤ ᠦᠪᠡᠳᠡᠭᠰᠢ ᠶᠡᠭᠡ ᠪᠠᠷ ᠶᠠᠪᠤᠭᠳᠠᠵᠤ᠂ ᠡᠯ᠎ᠡ ᠶᠡᠭᠡ ᠮᠡᠳᠡᠭᠡ ᠵᠠᠭᠤᠴᠢᠯᠠᠭᠤᠷ ᠲᠡᠭᠡᠷ᠎ᠡ ᠰᠢᠭᠤᠳ ᠨᠡᠪᠲᠡᠷᠡᠬᠦᠯᠬᠡ ᠬᠢᠭᠰᠡᠨ ᠪᠤᠯᠬᠤᠷ ᠦᠳᠡ ᠶᠢᠨ ᠡᠮᠦᠨ᠎ᠡ ᠨᠢ ᠨᠤᠲᠤᠭ ᠤᠨ ᠮᠠᠯᠴᠢᠳ ᠴᠦᠮ ᠮᠤᠩᠭᠤᠯ ᠢᠶᠠᠷ ᠢᠶᠠᠨ ᠭᠤᠶᠤᠯᠠᠨ ᠪᠦᠷᠢᠳᠦ ᠭᠠᠴᠠᠭᠠᠨ ᠤ ᠬᠤᠷᠠᠯ ᠤᠨ ᠬᠡᠷ ᠲᠤ ᠲᠤᠮᠤ ᠴᠡᠬᠡᠨ ᠬᠦᠰᠢᠬᠡᠨ ᠲᠡᠭᠡᠷ᠎ᠡ ᠶᠡᠭᠡ ᠬᠤᠷᠠᠯ ᠢ ᠰᠤᠨᠤᠰᠤᠨ ᠰᠤᠷᠤᠯᠴᠠᠭᠰᠠᠨ ᠪᠠᠶᠢᠨ᠎ᠠ ᠃ ᠡᠬᠦᠨ ᠠᠴᠠ ᠬᠠᠷᠠᠬᠤ ᠳᠤ ᠲᠤᠬᠠᠢ ᠶᠢᠨ ᠦᠶ᠎ᠡ ᠳᠤ ᠦᠯᠥᠰᠴᠤ ᠴᠠᠩᠭᠠᠵᠤ᠂ ᠳᠠᠭᠠᠷᠠᠵᠤ ᠪᠡᠬᠡᠷᠡᠨ᠂ ᠠᠩᠭᠢ ᠶᠢᠨ ᠬᠡᠳᠦ ᠪᠠᠷ ᠢᠶᠠᠨ ᠲᠤᠯᠭ᠎ᠠ ᠲᠤᠭᠤᠷᠢᠨ ᠨᠤᠮ ᠦᠵᠡᠵᠤ᠂ ᠲᠤᠭᠤᠭ᠎ᠠ ᠪᠠᠨ ᠲᠤᠭᠤᠷᠢᠨ ᠱᠦᠮᠦᠰᠦ ᠤᠤᠭᠤᠵᠤ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠳᠤ ᠪᠢᠴᠢᠭ ᠨᠤᠮ ᠤᠨ ᠪᠠᠭ᠋ᠠᠨ ᠳᠤ ᠰᠢᠨᠤᠵᠤ ᠪᠠᠶᠢᠭᠰᠠᠨ ᠡᠳᠡᠭᠡᠷ 70 ᠶᠢᠨ ᠲᠠᠪᠠᠭ᠎ᠠ ᠶᠢ ᠲᠠᠪᠠᠭᠰᠠᠨ ᠨᠠᠰᠤᠲᠠᠢ ᠪᠤᠭᠤᠷᠤᠯᠴᠤᠳ ᠴᠤ ᠴᠠᠭ ᠨᠡᠶᠢᠬᠡᠮ᠂ ᠦᠬᠡᠷᠡᠴᠢᠯᠡᠯᠲᠡ ᠬᠤᠪᠢᠷᠠᠯᠲᠠ ᠶᠢ ᠢᠮᠠᠭᠲᠠ ᠠᠩᠬᠠᠷᠴᠤ᠂ ᠰᠤᠷᠤᠯᠭ᠎ᠠ ᠪᠤᠯᠪᠠᠰᠤᠷᠠᠯ ᠢᠶᠠᠨ ᠲᠡᠭᠡᠭᠰᠢᠯᠡᠬᠦᠯᠵᠤ ᠪᠠᠶᠢᠭ᠎ᠠ ᠳᠤ ᠤᠳᠤ ᠦᠶ᠎ᠡ ᠶᠢᠨ ᠬᠡᠰᠡᠭ ᠬᠦᠮᠦᠰ ᠰᠠᠶᠢᠬᠠᠨ ᠴᠠᠭ ᠤᠨ ᠦᠡᠭᠬᠡᠨ ᠳᠤ ᠰᠠᠨᠠᠭ᠎ᠠ ᠵᠤᠪᠠᠭ᠋ᠤ ᠵᠦᠢᠯ ᠦᠭᠡᠢ ᠦᠰᠴᠢᠬᠡᠬᠡᠳ ︽ᠤᠤᠭᠤᠵᠤ ᠢᠳᠡᠬᠦ ᠳᠡᠭᠡᠨ ᠤᠷᠭ᠎ᠠ ᠶᠢᠨ ᠮᠤᠷᠢ᠂ ᠤᠷᠤᠭᠰᠢ ᠬᠢᠰᠬᠢᠬᠦ ᠳᠡᠭᠡᠨ ᠤᠷᠭᠤᠭ᠎ᠠ ᠬᠠᠲᠠ︾ ᠶᠠᠪᠤᠭ᠎ᠠ ᠳᠤ ᠢᠴᠢᠨᠡᠮ ᠁         ᠲᠤᠷᠠᠶᠢᠵᠤ ᠦᠯᠡᠳᠡᠬᠦ ᠮᠦᠷ      ᠬᠡᠨᠳᠦᠨᠵᠠᠪ — ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠶᠢ ᠠᠩᠬᠠᠯᠠᠨ ᠪᠠᠶᠢᠭᠤᠯᠬᠤ ᠳᠤ ᠤᠷᠤᠯᠴᠠᠭᠰᠠᠨ ᠡᠨᠡ ᠬᠦᠮᠦᠨ ᠦᠨᠦᠳᠦᠷ ᠡᠯᠳᠡᠪ ᠵᠦᠢᠯ ᠳᠤ ᠮᠤᠩᠭᠠᠨᠢᠭᠠᠳ ᠶᠠᠭᠠᠷᠠᠤ ᠪᠠᠶᠢᠯ᠎ᠠ᠃ ᠪᠡᠶ᠎ᠡ ᠪᠢᠯᠳᠠᠷ ᠲᠤᠮᠤ ᠡᠨᠡ ᠠᠪᠤ ᠦᠨᠦᠳᠦᠷ ᠰᠠᠶᠢᠬᠠᠨ ᠬᠦᠷᠡᠩ ᠲᠤᠷᠭᠠᠨ ᠲᠡᠷᠯᠢᠭ ᠡᠮᠦᠰᠴᠤ ᠰᠢᠷᠢᠨ ᠭᠤᠲᠤᠯ ᠢᠰᠬᠦᠯᠡᠭᠰᠡᠨ ᠢᠶᠠᠷ ᠰᠦᠷ ᠵᠢᠪᠬᠤᠭ᠎ᠠ ᠲᠠᠢ ᠬᠠᠷᠠᠭᠳᠠᠬᠤ ᠠᠵᠢ᠃ ᠦᠳᠡ ᠶᠢᠨ ᠡᠮᠦᠨ᠎ᠡ ᠶᠢᠨ ᠠᠵᠢᠯ ᠢᠶᠠᠨ ᠪᠠᠷᠠᠭᠠᠳ ᠠᠮᠤᠰᠬᠢᠬᠤ ᠵᠠᠭᠤᠷ᠎ᠠ ᠲᠡᠭᠦᠨ ᠢ ᠡᠷᠢᠨ ᠬᠦᠷᠴᠤ ᠵᠤᠭᠤᠭᠳᠠᠬᠤ ᠳᠤ ᠨᠢᠳᠤ ᠨᠢ ᠰᠡᠷᠭᠦᠨ ᠡᠷᠲᠡ ᠴᠠᠭ ᠤᠨ ︽ᠲᠤᠮᠤᠭ︾ ᠬᠠᠭᠤᠴᠢᠯᠠᠵᠤ ᠰᠠᠭᠤᠭᠰᠠᠨ ᠨᠢ ᠮᠠᠨ ᠳᠤ ᠪᠠᠨ ᠤᠯᠵᠠ᠃      ︽ᠠᠩᠬ᠎ᠠ ᠰᠤᠷᠭᠠᠭᠤᠯᠢ ᠪᠠᠶᠢᠭᠤᠯᠬᠤ ᠳᠤ ᠲᠦᠬᠦᠷᠡᠩᠰᠠᠩ ᠪᠠᠭᠰᠢ ᠪᠠᠷᠤᠭ ᠭᠠᠭᠴᠠᠭᠠᠷ ᠰᠢᠬᠠᠭᠤ ᠪᠠᠶᠢᠭᠰᠠᠨ᠂ ᠲᠡᠷᠡ ᠪᠠᠭᠰᠢ ᠬᠡᠴᠢᠶᠡᠯ ᠵᠢᠭᠠᠪᠠ ᠬᠡᠵᠤ ᠪᠠᠷᠤᠭ ᠪᠠᠶᠢᠬᠤ ᠦᠭᠡᠢ᠂ ᠡᠳᠦᠷᠵᠢᠨ ᠨᠢᠬᠡ ᠮᠤᠷᠢ ᠤᠨᠤᠭᠠᠳ ᠬᠡᠳᠦᠨ ᠵᠦᠭ ᠲᠤ ᠪᠤᠲᠠᠷᠠᠭᠰᠠᠨ ᠬᠡᠤᠬᠡᠳ ᠢ ᠤᠯᠵᠤ ᠠᠪᠬᠤ ᠪᠠᠷ ᠶᠠᠪᠤᠨ᠎ᠠ᠃ ᠲᠤᠬᠠᠢ ᠶᠢᠨ ᠦᠶ᠎ᠡ ᠳᠤ ᠠᠶᠢᠯ ᠲᠤᠭᠤᠷᠢᠨ ᠬᠡᠤᠬᠡᠳ ᠴᠤᠭᠯᠠᠭᠤᠯᠵᠤ ᠡᠨᠡ ᠰᠤᠷᠭᠠᠭᠤᠯᠢ ᠳᠤ ᠠᠪᠴᠢᠷᠠᠨ ᠬᠢᠴᠢᠶᠡᠯ ᠤᠷᠤᠭᠤᠯᠤᠭᠰᠠᠨ ᠪᠤᠯᠬᠤᠷ ᠵᠠᠷᠢᠮ ᠬᠡᠤᠬᠡᠳ ᠰᠤᠷᠭᠠᠭᠤᠯᠢ ᠳᠤ ᠰᠠᠭᠤᠬᠤ ᠲᠤᠷ᠎ᠠ ᠦᠭᠡᠢ ᠬᠡᠷ ᠵᠦᠭ ᠢᠶᠠᠨ ᠲᠤᠲᠠᠭᠠᠨ᠎ᠠ᠃ ᠨᠢᠬᠡ ᠨᠢ ᠲᠤᠲᠠᠭᠠᠪᠠᠯ ᠨᠦᠬᠦᠬᠡ ᠨᠢ ᠴᠤ ᠵᠢᠯᠢᠢᠬᠦ ᠢᠨᠢᠶᠡᠳᠦᠮᠲᠡᠢ ᠤᠴᠢᠷ ᠤᠯᠠᠨ ᠪᠠᠶᠢᠭᠰᠠᠨ᠃ ᠲᠡᠭᠡᠭᠡᠳ ᠯᠠ ᠨᠢᠬᠡ ᠮᠠᠭᠤ ᠮᠤᠷᠢ ᠪᠠᠨ ᠤᠨᠤᠵᠤ ᠠᠪᠤᠭᠠᠳ ᠪᠦᠷᠢᠳᠦ ᠪᠠᠷᠢᠭᠠᠲᠠ ᠪᠠᠷ ᠶᠠᠪᠤᠭᠰᠠᠨ ᠦᠭᠡᠢ ᠭᠠᠵᠠᠷ ᠬᠡᠵᠤ ᠦᠭᠡᠢ᠂ ᠡᠪᠤᠯ ᠴᠠᠭ ᠪᠤᠯᠪᠠᠯ ᠬᠡᠤᠬᠡᠳ ᠤᠳ ᠬᠦᠳᠡᠭᠡ ᠬᠡᠭᠡᠷ᠎ᠡ ᠬᠦᠯᠳᠡᠴᠢᠬᠡᠬᠦ ᠠᠴᠠ ᠠᠶᠤᠨ᠎ᠠ ᠁ ᠢᠡᠭᠭᠢᠵᠤ ᠪᠠᠶᠢᠬᠤ ᠬᠤᠭᠤᠷᠤᠨᠲᠤ ᠨᠦᠬᠦᠭᠡ ᠬᠡᠳᠦᠨ ᠪᠠᠭᠰᠢ᠂ ᠲᠤᠳᠤᠷᠠᠭᠤᠯᠪᠠᠯ ᠵᠠᠮᠢᠶᠠᠨ᠂ ᠦᠯᠵᠡᠶᠢᠪᠠᠶᠠᠷ ᠂ ᠪᠦᠷᠢᠨᠳᠦᠬᠲᠠᠬᠤ ᠬᠡᠳᠦᠬᠦᠯᠡ ᠬᠢᠴᠢᠶᠡᠯ ᠤᠷᠤᠵᠤ᠂ ᠴᠡᠴᠡᠷᠯᠢᠭ ᠤᠨ ᠪᠠᠭᠰᠢ ᠠᠰᠠᠷᠠᠭᠴᠢ ᠨᠢ ᠰᠡᠷᠡᠩᠨᠤᠷᠪᠤ ᠪᠠ ᠪᠠᠪᠠ ᠪᠠᠶᠢᠭᠰᠠᠨ ᠢᠶᠠᠷ ᠬᠡᠤᠬᠡᠳ ᠤᠨ ᠰᠢᠬᠢᠷ ᠡᠵᠢ ᠬᠡᠮᠡᠨ ᠠᠯᠳᠠᠷᠰᠢᠭᠰᠠᠨ ᠪᠠᠶᠢᠨ᠎ᠠ᠃ ᠰᠤᠷᠭᠠᠭᠤᠯᠢ ᠶᠢᠨ ᠠᠩᠭᠢ ᠶᠢᠨ ᠬᠡᠷ ᠢ ᠲᠤᠬᠠᠢ ᠶᠢᠨ ᠦᠶ᠎ᠡ ᠶᠢᠨ ᠬᠡᠬᠡᠨ ᠱᠠᠩ ᠳᠤ ᠲᠤᠬᠢᠷᠠᠭᠤᠯᠵᠤ ᠬᠢᠴᠢᠶᠡᠯᠯᠡᠬᠦᠯᠥᠭᠰᠡᠨ ᠪᠢᠯᠡ᠃ 1958 ᠤᠨ ᠤ ᠲᠡᠷᠡ ᠠᠩᠬᠠᠨ ᠵᠢᠯ ᠨᠡᠶᠢᠲᠡ 60 ᠰᠤᠷᠤᠭᠴᠢ ᠢᠷᠡᠵᠤ ᠰᠤᠷᠤᠯᠴᠠᠭᠰᠠᠨ ᠤ ᠲᠤᠳᠤᠷ᠎ᠠ ᠮᠢᠨᠤ ᠪᠡᠶ᠎ᠡ ᠪᠠᠶᠢᠵᠤ ᠤᠤᠭᠠᠨ ᠰᠤᠷᠤᠭᠴᠢ ᠪᠤᠯᠤᠭᠰᠠᠨ ᠲᠡᠤᠬᠡ ᠲᠠᠢ᠃ ᠲᠡᠭᠡᠭᠡᠳ ᠯᠠ ᠮᠠᠨ ᠤ ᠬᠡᠳᠦᠨ ᠬᠦᠳᠡᠭᠡ ᠶᠢᠨ ᠪᠤᠷᠤ ᠬᠡᠤᠬᠡᠳ ᠨᠢᠬᠡ ᠪᠠᠶᠢᠷᠢ ᠳᠤ ᠰᠢᠬᠠᠯᠴᠢᠨ ᠤᠨᠲᠠᠵᠤ᠂ ᠨᠢᠬᠡ ᠠᠩᠭᠢ ᠳᠤ ᠬᠤᠭᠤᠯᠠᠢ ᠨᠡᠶᠢᠯᠡᠬᠦᠯᠥᠨ ᠤᠡᠭᠰᠢᠯᠭ᠎ᠠ ᠬᠢᠵᠤ᠂ ᠡᠷᠳᠡᠮ ᠨᠤᠮ ᠤᠨ ᠬᠠᠷᠭᠤᠢ ᠶᠢ ᠵᠤᠷᠢᠭᠰᠠᠨ ᠤᠬᠠᠭᠠᠨ ᠲᠠᠢ ᠃ ᠬᠡᠪᠡᠴᠤ ᠴᠠᠭ ᠦᠡᠭᠬᠡᠷᠡᠬᠦ ᠬᠡᠭᠴᠢ ᠶᠠᠭᠠᠬᠢᠭᠰᠠᠨ ᠬᠤᠷᠳᠤᠨ ᠶᠤᠮ ᠪᠢᠯᠡ᠂ ᠨᠢᠬᠡ ᠮᠡᠳᠡᠬᠦ ᠳᠤ ᠪᠢ ᠴᠤ ᠵᠠᠵᠢᠨ ᠦᠰᠦ ᠨᠢ ᠴᠠᠶᠢᠵᠤ ᠨᠠᠰᠤ ᠰᠢᠳᠤ ᠡᠯᠡᠭᠳᠡᠭᠰᠡᠨ ᠪᠠᠶᠢᠨ᠎ᠠ᠃ ᠤᠷᠴᠢᠮ ᠤᠨ ᠵᠢᠯ ᠤᠳ ᠲᠤ ᠪᠠᠭ᠎ᠠ ᠶᠢᠨ ᠤᠯᠠᠨ ᠤᠯᠠᠨ ᠰᠠᠶᠢᠬᠠᠨ ᠤᠴᠢᠷ ᠶᠠᠪᠤᠳᠠᠯ ᠢᠶᠠᠨ ᠲᠤᠩᠭᠠᠭᠠᠨ ᠪᠤᠳᠤᠵᠤ ᠦᠵᠡᠬᠦᠯᠡᠷ ᠡᠨᠡ ᠰᠤᠷᠭᠠᠭᠤᠯᠢ ᠳᠤ ᠪᠠᠶᠢᠭᠰᠠᠨ ᠤᠬᠤᠷᠬᠠᠨ ᠬᠡᠳᠦᠨ ᠵᠢᠯ ᠰᠠᠨᠠᠭᠠᠨ ᠳᠤ ᠬᠠᠮᠤᠭ ᠲᠤᠳᠤ᠂ ᠮᠦᠨ ᠴᠤ ᠠᠩᠭᠢ ᠶᠢᠨ ᠨᠦᠬᠦᠳ ᠢᠶᠠᠨ ᠲᠤᠷᠠᠰᠤᠨ ᠰᠠᠨᠠᠭᠠᠯᠵᠠᠵᠤ᠂ ᠡᠨᠡ ᠵᠢᠯ ᠶᠠᠭ 60 ᠵᠢᠯ ᠤᠨ ᠤᠢ ᠲᠤᠬᠢᠶᠠᠵᠤ ᠪᠠᠶᠢᠭ᠎ᠠ ᠶᠢ ᠲᠠᠭᠠᠷᠠᠭᠤᠯᠤᠨ ᠡᠶᠢᠮᠤ ᠨᠢᠬᠡ ᠪᠡᠯᠬᠡᠯᠡᠬᠦ ᠨᠠᠶᠢᠷ ᠬᠢᠬᠦ ᠪᠠᠷ ᠰᠡᠲᠦᠭᠰᠡᠨ ᠶᠤᠮ︾ ᠬᠡᠮᠡᠨ ᠬᠡᠨᠳᠦᠨᠵᠠᠪ ᠠᠪᠤ ᠶᠠᠷᠢᠵᠤ ᠭᠠᠷᠤᠯ᠎ᠠ᠃ ᠬᠡᠪᠡᠴᠤ ᠡᠶᠢᠮᠤ ᠨᠢᠬᠡ ᠠᠵᠢᠯᠯᠠᠭ᠎ᠠ ᠶᠢ ᠲᠡᠶᠢᠮᠤ ᠲᠦᠬᠦᠮᠬᠡᠨ ᠢᠶᠠᠷ᠂ ᠪᠤᠳᠤᠵᠤ ᠰᠠᠨᠠᠭᠰᠠᠨ ᠢᠶᠠᠷ ᠬᠢᠴᠢᠬᠡᠳᠡᠭ ᠶᠠᠭᠤᠮ᠎ᠠ ᠪᠢᠰᠢ ᠪᠠᠶᠢᠵᠤ᠂ ᠬᠦᠭᠡᠷᠦᠬᠦᠢ ᠠᠪᠤ ᠶᠢ ᠨᠢᠷᠤᠭᠤ ᠶᠢ ᠨᠢ ᠴᠢᠯᠡᠲᠡᠯ᠎ᠡ ᠬᠦᠶᠦᠯᠬᠡᠭᠰᠡᠨ ᠪᠠᠶᠢᠯ᠎ᠠ᠃ ᠨᠤᠮ ᠳᠤ ᠲᠤᠰ ᠰᠤᠷᠭᠠᠭᠤᠯᠢ ᠳᠤ ᠪᠠᠶᠢᠭᠰᠠᠨ ᠪᠦᠬᠦᠳᠡ ᠶᠢ ᠨᠠᠮᠲᠠᠷᠴᠢᠯᠠᠨ ᠤᠷᠤᠭᠤᠯᠬᠤ ᠶᠢᠨ ᠲᠦᠯᠥᠬᠡ ᠠᠩᠭᠢ ᠪᠦᠷᠢ ᠶᠢᠨ ᠬᠢᠨᠢ ᠲᠠᠷᠤᠭ᠎ᠠ ᠲᠠᠢ ᠨᠢ ᠬᠠᠷᠢᠯᠴᠠᠨ ᠨᠠᠮᠲᠠᠷ ᠴᠤᠭᠯᠠᠭᠤᠯᠬᠤ ᠠᠴᠠ ᠡᠬᠢᠯᠡᠨ ᠲᠡᠤᠬᠡ ᠶᠢᠨ ᠶᠠᠪᠤᠳᠠᠯ ᠢ ᠡᠯ᠎ᠡ ᠬᠦᠮᠦᠰ ᠠᠴᠠ ᠰᠤᠷᠪᠤᠯᠵᠢᠯᠠᠨ ᠲᠡᠮᠲᠡᠭᠯᠡᠬᠦ ᠬᠦᠷᠲᠡᠯ᠎ᠡ᠂ ᠴᠠᠭ ᠪᠠᠴᠢᠮ ᠠᠴᠠ ᠨᠤᠮ ᠨᠢ ᠬᠡᠪᠯᠡᠯ ᠤᠨ ᠦᠢᠯᠡᠳᠪᠦᠷᠢ ᠠᠴᠠ ᠭᠠᠷᠬᠤ ᠳᠤ ᠨᠠᠶᠢᠷ ᠤᠨ ᠤᠷᠢᠳ ᠰᠦᠨᠢ ᠪᠠᠶᠢᠵᠤ᠂ ᠬᠡᠳᠦᠬᠦᠯᠡ ᠪᠠᠨ ᠵᠢᠯᠤᠭᠤ ᠪᠠᠷᠢᠵᠤ ᠲᠤᠰᠬᠠᠢᠢᠯᠠᠨ ᠶᠠᠪᠤᠵᠤ ᠠᠪᠴᠢᠷᠠᠭᠰᠠᠨ ᠁ ᠡᠨᠡ ᠪᠦᠬᠦᠨ ᠢ ᠲᠤᠭᠠᠴᠢᠭᠠᠳ ᠪᠠᠷᠠᠬᠤ ᠪᠢᠰᠢ᠂ ᠬᠡᠳᠦᠢ ᠲᠡᠶᠢᠮᠤ ᠪᠠᠶᠢᠭᠰᠠᠨ ᠴᠤ ᠲᠡᠷᠡ ᠮᠠᠨᠢ ᠶᠡᠭᠡᠯ᠎ᠡ ᠪᠠᠶᠠᠷᠲᠠᠢ ᠪᠠᠶᠢᠵᠤ᠂ ᠮᠦᠨ ᠴᠤ ᠬᠠᠭᠤᠴᠢᠨ ᠪᠠᠭ᠎ᠠ ᠶᠢᠨ ᠨᠠᠶᠢᠵᠠ ᠲᠠᠢ ᠪᠠᠨ ᠡᠯᠳᠡᠪ ᠢ ᠬᠦᠭᠡᠷᠦᠨ ᠪᠠᠶᠠᠰᠴᠤ ᠪᠠᠶᠢᠭ᠎ᠠ ᠶᠢ ᠬᠠᠷᠠᠬᠤ ᠳᠤ ᠦᠪᠡᠷ ᠢᠶᠠᠨ ᠴᠤ ᠰᠡᠳᠬᠢᠯ ᠪᠠᠶᠠᠰᠤᠮᠠᠷ︕      60 ᠵᠢᠯ ᠤᠨ ᠲᠡᠷᠲᠡᠭᠡ ᠪᠠᠶᠢᠭᠤᠯᠤᠭᠰᠠᠨ ᠡᠨᠡ ᠰᠤᠷᠭᠠᠭᠤᠯᠢ ᠶᠢᠨ ᠠᠩᠬᠠᠨ ᠤ ᠵᠠᠷᠢᠮ ᠪᠠᠭᠰᠢ ᠨᠠᠷ ᠬᠡᠳᠦ᠋ᠢᠨ ᠤ ᠪᠤᠷᠬᠠᠨ ᠤ ᠤᠷᠤᠨ ᠢ ᠵᠤᠷᠢᠵᠡᠢ᠂ ᠬᠡᠪᠡᠴᠤ ᠲᠡᠳᠡᠨ ᠤ ᠲᠤᠬᠠᠢ ᠶᠢᠨ ᠦᠶ᠎ᠡ ᠳᠡᠭᠡᠨ ᠦᠯᠡᠳᠡᠭᠰᠡᠨ ᠲᠡᠷᠡ ᠰᠤᠷᠭᠠᠯ ᠨᠤᠮ ᠨᠢ ᠦᠨᠦᠳᠦᠷ᠂ ᠨᠡᠩ ᠴᠢᠨᠠᠭᠰᠢ ᠬᠤᠵᠢᠮ ᠢᠷᠡᠭᠡᠳᠦᠢ ᠳᠤ ᠴᠤ ᠤᠯᠠᠮᠵᠢᠯᠠᠨ ᠬᠦᠷᠬᠦ ᠨᠢ ᠯᠠᠪᠲᠠᠢ᠃          ᠮᠠᠨᠳᠤᠵᠤ ᠰᠢᠩᠬᠡᠬᠦ ᠨᠠᠷᠠ      ᠠᠷᠤᠭ ᠤᠨ ᠴᠢᠨᠡᠬᠡᠨ ᠠ ᠦᠰᠦᠭ ᠮᠡᠳᠡᠬᠦ ᠦᠭᠡᠢ᠂ ᠦᠬᠡᠷ ᠤᠨ ᠴᠢᠨᠡᠬᠡᠨ ᠦ ᠦᠰᠦᠭ ᠲᠠᠨᠢᠬᠤ ᠦᠭᠡᠢ ᠪᠠᠶᠢᠭᠰᠠᠨ ᠮᠠᠰᠢ ᠤᠯᠠᠨ ᠮᠠᠯᠴᠢᠳ ᠤᠨ ᠦᠷᠡᠰ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠶᠢᠨ ᠠᠯᠲᠠᠨ ᠪᠤᠱᠤᠭ᠎ᠠ ᠪᠠᠷ ᠠᠯᠬᠤᠵᠤ ᠤᠷᠤᠭᠠᠳ ᠬᠤᠵᠢᠮ ᠨᠢ ᠡᠬᠡ ᠤᠷᠤᠨ᠂ ᠦᠨᠳᠦᠰᠦᠲᠡᠨ ᠶᠠᠰᠤᠲᠠᠨ ᠳᠠᠭᠠᠨ ᠬᠤᠪᠢ ᠨᠡᠮᠡᠷᠢ ᠦᠵᠡᠬᠦᠯᠥᠭᠰᠡᠨ ᠨᠢ ᠮᠠᠷᠭᠤᠰᠢ ᠦᠭᠡᠢ ᠦᠨᠡᠨ᠂ ᠲᠡᠭᠡᠬᠦ ᠳᠤ ᠢᠡᠭᠭᠢᠵᠤ ᠬᠦᠭᠵᠢᠨ ᠪᠤᠰᠤᠭᠠᠳ ᠪᠠᠯᠠᠷ ᠤᠨ ᠬᠦᠨ ᠳᠤ ᠨᠠᠷᠠᠨ ᠮᠠᠨᠳᠤᠭᠰᠠᠨ ᠠᠲᠠᠯ᠎ᠠ ᠴᠠᠭ ᠲᠦᠷᠦ ᠶᠢᠨ ᠬᠤᠪᠢᠷᠠᠯᠲᠠ ᠪᠠᠷ 1966 ᠤᠨ ᠳᠤ ︽ᠰᠤᠶᠤᠯ ᠤᠨ ᠬᠤᠪᠢᠰᠬᠠᠯ︾ ᠦᠷᠨᠢᠵᠤ ᠨᠡᠯᠢᠶᠡᠳ ᠬᠦᠮᠦᠨ ᠪᠢᠴᠢᠭ ᠰᠤᠷᠬᠤ ᠠᠵᠠ ᠲᠤᠬᠢᠶᠠᠯ ᠢᠶᠠᠨ ᠠᠯᠳᠠᠪᠠ᠂ ᠡᠨᠡ ᠨᠢ ᠪᠠᠶᠠᠨ ᠮᠠᠯᠴᠢᠨ ᠤ ᠵᠤᠯᠵᠠᠭ᠎ᠠ᠂ ᠪᠠᠭ᠎ᠠ ᠢᠵᠠᠭᠤᠷᠲᠠᠨ᠂ ᠲᠡᠭᠡᠳᠦ ᠲᠠᠪᠬᠤᠷᠭᠠᠲᠠᠨ ᠬᠡᠵᠤ ᠡᠯᠳᠡᠪ ᠢᠶᠠᠷ ᠲᠤᠤᠷᠠᠰᠢᠶᠠᠭᠳᠠᠨ᠂ ᠬᠡᠳᠦᠢ ᠪᠠᠷ ᠰᠤᠷᠭᠠᠭᠤᠯᠢ ᠳᠤ ᠰᠤᠷᠬᠤ ᠤᠷᠮ᠎ᠠ ᠪᠠᠬ᠎ᠠ ᠤᠷᠬᠢᠯᠤᠮ᠎ᠠ ᠪᠠᠶᠢᠭᠰᠠᠨ ᠴᠤ ᠬᠠᠮᠲᠤ ᠰᠤᠷᠤᠯᠭᠠᠲᠠᠨ ᠤ ᠠᠳᠠ ᠮᠠᠭᠤᠴᠢᠯᠡᠯ ᠢ ᠦᠵᠡᠵᠤ ᠬᠡᠷ ᠲᠡᠭᠡᠨ ᠬᠠᠷᠢᠬᠤ ᠳᠤ ᠠᠩᠭᠢ ᠶᠢᠨ ᠲᠡᠮᠡᠴᠡᠯ᠂ ᠠᠪᠤ ᠡᠵᠢ ᠪᠠᠨ ᠭᠠᠰᠢᠭᠤᠨ ᠨᠢᠯᠪᠤᠰᠤᠨ ᠳᠤ ᠲᠡᠪᠳᠦᠭᠰᠡᠭᠡᠷ ᠪᠠᠶᠢᠭᠠᠳ ᠪᠢᠴᠢᠭ ᠤᠨ ᠪᠠᠯᠠᠢ ᠪᠤᠯᠵᠤ ᠪᠢᠯᠡ᠃ ᠡᠶᠢᠨ ᠬᠦ 1966 ᠤᠨ ᠠᠴᠠ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠨᠢ ᠵᠠᠷᠢᠮ ᠳᠠᠭᠠᠨ ᠬᠢᠴᠢᠶᠡᠯᠯᠡᠵᠤ᠂ ᠵᠠᠷᠢᠮ ᠳᠠᠭᠠᠨ ᠵᠤᠭᠰᠤᠩᠭᠤᠢᠢᠷᠠᠵᠤ ᠪᠠᠶᠢᠯ᠎ᠠ᠃ ᠬᠡᠪᠡᠴᠤ ᠪᠠᠰᠠ ᠨᠢᠬᠡ ᠪᠦᠯᠥᠭ ᠬᠦᠮᠦᠨ ᠦᠪᠡᠷ ᠢᠶᠠᠨ ᠬᠡᠳᠦᠢ ᠪᠠᠷ ᠪᠢᠴᠢᠭ ᠰᠤᠶᠤᠯ ᠦᠭᠡᠢ ᠴᠤ ᠦᠷ᠎ᠡ ᠬᠡᠤᠬᠡᠳ ᠢᠶᠠᠨ ᠪᠢᠴᠢᠭ ᠨᠤᠮ ᠲᠠᠢ᠂ ᠰᠤᠶᠤᠯ ᠰᠤᠷᠲᠠᠯ ᠲᠠᠢ ᠬᠦᠮᠦᠨ ᠪᠤᠯᠭᠠᠨ᠎ᠠ ᠬᠡᠵᠤ ᠡ᠊ᠨᠳᠡ ᠬᠤᠷᠠᠨ ᠴᠤᠭᠯᠠᠷᠠᠵᠤ ᠰᠢᠩᠬᠡᠨ ᠦᠳᠭᠡᠨ ᠢ ᠨᠢ ᠲᠡᠩᠴᠡᠬᠦᠯᠵᠤ᠂ ᠪᠦᠭᠡᠰᠦ ᠬᠢᠭᠤᠷᠰᠤ ᠶᠢ ᠨᠢ ᠠᠷᠢᠯᠭᠠᠨ ᠪᠠᠶᠢᠬᠤ ᠳᠤ ᠰᠤᠷᠭᠠᠭᠤᠯᠢ ᠶᠢᠨ ᠵᠠᠬᠢᠷᠤᠯ ᠨᠢ ᠪᠠᠭᠰᠢ ᠨᠠᠷ ᠢᠶᠠᠨ ᠵᠤᠬᠢᠶᠠᠨ ᠪᠠᠶᠢᠭᠤᠯᠤᠨ ᠨᠢᠭᠲᠠᠷᠠᠨ ᠪᠦᠯᠬᠦᠮᠳᠡᠵᠤ᠂ ᠲᠡᠤᠬᠡ ᠶᠢᠨ ᠬᠠᠲᠠᠭᠤ ᠤᠷᠴᠢᠨ ᠲᠤᠭᠤᠷᠢᠨ ᠳᠤ ᠴᠤ ᠬᠦᠳᠡᠭᠡ ᠪᠠᠭᠤᠨ ᠰᠤᠷᠤᠭᠴᠢ ᠡᠯᠰᠡᠨ ᠤᠬᠠᠭᠤᠯᠭ᠎ᠠ ᠬᠢᠭᠰᠡᠨ ᠢᠶᠠᠷ 1966 ᠤᠨ ᠠᠴᠠ 1976 ᠤᠨ ᠤ ᠬᠤᠭᠤᠷᠤᠨᠲᠤ ᠴᠤ 130 ᠭᠠᠷᠤᠢ ᠰᠤᠷᠤᠭᠴᠢ ᠰᠤᠷᠤᠯᠴᠠᠵᠤ ᠪᠠᠶᠢᠭᠰᠠᠨ ᠲᠡᠤᠬᠡ ᠲᠠᠢ᠃ ᠮᠦᠨ ᠴᠤ 1968 ᠤᠨ ᠳᠤ ᠰᠤᠷᠭᠠᠭᠤᠯᠢ ᠶᠢᠨ ᠵᠠᠬᠢᠷᠤᠯ᠂ ᠪᠠᠭᠰᠢ ᠨᠠᠷ ᠪᠠ ᠪᠦᠷᠢᠳᠦ ᠶᠡᠭᠡ ᠪᠠᠷᠢᠭᠠᠲᠠ ᠶᠢᠨ ᠤᠳᠤᠷᠢᠳᠬᠤ ᠪᠠᠭ ᠤᠨ ᠴᠢᠷᠮᠠᠶᠢᠯᠠᠭ᠎ᠠ ᠪᠠᠷ ᠠᠷᠪᠠᠨ ᠲᠠᠰᠤᠯᠭ᠎ᠠ ᠰᠢᠪᠡᠷ ᠪᠠᠶᠢᠰᠢᠩ ᠪᠤᠰᠬᠠᠵᠤ ᠪᠠᠶᠢᠭᠰᠠᠨ ᠢᠶᠠᠷ ᠦᠵᠡᠬᠦ ᠳᠤ ᠲᠡᠷᠡ ᠶᠡᠭᠡ ᠬᠠᠲᠠᠭᠤ ᠴᠠᠭ ᠲᠤ ᠡᠨᠡ ᠨᠤᠲᠤᠭ ᠤᠨ ᠬᠦᠮᠦᠰ ᠡᠷᠳᠡᠮ ᠨᠤᠮ᠂ ᠰᠤᠷᠭᠠᠭᠤᠯᠢ ᠰᠤᠶᠤᠯ ᠢ ᠬᠡᠳᠦᠢ ᠴᠤ ᠴᠢᠬᠤᠯᠠ ᠪᠠᠶᠢᠷᠢᠨ ᠳᠤ ᠦᠵᠡᠵᠤ ᠪᠠᠶᠢᠭᠰᠠᠨ ᠢ ᠤᠯᠵᠤ ᠬᠠᠷᠠᠬᠤ ᠶᠤᠮ᠃      ᠢᠡᠭᠭᠢᠭᠡᠳ 1993 ᠤᠨ ᠤ ᠨᠠᠮᠤᠷ ᠪᠤᠯᠬᠤ ᠳᠤ ᠮᠠᠯᠵᠢᠬᠤ ᠤᠷᠤᠨ ᠤ ︽ᠬᠤᠶᠠᠷ ᠢᠶᠠᠷ ᠭᠤᠤᠯᠳᠠᠵᠤ ᠠᠯᠪᠠᠨ ᠠᠴᠠ ᠡᠷᠭᠢᠯᠡᠬᠦ︾ ᠴᠢᠭᠯᠡᠯᠲᠡ ᠪᠠ ᠲᠦᠷᠦ ᠶᠢᠨ ᠪᠤᠳᠤᠯᠭ᠎ᠠ ᠳᠠᠭᠠᠤ ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠨᠢ 35 ᠬᠠᠪᠤᠷ ᠨᠠᠮᠤᠷ ᠢ ᠦᠳᠡᠨ᠂ ᠠᠯᠳᠠᠷ ᠨᠡᠷ᠎ᠡ ᠪᠠᠨ ᠦᠯᠡᠳᠡᠬᠡᠵᠤ᠂ ᠠᠮᠵᠢᠯᠲᠠ ᠪᠦᠲᠦᠬᠡᠯ ᠢᠶᠠᠨ ᠲᠡᠮᠲᠡᠭᠯᠡᠬᠡᠳ ᠦᠤᠰᠢᠨᠵᠤᠤ ᠭᠤᠤᠯᠳᠠᠯᠭᠠᠲᠤ ᠪᠠᠭ᠎ᠠ ᠰᠤᠷᠭᠠᠭᠤᠯᠢ ᠳᠤ ᠰᠢᠯᠵᠢᠨ ᠤᠷᠤᠭᠰᠠᠨ ᠲᠡᠤᠬᠡ ᠲᠠᠢ᠃ ᠲᠡᠤᠬᠡ ᠶᠢᠨ ᠤᠷᠲᠤ ᠠᠶᠠᠨ ᠦᠷᠬᠦᠯᠵᠢᠯᠡᠭᠰᠡᠭᠡᠷ ᠁      ᠪᠦᠷᠢᠳᠦ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠪᠤᠯ ᠬᠦᠷᠦᠰᠦᠲᠤ ᠠᠯᠲᠠᠨ ᠳᠡᠯᠡᠬᠡᠢ ᠳᠤ ᠲᠦᠷᠦᠭᠰᠡᠨ ᠬᠦᠭᠡ ᠲᠤᠯᠪᠤᠲᠠᠳ ᠤᠨ ᠡᠷᠳᠡᠮ ᠨᠤᠮ ᠬᠠᠶᠢᠭᠰᠠᠨ ᠤᠯᠠ ᠮᠦᠷ ᠢ ᠲᠡᠮᠲᠡᠭᠯᠡᠨ ᠦᠯᠡᠳᠡᠬᠡᠵᠤ᠂ ᠪᠠᠯᠠᠷ ᠤᠨ ᠬᠦᠨ ᠳᠤ ᠪᠠᠳᠮᠠᠯᠠᠨ ᠳᠡᠯᠬᠡᠷᠡᠵᠤ ᠪᠠᠶᠢᠭᠰᠠᠨ ᠨᠢᠬᠡ ᠪᠤᠲᠠ ᠴᠡᠴᠡᠭ ᠪᠢᠯᠡ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号