ᠤᠷᠳᠤᠰᠴᠤᠳ ᠦᠨᠦᠬᠦ ᠬᠤᠷᠠᠭ᠎ᠠ ᠪᠠᠨ ᠵᠤᠨ ᠤ ᠡᠬᠢᠨ ᠰᠠᠷ᠎ᠠ ᠶᠢᠨ ᠰᠢᠨ᠎ᠡ ᠶᠢᠨ ᠲᠠᠪᠤᠨ ᠳᠤ ᠬᠦᠡᠭᠭᠡᠯᠡᠳᠡᠭ᠃ | ᠶᠡᠷᠦ ᠨᠢ ᠪᠤᠳᠠ ᠪᠤᠭ ᠮᠠᠯ ᠤᠨ ᠤᠨᠴᠠᠯᠢᠭ ᠠᠴᠠ ᠨᠢ ᠰᠢᠯᠲᠠᠭᠠᠯᠠᠨ᠂ ᠲᠦᠯ ᠮᠠᠯ ᠢ ᠬᠦᠡᠭᠭᠡᠯᠡᠬᠦ ᠠᠷᠭ᠎ᠠ ᠨᠢ ᠦᠬᠡᠷ᠎ᠡ | ᠪᠤᠯᠪᠠᠴᠤ ᠬᠦᠢᠴᠡᠳᠬᠡᠬᠦ ᠵᠠᠩ ᠦᠢᠯᠡ ᠨᠢ ᠶᠡᠷᠦᠩᠭᠡᠢ ᠳᠡᠭᠡᠨ ᠠᠳᠠᠯᠢ ᠶᠤᠮ᠃ ᠲᠤᠬᠠᠢᠢᠯᠠᠪᠠᠯ ᠪᠤᠭ ᠮᠠᠯ ᠢ | ᠬᠦᠡᠭᠭᠡᠯᠡᠬᠦ ᠳᠤ ᠮᠤᠩᠭᠤᠯ ᠭᠡᠷ ᠤᠨ ᠢᠶᠠᠨ ᠪᠠᠷᠠᠭᠤᠨ ᠲᠠᠯ᠎ᠠ ᠳᠤ ᠢᠰᠡᠬᠡᠢ ᠪᠤᠶᠤ ᠰᠢᠷᠲᠡᠭ ᠲᠡᠪᠢᠰᠴᠤ᠂ ᠲᠡᠭᠦᠨ ᠤ | ᠪᠠᠷᠠᠭᠤᠨ ᠲᠠᠯ᠎ᠠ ᠪᠠᠷ ᠪᠠᠭᠠᠨ᠎ᠠ ᠶᠢᠨ ᠲᠤᠯᠤᠭᠠᠢ ᠶᠢ ᠬᠤᠶᠢᠲᠤ ᠵᠦᠭ ᠬᠠᠨᠳᠤᠭᠤᠯᠵᠤ ᠲᠠᠯᠪᠢᠳᠠᠭ᠃ ᠮᠠᠯ ᠬᠦᠡᠭᠭᠡᠯᠡᠬᠦ | ᠬᠦᠮᠦᠨ ᠤ ᠪᠠᠷᠠᠭᠤᠨ ᠭᠠᠷ ᠲᠠᠯ᠎ᠠ ᠳᠤ ᠫᠢᠯᠠ ᠲᠠᠢ ᠲᠠᠪᠤᠨ ᠲᠠᠷᠢᠶ᠎ᠠ᠂ ᠴᠠᠭᠠᠨ ᠢᠳᠡᠭᠡ᠂ ᠰᠠᠭᠤᠯᠠᠭ᠎ᠠ ᠲᠠᠢ ᠰᠢᠷ᠎ᠠ | ᠪᠤᠳᠠᠭ᠎ᠠ᠂ ᠰᠦ ᠠᠶᠢᠷᠠᠭ ᠴᠢᠳᠠᠮᠯᠡᠭᠰᠡᠨ ᠤᠰᠤ ᠬᠢᠵᠤ᠂ ᠲᠡᠭᠡᠷ᠎ᠡ ᠨᠢ ᠲᠠᠯᠠᠯᠭ᠎ᠠ ᠶᠢᠨ ᠰᠤᠮᠤ ᠶᠢ ᠬᠦᠨᠳᠡᠯᠡᠨ ᠲᠠᠷᠤᠵᠤ᠂ | ᠬᠠᠵᠠᠭᠤ ᠳᠤᠨᠢ ᠰᠠᠩ ᠲᠠᠯᠪᠢᠬᠰᠠᠨ ᠪᠠᠶᠢᠳᠠᠭ᠃ ᠲᠦᠯ ᠢ ᠬᠦᠡᠭᠭᠡᠯᠡᠬᠦ ᠳᠤ ᠬᠡᠷ ᠤᠨ ᠡᠵᠡᠭᠲᠡᠢ ᠰᠠᠩ ᠲᠠᠯᠪᠢᠵᠤ᠂ | ᠮᠠᠯ ᠤᠨ ᠬᠤᠷᠤᠭ᠎ᠠ ᠬᠠᠰᠢᠶ᠎ᠠ ᠪᠠᠨ ᠠᠷᠴᠠ ᠲᠠᠪᠤᠰᠤ ᠪᠠᠷ ᠠᠷᠢᠭᠤᠯᠠᠬᠤ ᠭᠠᠷ ᠬᠦᠢᠴᠡᠳᠬᠡᠯ ᠢ ᠬᠢᠳᠡᠭ᠃ ᠬᠤᠷᠠᠭ᠎ᠠ | ᠦᠨᠦᠬᠦ ᠬᠦᠡᠭᠭᠡᠯᠡᠬᠦ ᠳᠡᠭᠡᠨ ᠮᠤᠩᠭᠤᠯᠴᠤᠳ ᠪᠡᠶ᠎ᠡ ᠪᠢᠯᠳᠠᠷ ᠰᠠᠶᠢᠲᠠᠢ ᠬᠤᠷᠠᠭ᠎ᠠ ᠠᠴᠠ ᠡᠬᠢᠯᠡᠭᠦᠯᠵᠤ᠂ ᠭᠤᠤᠯ ᠳᠤᠨᠢ | ᠦᠨᠦᠬᠦ ᠬᠦᠡᠭᠭᠡᠯᠡᠵᠤ᠂ ᠬᠠᠮᠤᠭ ᠰᠡᠭᠦᠯ ᠳᠤᠨᠢ ᠮᠦᠨ ᠬᠤᠷᠠᠭ᠎ᠠ ᠬᠦᠡᠭᠭᠡᠯᠡᠵᠤ ᠲᠡᠭᠦᠰᠭᠡᠳᠡᠭ᠃ ᠤᠴᠢᠷ ᠨᠢ ᠬᠤᠨᠢ ᠪᠤᠯ | ᠬᠠᠯᠠᠭᠤᠨ ᠬᠤᠰᠢᠭᠤᠲᠤ ᠬᠦᠨᠳᠦᠲᠦ ᠮᠠᠯ ᠪᠤᠯᠠᠢ᠃ ᠬᠤᠷᠠᠭ᠎ᠠ ᠦᠨᠦᠬᠦ ᠬᠦᠡᠭᠭᠡᠯᠡᠬᠦ ᠬᠦᠮᠦᠨ ᠠᠴᠠ᠄ ︽ᠬᠠᠯᠵᠠᠠ | ᠴᠠᠭᠠᠨ ᠬᠤᠷᠠᠭ᠎ᠠ ᠠᠪᠴᠢᠷᠠ︕︾ ᠬᠡᠨ᠎ᠡ᠃ ᠭᠡᠷ ᠤᠨ ᠡᠵᠡᠭᠲᠡᠢ ︽ᠰᠠᠬᠤᠨ ᠮᠠᠯ ︵ᠬᠤᠴᠠ ᠤᠬᠤᠨ᠎ᠠ︶︾ | ᠲᠠᠯᠪᠢᠬᠤ ᠰᠠᠨᠠᠭᠠᠲᠠᠢ ᠪᠤᠯ ︽ᠰᠠᠬᠤᠨ ᠲᠠᠯᠪᠢᠨ᠎ᠠ︾ ᠬᠡᠨ᠎ᠡ᠃ ᠲᠡᠭᠡᠪᠡᠯ ᠰᠠᠬᠤᠨ ᠮᠠᠯ ᠤᠨ ᠮᠠᠩᠨᠠᠢ ᠶᠢ ᠵᠦᠬᠡᠬᠡᠢ | ᠲᠠᠷᠠᠭ ᠤᠨ ᠲᠡᠭᠡᠵᠢ ᠪᠠᠷ ᠮᠢᠯᠢᠶᠠᠭᠠᠳ᠂ ᠡᠷᠡᠤ ᠲᠤᠤᠷ᠎ᠠ ᠨᠢ ᠴᠠᠭᠠᠨ ᠢᠳᠡᠭᠡ ᠬᠦᠷᠬᠡᠵᠤ᠂ ᠠᠷᠴᠠ ᠪᠠᠷ ᠪᠡᠶ᠎ᠡ ᠶᠢ ᠨᠢ | ᠭᠤᠷᠪᠠᠨᠳᠠ ᠲᠤᠭᠤᠷᠢᠭᠤᠯᠵᠤ ᠠᠷᠢᠭᠤᠳᠬᠠᠭᠠᠳ ᠬᠠᠮᠠᠷ ᠲᠤᠤᠷ᠎ᠠ ᠨᠢ ᠠᠷᠴᠠ ᠪᠠᠨ ᠪᠠᠷᠢᠵᠤ ᠢᠷᠦᠭᠡᠨ᠎ᠡ᠃ | ᠵᠠ ᠲᠦᠮᠡᠨ ᠬᠤᠨᠢᠨ ᠤ ᠲᠦᠷᠦᠭᠦᠨ ᠳᠤ | ᠮᠢᠩᠭᠠᠨ ᠬᠤᠨᠢᠨ ᠤ ᠮᠠᠩᠨᠠᠢ ᠳᠤ | ᠲᠦᠷᠪᠡᠨ ᠲᠤᠷᠤᠭᠤ ᠪᠠᠨ ᠮᠠᠶᠢᠭ ᠪᠤᠯᠲᠠᠯ᠎ᠠ | ᠲᠦᠷᠪᠡᠯᠵᠢᠨ ᠰᠠᠭᠠᠷᠢ ᠪᠠᠨ ᠬᠡᠯᠲᠡᠬᠡᠢ ᠪᠤᠯᠲᠠᠯ᠎ᠠ | ᠡᠵᠡᠨ ᠬᠦᠮᠦᠨ ᠳᠡᠭᠡᠨ ᠡᠬᠡᠯᠢᠲᠡᠢ | ᠢᠵᠢᠯᠢ ᠰᠦᠷᠦᠭ ᠲᠡᠭᠡᠨ ᠲᠦᠰᠢᠭ ᠲᠠᠢ ᠶᠠᠪᠤᠭᠠᠷᠠᠢ᠃ | ᠦᠷ᠎ᠠ ᠲᠦᠯ ᠤᠯᠠᠨ ᠲᠠᠢ | ᠦᠷᠡᠵᠢᠯ ᠰᠢᠮ᠎ᠡ ᠰᠠᠶᠢᠲᠠᠢ ᠬᠤᠴᠠ ᠪᠤᠯᠤᠭᠠᠷᠠᠢ᠃ | ᠰᠦᠷᠦᠭ ᠨᠢ ᠲᠡᠯᠭᠡᠷ ᠪᠤᠯᠤᠭ | ᠰᠦᠮᠪᠤᠷ ᠠᠭᠤᠯᠠ ᠶᠢᠨ ᠡᠪᠡᠰᠦ ᠢᠳᠡ | ᠰᠦᠨ ᠲᠠᠯᠠᠢ ᠶᠢᠨ ᠤᠰᠤ ᠤᠤᠭᠤ | ᠲᠦᠮᠡᠨ ᠬᠤᠨᠢᠨ ᠤ ᠲᠦᠷᠦᠭᠦᠦ | ᠲᠦᠨᠳᠦᠭᠦᠷ ᠬᠠᠯᠵᠠᠨ ᠬᠤᠴᠠ ᠪᠤᠯ | ᠮᠢᠩᠭᠠᠨ ᠬᠤᠨᠢᠨ ᠤ ᠲᠦᠷᠦᠭᠦᠦ | ᠮᠠᠨᠳᠠᠭᠠᠷ ᠴᠠᠭᠠᠨ ᠬᠤᠴᠠ ᠪᠤᠯᠤᠭᠠᠷᠠᠢ᠃ | ᠢᠷᠦᠭᠡᠵᠤ ᠪᠠᠷᠠᠬᠰᠠᠨ ᠤ ᠲᠠᠷᠠᠭ᠎ᠠ ᠪᠤᠰᠤᠳ ᠬᠤᠷᠠᠭ᠎ᠠ ᠦᠨᠦᠬᠦ ᠪᠠᠨ ᠬᠦᠡᠭᠭᠡᠯᠡᠨ᠎ᠡ᠃ ᠬᠦᠡᠭᠭᠡᠯᠡᠵᠤ ᠪᠠᠷᠠᠭᠠᠳ | ᠭᠠᠳᠠᠬᠰᠢ ᠲᠠᠭᠤᠬᠤ ᠳᠠᠭᠠᠨ ᠪᠠᠭᠠᠨ᠎ᠠ ᠶᠢᠨ ᠲᠡᠭᠡᠭᠦᠷ ᠬᠦᠨᠳᠡᠶᠢᠬᠡᠨ ᠬᠠᠷᠠᠶᠢᠯᠭᠠᠵᠤ᠂ ᠬᠤᠶᠢᠨ᠎ᠠ ᠠᠴᠠ ᠨᠢ ᠭᠡᠷ ᠤᠨ | ᠡᠵᠡᠭᠲᠡᠢ ᠰᠤᠮᠤ ᠪᠠᠷ ᠢᠶᠠᠨ ᠲᠤᠬᠢᠵᠤ ᠲᠠᠪᠤᠨ ᠲᠠᠷᠢᠶ᠎ᠠ ᠰᠠᠴᠤᠨ᠄ | ᠦᠳᠦᠨ ᠠᠴᠠ ᠬᠦᠡᠭᠭᠡᠨ | ᠰᠤᠮᠤᠨ ᠠᠴᠠ ᠬᠤᠷᠳᠤᠨ | ᠴᠢᠰᠦ ᠴᠢᠨᠢ ᠴᠠᠭ ᠲᠠᠭᠠᠨ ᠬᠠᠳᠠᠵᠤ | ᠡᠪᠡᠳᠴᠢᠨ ᠨᠢ ᠡᠳᠦᠷ ᠲᠡᠭᠡᠨ ᠡᠳᠡᠭᠡᠷᠡᠨ | ᠬᠤᠷᠤᠢ ᠬᠤᠷᠤᠢ ᠬᠤᠷᠤᠢ ᠬᠡᠵᠤ ᠬᠤᠷᠦ᠋ᠢᠯᠠᠨ ᠳᠠᠯᠠᠯᠤᠨ᠎ᠠ᠃ | ᠬᠤᠷᠦ᠋ᠢᠯᠠᠵᠤ ᠲᠠᠯᠠᠯᠤᠬᠰᠠᠨ ᠪᠤᠳᠠᠭ᠎ᠠ ᠪᠠᠨ ᠮᠠᠯ ᠤᠨ ᠬᠤᠷᠤᠭᠠᠨ ᠳᠤ ᠭᠤᠷᠪᠠᠨ ᠡᠳᠦᠷ ᠬᠦᠳᠡᠯᠭᠡᠳᠡᠭ ᠦᠭᠡᠢ᠃ | ᠲᠠᠪᠤᠨ ᠲᠠᠷᠢᠶ᠎ᠠ ᠰᠠᠴᠤᠵᠤ ᠪᠠᠶᠢᠬᠤ ᠨᠢ ᠮᠠᠯ ᠦᠰᠴᠤ ᠦᠷᠡᠵᠢᠬᠦ᠂ ᠰᠤᠮᠤ ᠨᠢ ᠦᠳᠳᠡᠷ ᠲᠦᠷᠭᠡᠨ ᠡᠳᠡᠭᠡᠷᠡᠭᠦᠯᠭᠦ᠂ | ᠪᠠᠭᠠᠨ᠎ᠠ ᠨᠢ ᠭᠡᠷ ᠤᠨ ᠭᠠᠯ ᠭᠤᠯᠤᠮᠲᠠ ᠶᠢ ᠲᠦᠯᠦᠬᠡᠯᠡᠵᠤ᠂ ᠬᠤᠷᠤᠢ ᠬᠤᠷᠤᠢ ᠭᠡᠳᠡᠭ ᠨᠢ ᠭᠠᠯ ᠠᠷᠢᠭᠤᠯᠠᠬᠰᠠᠨ | ᠲᠠᠯᠠᠯᠭ᠎ᠠ ᠶᠢᠨ ᠤᠳᠬ᠎ᠠ ᠪᠠᠷ ᠲᠤᠰ ᠲᠤᠰ ᠪᠡᠯᠭᠡᠳᠡᠵᠤ ᠪᠠᠶᠢᠭ᠎ᠠ ᠪᠢᠯᠡ᠃ | |