ᠮᠤᠷᠢ ᠲᠠᠢ ᠮᠤᠩᠭᠤᠯ
ᠨᠡᠶᠢᠲᠡᠯᠡᠭᠰᠡᠨ ᠴᠠᠭ᠄
2019-10-29
ᠨᠠᠶᠢᠷᠠᠭᠤᠯᠤᠭᠴᠢ ᠶᠢᠨ ᠦᠭᠡ      ᠮᠤᠩᠭᠤᠯᠴᠤᠳ ᠪᠤᠯᠤᠨ ᠮᠤᠷᠢ ᠯᠤᠭ᠎ᠠ ᠶᠢᠨ ᠬᠤᠪᠢ ᠪᠠᠷᠢᠯᠳᠤᠯᠭ᠎ᠠ ᠶᠢ ᠲᠡᠭᠡᠳᠦ ᠲᠡᠭᠷᠢ ᠠᠴᠠ ᠵᠠᠶᠠᠭᠠᠭᠰᠠᠨ ᠬᠡᠵᠤ ᠬᠡᠯᠡᠬᠦ ᠠᠴᠠ ᠦᠭᠡᠷ᠎ᠡ ᠠᠷᠭ᠎ᠠ ᠦᠭᠡᠢ᠃ ᠮᠤᠩᠭᠤᠯ ᠮᠤᠷᠢᠨ ᠤ ᠲᠠᠮᠢᠷ ᠤᠬᠠᠭᠠᠨ ᠨᠡᠶᠢᠯᠡᠭᠡᠳ ᠮᠤᠩᠭᠤᠯ ᠬᠦᠮᠦᠨ ᠳᠤ ᠵᠢᠬᠦᠷ ᠤᠷᠭᠤᠭᠤᠯᠵᠤ ᠬᠦᠰᠡᠯ ᠬᠦᠪᠦᠷᠢᠬᠦᠯᠦᠭᠰᠡᠨ ᠪᠤᠯ᠂ ᠮᠤᠩᠭᠤᠯ ᠬᠦᠮᠦᠨ ᠮᠤᠷᠢᠨ ᠨᠢᠷᠤᠭᠤᠨ ᠲᠡᠭᠡᠷ᠎ᠡ ᠭᠠᠶᠢᠬᠠᠮᠰᠢᠭ ᠢ ᠡᠭᠦᠳᠦᠭᠰᠡᠨ ᠶᠤᠮ᠃ ᠮᠤᠩᠭᠤᠯᠴᠤᠳ ᠠᠳᠤᠭᠤ ᠶᠢ ᠭᠠᠷᠰᠢᠭᠤᠯᠤᠨ ᠲᠠᠰᠬᠠᠵᠤ᠂ ᠠᠰᠢᠭ ᠰᠢᠮ᠎ᠡ ᠶᠢ ᠨᠢ ᠬᠦᠷᠳᠡᠭᠰᠡᠨ ᠠᠴᠠ ᠨᠠᠭᠠᠰᠢ ᠪᠠᠨ ᠡᠵᠡᠨᠳᠤ ᠲᠦᠷᠦ ᠪᠠᠨ ᠴᠡᠭᠴᠠᠯᠠᠵᠤ᠂ ᠲᠡᠯᠡᠭᠡᠢ ᠶᠢᠨ ᠠᠩᠬᠠᠨ ᠤ ᠲᠠᠶᠠᠭᠠᠷᠴᠢᠯᠠᠯ ᠢ ᠲᠤᠭᠳᠠᠭᠠᠬᠤ ᠬᠡᠬᠦ ᠮᠡᠳᠦᠴᠢᠯᠡᠨ ᠠᠳᠤᠭᠤᠨ ᠲᠡᠯ ᠲᠡᠭᠡᠭᠦᠷ ᠬᠡᠶᠢᠮᠦᠷᠢ ᠵᠤᠯᠪᠤᠭ᠎ᠠ ᠬᠡᠶᠢᠰᠭᠡᠨ᠂ ᠮᠤᠩᠭᠤᠯ ᠬᠦᠮᠦᠨ ᠤ ᠤᠬᠠᠭᠠᠨ ᠪᠠ ᠮᠤᠩᠭᠤᠯ ᠮᠤᠷᠢᠨ ᠤ ᠴᠢᠳᠠᠯ ᠬᠤᠶᠠᠷ ᠢ ᠲᠠᠶᠠᠩ ᠲᠡᠯᠡᠭᠡᠢ ᠳᠤ ᠠᠯᠳᠠᠷᠰᠢᠭᠤᠯᠤᠭᠰᠠᠨ ᠪᠢᠯᠡ᠃ ᠤᠳᠤ ᠪᠤᠯᠬᠤ ᠳᠤ ᠮᠤᠩᠭᠤᠯ ᠬᠦᠮᠦᠨ ᠪᠠ ᠮᠤᠩᠭᠤᠯ ᠮᠤᠷᠢ ᠨᠢ ᠬᠤᠭᠤᠷ ᠤᠨ ᠬᠤᠶᠠᠷ ᠤᠳᠠᠰᠤ ᠰᠢᠭ᠋ ᠢᠶᠠᠷ ᠤᠯᠠᠮᠵᠢᠯᠠᠯ ᠪᠠ ᠰᠢᠨᠡᠴᠢᠯᠡᠯ ᠤᠨ ᠢᠷᠠᠭᠤ ᠡᠭᠡᠰᠢᠭ ᠢ ᠴᠢᠪᠬᠠᠳᠠᠨ᠂ ᠠᠵᠤ ᠦᠢᠯᠡᠰ᠂ ᠰᠤᠶᠤᠯ ᠵᠤᠭᠠᠴᠠᠯ᠂ ᠤᠳᠬ᠎ᠠ ᠤᠷᠠᠯᠢᠭ ᠤᠨ ᠬᠦᠷᠢᠶᠡᠨ ᠳᠤ ᠬᠦᠭᠵᠢᠯᠳᠡ ᠶᠢᠨ ᠬᠤᠷᠳᠤ ᠰᠢᠯᠭᠠᠵᠤ ᠶᠠᠪᠤᠨ᠎ᠠ᠃ ᠤᠢᠢᠷᠠᠳᠤᠬᠠᠨ ᠮᠠᠨ ᠤ ᠰᠤᠨᠢᠨ ᠤ ᠰᠤᠷᠪᠤᠯᠵᠢᠯᠠᠭᠴᠢ ᠦᠤᠰᠢᠨ ᠬᠤᠰᠢᠭᠤ ᠪᠠᠷ ᠰᠤᠷᠪᠤᠯᠵᠢᠯᠠᠭ᠎ᠠ ᠬᠢᠵᠤ᠂ ᠲᠡᠤᠭᠡ ᠶᠢᠨ ᠵᠢᠮ᠎ᠡ ᠪᠠᠷ ᠰᠡᠷᠬᠦᠨ ᠮᠠᠨᠳᠤᠭᠰᠠᠨ ᠠᠳᠤᠭᠤᠨ ᠤ ᠦᠢᠯᠡᠰ ᠢ ᠰᠤᠷᠪᠤᠯᠵᠢᠯᠠᠨ ᠮᠡᠳᠡᠭᠡᠯᠡᠯ᠎ᠡ᠃ ᠰᠤᠷᠪᠤᠯᠵᠢᠯᠠᠭᠴᠢ ᠶᠢᠨ ᠬᠠᠷᠠᠭᠠᠨ ᠳᠤ ᠵᠢᠷᠤᠭ᠎ᠠ ᠮᠤᠷᠢ ᠲᠠᠢ ᠵᠠᠶᠠᠭ᠎ᠠ ᠪᠠᠨ ᠬᠤᠯᠪᠤᠭᠰᠠᠨ ᠴᠠᠭᠳᠤᠷᠰᠡᠷᠡᠩ ᠵᠢᠴᠢ ᠲᠡᠭᠦᠨ ᠤ ᠬᠡᠷ ᠪᠦᠯᠢ ᠶᠢᠨ ᠬᠢᠨ᠂ ᠮᠤᠨᠳᠠᠭ᠎ᠠ ᠬᠡᠶᠢᠰᠬᠦᠯᠦᠭᠰᠡᠨ ᠪᠦᠰᠡᠬᠦᠢ ᠤᠶᠠᠭᠠᠴᠢᠳ᠂ ᠦᠤᠰᠢᠨ ᠠᠳᠤᠭᠤᠨ ᠤ ᠴᠡᠪᠡᠷ ᠴᠢᠰᠤᠨ ᠤᠳᠤᠮ ᠢ ᠬᠠᠮᠠᠭᠠᠯᠠᠨ ᠬᠦᠭᠵᠢᠬᠦᠯᠬᠦ ᠪᠠᠷ ᠴᠢᠷᠮᠠᠶᠢᠵᠤ ᠶᠠᠪᠤᠭ᠎ᠠ ᠴᠢᠮᠡᠳᠳᠦᠷᠵᠢ ᠵᠡᠷᠭᠡ ᠬᠦᠮᠦᠰ ᠮᠤᠷᠢ ᠲᠠᠢ ᠪᠠᠨ ᠬᠠᠮᠳᠤ ᠦᠯᠢᠭᠡᠷ ᠬᠦᠤᠷᠨᠢᠵᠤ ᠂ ᠮᠤᠷᠢᠨ ᠨᠢᠷᠤᠭᠤᠨ ᠲᠡᠭᠡᠷ᠎ᠡ ᠠᠴᠠ ᠬᠦᠭᠵᠢᠯ ᠲᠠᠯᠠᠯᠤᠨ ᠪᠠᠶᠢᠨ᠎ᠠ᠃ ᠮᠤᠩᠭᠤᠯ ᠤᠬᠠᠭᠠᠨ᠂ ᠮᠤᠩᠭᠤᠯ ᠮᠤᠷᠢᠨ ᠤ ᠵᠤᠷᠢᠭ ᠰᠠᠨᠠᠭ᠎ᠠ ᠪᠠᠷ ᠰᠢᠨ᠎ᠡ ᠡᠷᠢᠨ ᠤ ᠬᠦᠭᠵᠢᠯᠳᠡ ᠶᠢᠨ ᠭᠠᠶᠢᠬᠠᠮᠰᠢᠭ ᠢ ᠡᠭᠦᠳᠬᠦ ᠳᠤ ᠡᠷᠡᠭᠡᠯᠵᠡᠭᠡ ᠦᠭᠡᠢ᠃                 ᠮᠤᠨᠳᠠᠭ᠎ᠠ ᠬᠡᠶᠢᠰᠭᠡᠬᠦᠯᠦᠭᠰᠡᠨ ᠪᠦᠰᠡᠬᠦᠢ ᠤᠶᠠᠭᠠᠴᠢᠳ     ᠮᠤᠩᠭᠤᠯ ᠰᠤᠶᠤᠯ ᠪᠤᠯ ᠮᠤᠷᠢᠨ ᠨᠢᠷᠤᠭᠤᠨ ᠲᠡᠭᠡᠷ᠎ᠡ ᠲᠤᠭᠳᠠᠭᠰᠠᠨ ᠰᠤᠶᠤᠯ ᠬᠡᠳᠡᠭ᠃ ᠡᠷᠳᠡᠨ ᠠᠴᠠ ᠡᠳᠦᠬᠡ ᠪᠤᠯᠳᠠᠯ᠎ᠠ ᠮᠤᠷᠢ ᠨᠢ ᠮᠤᠩᠭᠤᠯᠴᠤᠳ᠂ ᠴᠢᠨᠠᠭᠰᠢᠯᠠᠭᠠᠳ ᠪᠦᠬᠦ ᠬᠦᠮᠦᠨ ᠲᠦᠷᠦᠯᠬᠢᠳᠡᠨ ᠤ ᠦᠢᠯᠡᠳᠪᠦᠷᠢᠯᠡᠯ ᠠᠮᠢᠳᠤᠷᠠᠯ ᠳᠤ ᠪᠠᠯᠠᠷᠠᠰᠢ ᠦᠬᠡᠢ ᠭᠠᠪᠢᠶ᠎ᠠ ᠵᠢᠳᠬᠦᠯ ᠦᠵᠡᠬᠦᠯᠦᠭᠰᠡᠬᠡᠷ ᠢᠷᠡᠭᠰᠡᠨ ᠶᠤᠮ᠃ ᠭᠡᠪᠡᠴᠤ ᠨᠡᠶᠢᠬᠡᠮ ᠬᠦᠭᠵᠢᠵᠤ ᠲᠡᠷᠭᠡ ᠮᠠᠰᠢᠨ ᠮᠤᠷᠢ ᠶᠢ ᠤᠷᠤᠯᠬᠠᠰᠠᠨ ᠠᠴᠠ ᠨᠢᠬᠡᠨ ᠦᠶᠡᠰ ᠮᠤᠩᠭᠤᠯ ᠠᠶᠢᠯ ᠤᠨ ᠭᠠᠳᠡᠨᠠᠬᠢ ᠵᠡᠯᠡᠨ ᠲᠡᠭᠡᠷ᠎ᠡ ᠮᠤᠷᠢ ᠬᠠᠷᠬᠠᠳᠠᠬᠤ ᠪᠠᠨ ᠪᠤᠯᠢᠵᠤ᠂ ᠤᠨᠤᠭᠠᠨ ᠤ ᠮᠤᠷᠢ ᠲᠠᠢ ᠠᠶᠢᠯ ᠡᠳᠤᠷ ᠤᠨ ᠤᠳᠤ ᠰᠢᠭ᠋ ᠴᠦᠬᠡᠷᠡᠵᠤ᠂ ᠪᠤᠷᠭᠠᠰᠤᠨ ᠮᠤᠷᠢ ᠤᠨᠤᠳᠠᠭ ᠭᠦᠳᠡᠭᠡ ᠶᠢᠨ ᠵᠢᠭᠠᠯ ᠴᠤ ᠬᠠᠷᠬᠠᠳᠠᠬᠤ ᠪᠠᠨ ᠪᠤᠯᠢᠵᠠᠢ᠃     ᠠᠳᠤᠭᠤᠨ ᠰᠤᠶᠤᠯ ᠪᠠᠯᠠᠷᠠᠵᠦ ᠬᠡᠬᠡᠭᠳᠡᠬᠦ ᠲᠦᠭᠰᠢᠬᠦᠷᠢᠳᠦ ᠮᠦᠴᠡ ᠳᠤ ᠠᠳᠤᠭᠤᠨ ᠳᠠᠭᠠᠨ ᠬᠠᠶᠢᠷᠠᠳᠡᠢ᠂ ᠠᠳᠤᠭᠤᠨ ᠰᠤᠶᠤᠯ ᠢᠶᠠᠨ ᠲᠡᠭᠡᠳᠦᠯᠡᠵᠦ ᠬᠠᠶᠢᠷᠠᠯᠠᠳᠠᠭ ᠨᠢᠬᠡ ᠪᠦᠯᠦᠭ ᠬᠦᠮᠦᠰ ᠢᠯᠡᠷᠡᠯ᠎ᠡ᠃ ᠤᠢᠢᠷ᠎ᠠ ᠶᠢᠨ ᠵᠢᠯ ᠤᠳ ᠲᠤ ᠮᠠᠯᠴᠢᠨ ᠠᠷᠡᠳ ᠤᠨ ᠠᠳᠤᠭᠤ ᠪᠠᠨ ᠬᠠᠶᠢᠷᠠᠯᠠᠵᠤ ᠮᠠᠯᠵᠢᠬᠤ ᠤᠬᠠᠮᠰᠠᠷ ᠲᠠᠭᠡᠭᠰᠢᠯᠡᠨ᠂ ᠲᠤᠰᠬᠠᠢ ᠮᠡᠷᠭᠡᠵᠢᠯᠳᠡᠳ ᠠᠴᠠ ᠬᠢᠮᠠᠭᠠᠳᠡᠨ ᠰᠤᠳᠤᠯᠵᠤ᠂ ᠨᠠᠮ ᠵᠠᠰᠠᠭ ᠠᠴᠠ ᠲᠠᠮᠵᠢᠯᠬᠡ ᠵᠤᠷᠢᠨᠨᠵᠢᠭᠤᠯᠤᠯ ᠤᠨ ᠡᠷᠴᠢᠮ ᠢᠶᠠᠨ ᠴᠢᠩᠭᠠᠷᠡᠭᠤᠯᠤᠨᠨᠰᠠᠨ ᠠᠴᠠ ᠮᠤᠩᠭᠤᠯᠴᠤᠳ ᠮᠠᠨᠢ ᠲᠡᠭᠷᠢᠯᠢᠭ ᠠᠳᠤᠭᠤᠨ ᠤ ᠰᠤᠶᠤᠯ ᠢᠶᠠᠨ ᠲᠠᠰᠤᠯᠳᠠᠭᠤᠯᠤᠯ ᠦᠬᠡᠢ ᠦᠪᠯᠡᠨ ᠬᠠᠮᠠᠭᠠᠯᠠᠵᠤ ᠡᠬᠢᠯᠡᠭᠰᠡᠨ ᠪᠠᠶᠢᠨ᠎ᠠ᠃     ᠤᠢᠢᠷ᠎ᠠ ᠳᠤ ᠪᠠᠶᠠᠨᠭᠤᠤᠯ ᠤᠨ ᠲᠠᠨᠵᠢᠨ ᠳᠤ ᠡᠯᠪᠡᠭ ᠬᠤᠷᠢᠶᠡᠯᠳᠡ ᠶᠢᠨ ᠪᠠᠶᠠᠷ ᠬᠢᠵᠤ᠂ ︽ᠤᠰᠤᠨ ᠵᠢᠷᠤᠭ᠎ᠠ︾ ᠤᠷᠳᠤᠰ ᠬᠤᠳᠡ ᠶᠢᠨ ᠭᠤᠷᠪᠠᠳᠤᠭᠠᠷ ᠤᠳᠠᠭᠠᠨ ᠤ ᠵᠢᠷᠤᠭ᠎ᠠ ᠮᠤᠷᠢᠨ ᠤ ᠲᠧᠯᠸᠢᠰ ᠱᠡᠩᠨᠡᠯᠳᠦ ᠤᠷᠤᠯᠳᠤᠭᠠᠨ ᠴᠤ ᠶᠠᠪᠤᠨᠨᠳ᠋ᠬᠠᠰᠠᠨ ᠪᠠᠶᠢᠨ᠎ᠠ᠃ ᠡᠨᠡ ᠭᠦ ᠰᠠᠶᠢᠬᠠᠨ ᠮᠦᠴᠡ ᠳᠤ ᠰᠤᠷᠪᠤᠯᠵᠢᠯᠠᠭᠴᠢ ᠠᠳᠤᠭᠤᠨ ᠰᠤᠶᠤᠯ ᠳᠠᠭᠠᠨ ᠵᠢᠳᠬᠦᠵᠤ ᠶᠠᠪᠤᠭ᠎ᠠ ᠤᠳᠤᠨᠴᠢᠮᠡᠭ ᠪᠠ ᠰᠡᠷᠡᠨᠴᠢᠮᠡᠭ ᠡᠭᠡᠴᠢ ᠲᠡᠭᠦᠤ ᠲᠠᠢ ᠲᠠᠨᠢᠯᠴᠡᠯ ᠎ᠠ᠃ ᠰᠠᠷᠠᠨᠴᠢᠮᠡᠭ ᠪᠠ ᠤᠳᠤᠨᠴᠢᠮᠡᠭ ᠪᠤᠯ ᠲᠦᠷᠦᠭᠰᠡᠨ ᠡᠭᠡᠴᠢ ᠲᠡᠭᠦᠤ ᠶᠤᠮ᠂ ᠦᠤᠰᠢᠨ ᠬᠤᠰᠢᠭᠤᠨ ᠤ ᠤᠯᠠᠭᠠᠨᠲᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠤ ᠬᠦᠮᠤᠨ᠂ ᠰᠡᠭᠦᠯᠡᠷ ᠨᠢ ᠲᠡᠭᠦᠤ ᠤᠳᠤᠨᠴᠢᠮᠡᠭ ᠨᠢ ᠦᠤᠰᠢᠨ ᠬᠤᠰᠢᠭᠤᠨ ᠤ ᠭᠠᠯᠠᠭᠤᠳᠦ ᠪᠠᠯᠭᠠᠰᠤᠨ ᠤ ᠪᠤᠵᠡᠢ ᠭᠠᠴᠠᠭᠠᠨ ᠳᠤ ᠨᠤᠳᠤᠨᠨᠰᠢᠵᠡᠢ᠃ ᠲᠡᠷᠡ ᠬᠤᠶᠠᠭᠤᠯᠡ ᠬᠠᠷ᠎ᠠ ᠪᠠᠭ᠎ᠠ ᠠᠴᠠ ᠨᠠᠶᠢᠯᠡᠨ ᠮᠤᠷᠢ ᠪᠠᠨ ᠤᠨᠤᠵᠤ ᠬᠤᠨᠢ ᠪᠠᠨ ᠬᠠᠷᠢᠭᠤᠯᠳᠠᠭ ᠪᠠᠶᠢᠯ ᠎ᠠ᠂ ᠶᠠᠭ ᠡᠶᠢᠮᠤ ᠠᠴᠠ ᠮᠤᠷᠢ ᠤᠨᠤᠬᠤ ᠬᠤᠷᠤᠬᠠᠢ ᠲᠠᠢ᠃ ᠬᠡᠪᠡᠴᠤ ᠤᠳᠤ ᠶᠢᠨ ᠴᠠᠭ ᠦᠶ᠎ᠠ ᠳᠤ ᠨᠠᠶᠢᠷ ᠨᠠᠭᠠᠳᠤᠮ ᠪᠤᠯᠤᠨᠨᠰᠠᠭᠠᠷ ᠯᠠ ᠠᠶᠢᠯ ᠤᠨ ᠡᠷ᠎ᠡ ᠬᠦᠮᠦᠨ ᠨᠢ ᠬᠠᠶᠢᠷᠠᠳᠡᠢ ᠮᠤᠷᠢ ᠪᠠᠨ ᠰᠦᠢᠵᠤ ᠣᠷᠣᠯᠳᠣᠭᠤᠯᠣᠨ ᠭᠦᠯᠦᠭ ᠤᠨ ᠢᠶᠠᠨ ᠰᠢᠨᠳᠠᠰᠤ ᠶᠢ ᠰᠤᠷᠢᠵᠤ ᠵᠢᠷᠭᠠᠳᠠᠭ ᠪᠠᠶᠢᠬᠤ ᠳᠤ ᠪᠦᠰᠡᠭᠦᠢ ᠭᠦ᠋ᠮᠤᠨ ᠳᠤ ᠬᠠᠷᠢᠨ ᠡᠶᠢᠮᠤᠷᠭᠦᠤ ᠵᠠᠪᠰᠢᠶᠠᠨ ᠦᠬᠡᠢ ᠪᠠᠶᠢᠯ ᠎ᠠ᠂ ᠶᠠᠭ ᠡᠬᠦᠨ ᠠᠴᠠ ᠪᠤᠯᠵᠤ ᠡᠬᠡᠴᠢ ᠲᠠᠭᠦᠤ ᠬᠤᠶᠠᠭᠤᠯᠡ ᠪᠠᠨ ᠪᠦᠰᠡᠭᠦ᠋ᠢᠴᠤᠳ ᠤᠨ ᠵᠢᠷᠤᠭ᠎ᠠ ᠮᠤᠷᠢᠨ ᠤ ᠨᠡᠶᠢᠬᠡᠮᠯᠢᠭ ᠪᠠᠶᠢᠭᠤᠯᠪᠠᠯ ᠪᠤᠯᠤᠮᠠᠷ ᠬᠡᠵᠤ ᠬᠡᠳᠤᠨ ᠵᠢᠯ ᠪᠤᠳᠤᠵᠤ᠂ 2018 ᠤᠨ ᠤ 10 ᠰᠠᠷ᠎ᠠ ᠳᠤ ᠦᠥᠰᠢᠨ ᠬᠤᠰᠢᠭᠤᠨ ᠤ ︽ᠽᠠᠨᠳᠠᠨ ᠬᠦᠷᠡᠩ︾ ᠪᠦᠰᠡᠬᠦᠢ ᠤᠶᠠᠭᠠᠴᠢᠳ ᠤᠨ ᠨᠡᠶᠢᠬᠡᠮᠯᠢᠭ ᠢᠶᠠᠨ ᠪᠠᠶᠢᠭᠤᠯᠤᠨ ᠡᠳᠤᠷ ᠤᠨ ᠪᠤᠳᠤᠯ ᠰᠥᠨᠢ ᠶᠢᠨ ᠵᠡᠭᠦᠳᠤ ᠪᠤᠯᠤᠨᠨᠰᠠᠨ ᠭᠦᠰᠡᠯ ᠢᠶᠠᠨ ᠪᠠᠶᠡᠯᠡᠭᠦᠯᠦᠭᠰᠡᠨ ᠪᠠᠶᠢᠨ᠎ᠠ᠃ ᠡᠨᠡ ᠤᠳᠠᠭᠠᠨ ᠤ ᠤᠷᠤᠯᠳᠤᠭᠠᠨ ᠳᠤ ᠡᠭᠡᠴᠢ ᠲᠠᠭᠦᠤ ᠬᠤᠶᠠᠭᠤᠯᠡ ᠪᠠᠨ ᠬᠠᠶᠢᠷᠡᠳᠡᠢ ᠮᠤᠷᠢ ᠪᠠᠨ ᠬᠦᠳᠤᠯᠤᠨ ᠢᠷᠡᠵᠤ ᠤᠷᠤᠯᠳᠤᠭᠠᠨ ᠳᠤ ᠤᠷᠤᠯᠴᠬᠠᠰᠠᠨ ᠪᠠᠶᠢᠨ᠎ᠠ᠃ ᠤᠷᠤᠯᠳᠤᠭᠠᠨ ᠤ ᠲᠠᠯᠠᠪᠤᠷ ᠲᠤ ᠮᠤᠷᠢ ᠤᠨᠤᠭᠰᠠᠨ ᠪᠦᠰᠡᠬᠦ᠋ᠢᠴᠤᠳ ᠤᠨ ᠴᠤᠭ ᠵᠤᠯᠢ ᠪᠠᠳᠠᠷᠠᠡ᠂ ᠭᠠᠯᠪᠢᠷ ᠲᠦᠷᠬᠦ ᠪᠠᠷ ᠢᠶᠠᠨ ᠤᠨᠴᠠᠭᠠᠢᠢᠷᠠᠵᠤ᠂ ᠬᠦᠮᠦᠰ ᠤᠨ ᠠᠩᠬᠠᠷᠤᠯ ᠢ ᠲᠠᠳᠠᠵᠤ ᠪᠠᠶᠢᠯ᠎ᠠ᠃ ᠶᠡᠷᠤ ᠨᠢ ᠪᠦᠰᠡᠭᠦᠢ ᠭᠦᠮᠤᠨ ᠬᠡᠵᠤ ᠪᠤᠷᠤ ᠬᠡᠷ ᠲᠡᠭᠡᠨ ᠪᠤᠨᠨᠳᠡ᠂ ᠬᠠᠷ ᠎ᠠ ᠬᠡᠷ ᠲᠡᠭᠡᠨ ᠬᠠᠭᠠᠨ ᠪᠤᠯᠵᠤ᠂ ᠲᠤᠭᠤᠯ ᠤᠨ ᠪᠠᠯᠴᠢᠭᠡᠷ᠂ ᠲᠤᠯᠭ᠎ᠠ ᠶᠢᠨ ᠭᠠᠯ ᠲᠠᠢ ᠨᠠᠰᠤ ᠪᠠᠨ ᠬᠤᠯᠪᠤᠳᠠᠭ ᠴᠤ ᠪᠢᠰᠢ᠂ ᠬᠤᠪᠢ ᠵᠠᠶᠠᠭ᠎ᠠ ᠪᠠᠨ ᠲᠡᠭᠷᠢ ᠳᠤ ᠲᠠᠭᠠᠳᠬᠠᠵᠤ᠂ ᠠᠵᠤ ᠠᠮᠢᠳᠤᠷᠠᠯ ᠢᠶᠠᠨ ᠪᠦᠰᠡᠳᠡᠢ ᠳᠡᠭᠡᠨ ᠨᠠᠶᠢᠳᠠᠳᠠᠭ ᠴᠤ ᠪᠢᠰᠢ᠂ ᠨᠠᠩ ᠨᠢᠳᠤᠨ ᠡᠮᠤᠨᠡᠬᠢ ᠳᠡᠭᠡᠨ ᠰᠡᠳᠬᠢᠯ ᠬᠠᠨᠤᠵᠦ᠂ ᠵᠢᠷᠭᠠᠯ ᠴᠡᠩᠭᠡᠯ ᠤᠨ ᠲᠤᠮᠳᠡ ᠪᠤᠳᠤᠯ ᠨᠢᠮᠭᠡᠷᠡᠵᠤ᠂ ᠵᠠᠰᠠᠯ ᠵᠢᠮᠰᠡᠭ ᠤᠨ ᠲᠤᠮᠳᠡ ᠭᠤᠶᠢᠭᠤᠷᠠᠳᠠᠭ ᠴᠤ ᠪᠢᠰᠢ᠃ ᠪᠦᠰᠡᠭᠦᠢ ᠭᠦᠮᠤᠨ ᠪᠠᠰᠠ ᠮᠤᠷᠢ ᠲᠠᠢ ᠬᠤᠯᠪᠤᠪᠠᠯ ᠱᠤᠨᠨᠰᠢᠵᠤ᠂ ᠮᠤᠳᠤ ᠲᠠᠢ ᠬᠤᠯᠪᠤᠪᠠᠯ ᠵᠤᠨᠨᠰᠤᠳᠠᠭ ᠪᠢᠰᠢ᠃ ᠬᠠᠷᠢᠨ ᠰᠠᠷᠡᠨᠴᠢᠮᠡᠭ᠂ ᠤᠳᠤᠨᠴᠢᠮᠡᠭ ᠰᠢᠭ ᠠᠷᠤ ᠭᠡᠷ ᠲᠡᠭᠡᠨ ᠲᠦᠰᠢᠭ᠂ ᠠᠶᠢᠯ ᠬᠡᠷ ᠲᠡᠭᠡᠨ ᠲᠤᠯᠭᠠᠭᠤᠷᠢ᠂ ᠠᠵᠤ ᠤᠢᠢᠯᠡᠰ ᠲᠡᠭᠡᠨ ᠮᠠᠩᠯᠠᠢ ᠨᠢ ᠪᠤᠯᠵᠤ᠂ ᠪᠤᠳᠤᠯ ᠤᠨ ᠦᠨᠳᠤᠷ ᠲᠤ ᠦᠷᠳᠡᠭ ᠢᠶᠠᠨ ᠦᠵᠡᠭᠦᠯᠵᠤ ᠶᠠᠪᠤᠪᠠᠯ ᠲᠠᠭᠠᠷᠠᠨ᠎ᠠ᠃     ᠡᠨᠡ ᠭᠦ ᠨᠡᠶᠢᠬᠡᠮᠯᠢᠭ ᠲᠤ ᠤᠳᠤᠬᠠᠨ ᠳᠤ ᠨᠡᠶᠢᠳᠡ 50 ᠭᠠᠷᠤᠢ ᠪᠦᠰᠡᠭᠦᠢ ᠤᠶᠠᠭᠠᠴᠢᠨ ᠲᠠᠢ᠂ ᠬᠠᠮᠤᠭ ᠦᠨᠳᠤᠷ ᠨᠠᠰᠤᠳᠡᠢ ᠨᠢ ᠵᠢᠷᠠ ᠭᠠᠷᠤᠨᠨᠰᠠᠨ ᠪᠠᠶᠢᠨ᠎ᠠ᠃ ᠲᠡᠳᠡ 2018 ᠤᠨ ᠤ 11 ᠰᠠᠷ᠎ᠠ ᠳᠤ ᠨᠠᠶᠢᠬᠡᠮᠯᠢᠭ ᠪᠠᠶᠢᠭᠤᠯᠤᠨᠨᠳ᠋ᠬᠠᠰᠠᠨ ᠠᠩᠬᠠᠳᠤᠭᠠᠷ ᠤᠳᠠᠭᠠᠨ ᠤ ᠵᠢᠷᠤᠭ᠎ᠠ ᠮᠤᠷᠢᠨ ᠤ ᠤᠷᠤᠯᠳᠤᠭᠠᠨ ᠢᠶᠠᠨ ᠠᠮᠵᠢᠯᠲᠠᠳᠡᠢ ᠦᠷᠨᠢᠬᠦᠯᠵᠤ ᠂ ᠱᠠᠩᠨᠠᠯ ᠤᠨ ᠮᠦᠡᠭᠭᠦ ᠶᠢ ᠦᠤᠰᠢᠨ ᠬᠤᠰᠢᠭᠤᠨ ᠤ ᠪᠠᠶ᠎ᠡ ᠶᠢᠨ ᠲᠠᠮᠢᠷ ᠤᠨ ᠲᠤᠪᠴᠢᠶ᠎ᠠ ᠠᠴᠠ ᠳᠡᠮᠵᠢᠭᠰᠡᠨ ᠪᠠᠶᠢᠨ᠎ᠠ᠃ ᠡᠭᠡᠴᠢ ᠲᠡᠭᠦᠤ ᠬᠤᠶᠠᠭᠤᠯᠡ ᠪᠠᠨ ᠡᠭᠦᠨ ᠢᠶᠠᠷ ᠵᠤᠨᠨᠰᠤᠨᠨᠰᠠᠨ ᠦᠬᠡᠢ᠂ 2019 ᠤᠨ ᠤ 3 ᠰᠠᠷ᠎ᠠ ᠳᠤ ᠤᠷᠳᠤᠰ ᠬᠤᠳᠡ ᠶᠢᠨ ︽ᠭᠠᠨᠭ᠍ᠭᠠᠡᠭ ᠰᠢᠷᠭ᠎ᠠ︾ ᠪᠦᠰᠡᠬᠦᠢ ᠤᠶᠠᠭᠠᠴᠢᠳ ᠤᠨ ᠨᠡᠶᠢᠬᠡᠮᠯᠢᠭ ᠢ ᠪᠠᠶᠢᠭᠤᠯᠵᠤ᠂ 7 ᠬᠤᠰᠢᠭᠤᠨ ᠤ ᠪᠦᠰᠡᠭᠦᠢ ᠤᠶᠠᠭᠠᠴᠢᠳ ᠢᠶᠠᠨ ᠤᠷᠢᠶᠡᠯᠡᠨ᠂ ᠤᠳᠤ ᠪᠤᠯᠬᠤ ᠳᠤ ᠨᠡᠶᠢᠳᠡ 80 ᠭᠦᠮᠤᠨ ᠲᠠᠢ ᠪᠤᠯᠤᠨᠨᠰᠠᠨ ᠪᠠᠶᠢᠨ᠎ᠠ᠃ ᠲᠡᠭᠡᠭᠡᠳ ᠨᠠᠶᠢᠬᠡᠮᠯᠢᠭ ᠢᠶᠠᠨ ᠪᠠᠶᠢᠭᠤᠯᠤᠨᠨᠰᠠᠨ ᠠᠴᠠ ᠬᠤᠶᠢᠰᠢ ᠪᠠᠨ ᠲᠠᠳᠡ ᠨᠠᠶᠢᠬᠡᠮᠯᠢᠭ ᠤᠨ ᠭᠡᠰᠢᠭᠦᠳ ᠢᠶᠠᠨ ᠲᠠᠭᠠᠭᠤᠯᠤᠨ ᠶᠡᠭᠡ ᠪᠠᠭ᠎ᠠ ᠤᠷᠤᠯᠳᠤᠭᠠᠨ ᠳᠤ ᠤᠯᠠᠨᠳᠠ ᠤᠷᠤᠯᠴᠠᠵᠤ᠂ ᠨᠡᠯᠢᠶᠡᠳ ᠰᠠᠶᠢᠨ ᠬᠢᠷᠢ ᠪᠦᠳᠤᠮᠵᠢ ᠤᠯᠤᠨᠨᠰᠨᠨ ᠪᠠᠶᠢᠨ᠎ᠠ᠃     ᠨᠡᠶᠢᠬᠡᠮᠯᠢᠭ ᠤᠨ ᠬᠤᠵᠢᠮ ᠤᠨ ᠬᠠᠨᠳᠤᠰᠢ ᠶᠢᠨ ᠲᠤᠬᠠᠢ ᠡᠭᠡᠴᠢ ᠰᠠᠷᠠᠨᠴᠢᠮᠡᠭ ᠨᠢ᠄ ︽ᠨᠡᠶᠢᠬᠡᠮᠯᠢᠭ ᠢᠶᠠᠨ ᠦᠷᠬᠦᠯᠵᠢᠯᠡᠨ ᠰᠠᠶᠢᠬᠠᠨ ᠵᠤᠬᠢᠶᠠᠨ ᠪᠠᠶᠢᠭᠤᠯᠵᠤ᠂ ᠨᠡᠩ ᠤᠯᠠᠨ ᠤᠷᠤᠯᠳᠤᠭᠠᠨ ᠦᠷᠨᠢᠬᠦᠯᠤᠨ᠂ ᠮᠤᠷᠢ ᠤᠨᠤᠬᠤ ᠲᠤᠷᠠᠳᠡᠢ ᠡᠮᠡᠭᠳᠡᠶᠢᠴᠤᠤᠨ ᠢᠶᠠᠨ ᠵᠤᠷᠢᠨᠨᠵᠢᠭᠤᠯᠤᠨ ᠨᠡᠩ ᠤᠯᠠᠨ ᠭᠦᠮᠤᠨ ᠢ ᠨᠡᠶᠢᠭᠡᠮᠯᠢᠭ ᠲᠤ ᠤᠷᠤᠯᠴᠠᠭᠤᠯᠬᠤ ᠶᠢ ᠭᠦᠰᠡᠵᠤ ᠪᠠᠶᠢᠨ᠎ᠠ᠃ ᠪᠢᠳᠡ ᠢᠡᠭᠭᠢᠵᠤ ᠬᠢᠵᠤ ᠯᠠ ᠪᠠᠶᠢᠪᠠᠯ ᠮᠤᠷᠢ ᠤᠨᠤᠬᠤ ᠬᠦᠮᠤᠨ ᠴᠤ ᠤᠯᠠᠨ ᠪᠤᠯᠤᠨ᠎ᠠ᠂ ᠵᠠᠯᠠᠭᠤᠴᠤᠳ ᠴᠤ ᠠᠶᠠᠨᠳᠠᠭᠠᠨ ᠦᠪᠯᠡᠵᠤ ᠤᠯᠠᠮᠵᠢᠯᠠᠬᠤ ᠶᠤᠮ︾ ᠬᠡᠯ ᠎ᠠ᠃ ᠲᠡᠭᠦᠦ ᠤᠳᠤᠨᠴᠢᠮᠡᠭ ᠨᠢ᠄ ︽ᠪᠢ ᠤᠳᠤ ᠴᠤ ᠬᠡᠰᠡᠨ ᠡᠳᠤᠷ ᠪᠤᠯᠭᠠᠨ ᠮᠤᠷᠢ ᠪᠠᠨ ᠤᠨᠤᠭᠠᠳ ᠦᠬᠡᠷ ᠢᠶᠠᠨ ᠬᠠᠷᠢᠭᠤᠯᠳᠠᠭ᠂ ᠮᠢᠨᠤ ᠬᠤᠶᠠᠷ ᠦᠬᠢᠨ ᠴᠤ ᠬᠡᠰᠡᠨ ᠮᠤᠷᠢᠨ ᠳᠤ ᠲᠦᠢᠯ ᠤᠨ ᠪᠠᠭ᠋ᠠᠳᠡᠢ᠂ ᠶᠡᠭᠡ ᠦᠬᠢᠨ ᠮᠢᠨᠢ ᠰᠤᠷᠭᠠᠭᠤᠯᠢ ᠠᠴᠠ ᠬᠠᠷᠢᠵᠤ ᠢᠷᠡᠮᠡᠭᠴᠡ ᠮᠤᠷᠢ ᠲᠠᠢ ᠪᠠᠨ ᠨᠤᠴᠤᠯᠳᠤᠭᠠᠳ ᠤᠷᠤᠴᠢᠬᠠᠳᠠᠭ ᠪᠠᠶᠢᠨ᠎ᠠ᠂ ᠡᠶᠢᠮᠤ ᠠᠴᠠ ᠡᠨᠡ ᠰᠠᠶᠢᠬᠠᠨ ᠠᠳᠤᠭᠤᠨ ᠰᠤᠶᠤᠯ ᠢᠶᠠᠨ ᠦᠷ᠎ᠡ ᠠᠴᠢ ᠨᠠᠷ ᠲᠠᠭᠠᠨ ᠤᠯᠠᠮᠵᠢᠯᠠᠨ ᠦᠭᠴᠤ ᠨᠡᠶᠢᠬᠡᠮᠯᠢᠭ ᠢᠶᠠᠨ ᠦᠷᠭᠡᠳᠭᠡᠶ᠎ᠡ︾ ᠬᠡᠪᠡ᠃ ᠤᠢᠢᠯᠠᠭᠠᠨᠨᠰᠠᠨ ᠢᠶᠠᠷ᠂ ︽ᠽᠠᠨᠳᠡᠨ ᠭᠦᠷᠡᠩ︾᠂ ︽ᠭᠠᠨᠭ᠍ᠭᠠᠡᠭ ᠰᠢᠷᠭ᠎ᠠ︾ ᠵᠢᠷᠤᠭ᠎ᠠ ᠮᠤᠷᠢᠨ ᠤ ᠨᠡᠶᠢᠬᠡᠮᠯᠢᠭ ᠨᠢ ᠤᠷᠳᠤᠰ ᠲᠤ ᠪᠦᠰᠡᠭᠦᠢ ᠤᠶᠠᠭᠠᠴᠢᠳ ᠤᠨ ᠨᠡᠶᠢᠬᠡᠮᠯᠢᠭ ᠦᠬᠡᠢ ᠪᠠᠶᠢᠭᠰᠠᠨ ᠲᠡᠦᠬᠡ ᠶᠢ ᠡᠴᠦᠰᠯᠡᠬᠦᠯᠦᠭᠰᠡᠨ ᠪᠠᠶᠢᠨ᠎ᠠ᠃     ᠰᠠᠷᠡᠨᠴᠢᠮᠡᠭ᠂ ᠤᠳᠤᠨᠴᠢᠮᠡᠭ ᠬᠤᠶᠠᠭᠤᠯᠡ ᠪᠠᠨ ᠪᠤᠯ ᠪᠦᠷ ᠮᠠᠯᠴᠢᠨ ᠭᠦᠮᠤᠨ ᠪᠠᠶᠢᠭ᠎ᠠ᠂ ᠲᠡᠷᠡ ᠮᠦᠷᠳᠡᠭᠡᠨ ᠪᠦᠷ ᠮᠤᠷᠢᠨ ᠳᠠᠭᠠᠨ ᠬᠠᠶᠢᠷᠡᠳᠡᠢ ᠮᠠᠯᠴᠢᠨ ᠪᠦᠰᠡᠭᠦᠢ᠃ ᠤᠳᠤᠬᠠᠨ ᠳᠤ ᠲᠡᠳᠡᠨ ᠤ ᠪᠠᠯᠴᠢᠬᠡᠷ ᠨᠤᠳᠤᠭ ᠪᠠᠭ᠎ᠠ ᠤᠴᠢᠷ ᠠᠴᠠ ᠠᠶᠢᠯ ᠪᠤᠯᠭᠠᠨ ᠵᠦᠪᠬᠡᠨ ᠬᠤᠶᠠᠷ ᠵᠢᠷᠤᠭ᠎ᠠ ᠮᠤᠷᠢ ᠠᠷᠡᠴᠢᠯᠡᠵᠤ ᠪᠠᠶᠢᠨ᠎ᠠ᠃ ᠦᠥᠰᠢᠨ ᠵᠢᠷᠤᠭ᠎ᠠ ᠮᠤᠷᠢᠨ ᠤ ᠤᠶᠠᠭ᠎ᠠ ᠰᠦᠢᠯᠭ᠎ᠠ᠂ ᠠᠷᠠᠴᠢᠯᠠᠭ᠎ᠠ ᠲᠡᠵᠢᠬᠡᠯᠬᠡ ᠨᠢ ᠲᠠᠶᠢᠮᠤ ᠬᠢᠯᠪᠠᠷᠬᠠᠨ ᠶᠠᠪᠤᠳᠡᠯ ᠪᠢᠰᠢ᠃ ᠨᠢᠬᠡᠨ ᠰᠢᠯᠢᠳᠡᠭ ᠰᠠᠶᠢᠨ ᠵᠢᠷᠤᠭ᠎ᠠ ᠮᠤᠷᠢ ᠪᠤᠯᠵᠤ ᠪᠦᠷᠢᠯᠳᠤᠬᠦ ᠨᠢ ᠨᠢᠬᠡ ᠰᠠᠷ᠎ᠠ ᠶᠢᠨ ᠶᠠᠪᠤᠳᠠᠯ ᠴᠤ ᠪᠢᠰᠢ᠂ ᠬᠠᠷᠢᠨ ᠵᠢᠯ ᠤᠨ ᠲᠦᠷᠪᠡᠨ ᠤᠯᠠᠷᠢᠯ ᠤᠨ ᠡᠳᠦᠷ ᠲᠤᠷᠰᠢᠬᠢ ᠠᠷᠠᠴᠢᠯᠠᠭ᠎ᠠ ᠲᠤᠳᠤᠮᠳᠤᠯᠭ᠎ᠠ ᠳᠤ ᠰᠠᠭᠤᠷᠢᠯᠠᠨ᠎ᠠ᠃ ᠡᠶᠢᠮᠤ ᠠᠴᠠ ᠤᠷᠤᠯᠳᠤᠭᠠᠨ ᠳᠤ ᠤᠷᠤᠯᠴᠠᠬᠤ ᠦᠬᠡᠢ ᠴᠠᠭ ᠲᠤ ᠴᠤ ᠬᠡᠰᠡᠨ ᠡᠬᠡᠴᠢ ᠲᠠᠭᠦᠤ ᠬᠤᠶᠠᠭᠤᠯᠠ ᠪᠠᠨ ᠦᠷᠯᠤᠬᠡ ᠶᠢᠨ ᠨᠦᠢᠷ ᠢᠶᠠᠨ ᠬᠠᠶᠠᠵᠤ ᠡᠷᠳᠡᠯᠡᠨ ᠪᠤᠰᠴᠤ ᠰᠦᠢᠯᠭ᠎ᠠ ᠬᠢᠵᠤ᠂ ᠵᠢᠷᠤᠭ᠎ᠠ ᠮᠤᠷᠢ ᠪᠠᠨ ᠲᠠᠰᠬᠠᠯᠵᠢᠭᠤᠯᠵᠦ ᠪᠤᠯᠪᠠᠰᠤᠷᠠᠭᠤᠯᠳᠠᠭ᠃ ᠢᠡᠭᠬᠢᠵᠦ ᠬᠠᠳᠠᠭᠤᠵᠢᠯᠳᠡᠢ ᠪᠤᠯᠪᠠᠰᠤᠷᠠᠮᠠᠨᠵᠢᠨ ᠰᠠᠶ᠋ᠢ ᠤᠷᠤᠯᠳᠤᠭᠠᠨ ᠳᠤ ᠦᠨᠳᠤᠷ ᠠᠮᠵᠢᠯᠳᠡ ᠤᠯᠳᠠᠭ ᠠᠵᠢ᠃ ᠡᠨᠡ ᠤᠳᠠᠭᠠᠨ ᠤ ᠪᠠᠶᠠᠨᠭᠤᠤᠯ ᠳᠤ ᠪᠤᠯᠤᠨᠨᠰᠠᠨ ᠵᠢᠷᠤᠭ᠎ᠠ ᠮᠤᠷᠢᠨ ᠤ ᠤᠷᠤᠯᠳᠤᠭᠠᠨ ᠳᠤ ᠲᠡᠭᠦᠤ ᠤᠳᠤᠨᠴᠢᠮᠡᠭ ᠤᠨ ᠬᠠᠯᠳᠡᠷ ᠮᠤᠷᠢ ᠨᠢ ᠲᠡᠷᠢᠬᠦᠯᠡᠵᠤ᠂ ᠡᠭᠡᠴᠢ ᠰᠠᠷᠡᠨᠴᠢᠮᠡᠭ ᠤᠨ ᠴᠠᠪᠢᠳᠡᠷ ᠮᠤᠷᠢ ᠲᠦᠷᠪᠡᠳᠤᠬᠡᠷ ᠲᠤ ᠤᠷᠤᠵᠤ ᠰᠢᠯᠢᠳᠡᠭ ᠬᠢᠷᠢ ᠪᠦᠳᠤᠮᠵᠢ ᠤᠯᠵᠤ ᠴᠢᠳ᠋ᠬᠠᠰᠠᠨ ᠪᠠᠶᠢᠨ᠎ᠠ᠃     ᠦᠤᠰᠢᠨ ᠬᠤᠰᠢᠭᠤ ᠪᠤᠯ ᠤᠰᠤᠨ ᠵᠢᠷᠤᠭ᠎ᠠ ᠮᠤᠷᠢᠨ ᠤ ᠲᠬᠠᠱᠠᠨ ᠤᠷᠤᠨ᠂ ᠠᠳᠤᠭᠤᠨ ᠰᠤᠶᠤᠯ ᠤᠨ ᠲᠠᠷᠬᠠᠨ ᠦᠯᠤᠭᠡᠢ ᠬᠡᠳᠡᠭ᠃ ᠵᠢᠷᠤᠭ᠎ᠠ ᠮᠤᠷᠢᠨ ᠤ ᠰᠤᠶᠤᠯ ᠤᠨ ᠠᠳᠤᠭᠤᠨ ᠰᠤᠶᠤᠯ ᠢ ᠦᠪᠯᠡᠨ ᠤᠯᠠᠮᠵᠢᠯᠠᠬᠤ ᠳᠤ ᠦᠵᠡᠬᠦᠯᠦᠭᠰᠡᠨ ᠠᠴᠢ ᠲᠤᠰᠠ ᠶᠢ ᠦᠥᠰᠢᠨ ᠤ ᠵᠢᠷᠤᠭ᠎ᠠ ᠮᠤᠷᠢᠨ ᠰᠤᠶᠤᠯ ᠢ ᠬᠦᠭᠵᠢᠬᠦᠯᠬᠦ ᠶᠢᠨ ᠲᠦᠯᠦᠬᠡ ᠴᠢᠷᠮᠠᠶᠢᠭᠰᠠᠨ ᠵᠢᠷᠤᠭ᠎ᠠ ᠮᠤᠷᠢᠨ ᠪᠠᠭ᠋ᠠᠳᠠᠳ ᠤᠨ ᠬᠦᠳᠡᠯᠮᠦᠷᠢ ᠵᠢᠳᠬᠦᠯ ᠬᠡᠷᠡᠴᠢᠯᠡᠨ᠎ᠠ᠃ ᠦᠥᠰᠢᠨ ᠬᠤᠰᠢᠭᠤ ᠨᠢ ᠵᠢᠷᠤᠭ᠎ᠠ ᠮᠤᠷᠢᠨ ᠤᠷᠤᠯᠳᠤᠭᠠᠨ ᠢ ᠭᠠᠵᠠᠷ ᠤᠷᠤᠨ ᠳᠠᠭᠠᠨ ᠲᠤᠬᠢᠷᠠᠭᠤᠯᠤᠨ ᠬᠦᠭᠵᠢᠬᠦᠯᠦᠭᠰᠡᠬᠡᠷ ᠢᠷᠡᠭᠰᠡᠨ ᠪᠤᠯᠬᠤᠷ ᠪᠡᠯᠴᠢᠬᠡᠷ ᠤᠰᠤᠨ ᠤ ᠢᠪᠴᠤᠤᠷᠠᠯ ᠠᠴᠠ ᠪᠤᠯᠤᠭᠠᠳ ᠠᠳᠤᠭᠤᠨ ᠰᠤᠶᠤᠯ ᠤᠨ ᠤᠰᠠᠳᠴᠦ ᠰᠦᠨᠦᠬᠦ ᠶᠢ ᠬᠤᠷᠢᠭᠯᠠᠵᠦ ᠴᠢᠳᠠᠭᠰᠠᠨ ᠮᠦᠷᠳᠡᠬᠡᠨ ᠲᠦᠷᠪᠡᠨ ᠬᠦᠯ ᠤᠨ ᠬᠤᠸᠠᠷ ᠵᠢᠷᠤᠭ᠎ᠠ ᠪᠤᠯᠬᠤ ︽ᠦᠥᠰᠢᠨ ᠤᠰᠤᠨ ᠵᠢᠷᠤᠭ᠎ᠠ ᠮᠤᠷᠢᠨ︾ ᠤ ᠨᠡᠷᠡᠳᠦ ᠲᠡᠮᠳᠡᠭ ᠢ ᠡᠬᠦᠳᠦᠭᠰᠡᠨ ᠨᠢ ᠦᠥᠰᠢᠨᠴᠤᠳ ᠵᠢᠷᠤᠭ᠎ᠠ ᠮᠤᠷᠢ ᠪᠠᠨ ᠬᠦᠨᠳᠦᠳᠬᠡᠵᠦ ᠢᠷᠡᠭᠰᠡᠨ ᠲᠠᠢ ᠬᠤᠯᠪᠤᠭ᠎ᠠ ᠲᠠᠢ ᠶᠤᠮ ᠡ᠃     ᠪᠥᠰᠡᠭᠦᠢ ᠤᠶᠠᠭᠠᠴᠢᠳ ᠤᠨ ᠮᠠᠨᠢ ᠵᠢᠪᠬᠤᠭ᠎ᠠ ᠤᠯᠠᠮ ᠪᠠᠳᠠᠷᠠᠵᠤ᠂ ᠵᠢᠷᠤᠭ᠎ᠠ ᠮᠤᠷᠢᠴᠢᠳ ᠤᠨ ᠯᠥᠡᠭᠳᠡ ᠮᠠᠨᠳᠤᠬᠤ ᠪᠤᠯᠳᠤᠭᠠᠢ︕           ᠭᠤᠷᠪᠠᠨ ᠦᠶ᠎ᠡ ᠶᠢᠨ ᠤᠶᠠᠭᠠᠴᠢᠨ ᠠᠶᠢᠯ ᠤᠨ  ᠬᠢᠨ                 ᠮᠤᠷᠢ ᠨᠢ ᠠᠯᠢ ᠡᠷᠳᠡᠨ ᠠᠴᠠ ᠠᠪᠤᠭᠠᠳ ᠮᠠᠯᠴᠢᠳ ᠤᠨ ᠠᠳᠠᠯ ᠠᠮᠢᠳᠤᠷᠠᠯ ᠤᠨ ᠪᠠᠳᠤ ᠲᠦᠰᠢᠭ ᠪᠤᠯᠤᠭᠰᠠᠭᠠᠷ ᠢᠷᠡᠭᠰᠡᠨ ᠶᠤᠮ᠃ ᠦᠥᠰᠢᠨ ᠬᠤᠰᠢᠭᠤᠨ ᠤ ᠤᠯᠠᠭᠠᠨᠲᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠤ ᠮᠠᠯᠴᠢᠨ ᠴᠠᠭᠳᠤᠷᠰᠠᠷᠡᠩ ᠵᠢᠷᠤᠭ᠎ᠠ ᠮᠤᠷᠢ ᠲᠠᠢ ᠪᠠᠨ ᠰᠠᠯᠵᠦ ᠪᠤᠯᠤᠰᠢ ᠦᠬᠡᠢ ᠬᠤᠪᠢ ᠪᠠᠷᠢᠯᠳᠤᠯᠭ᠎ᠠ ᠲᠠᠢ ᠪᠤᠯᠵᠦ᠂ ᠤᠶᠠᠭᠠᠨ ᠲᠡᠭᠡᠷ ᠎ᠠ ᠨᠢ ᠠᠳᠤᠭᠤ ᠦᠵᠡᠭᠳᠡᠬᠦ ᠦᠬᠡᠢ ᠪᠤᠯ ᠰᠠᠳᠬᠢᠯ ᠨᠢ ᠡᠵᠡᠬᠦ᠋ᠢᠷᠡᠳᠡᠭ ᠪᠢᠯᠡ᠃ ᠤᠶᠠᠭᠠᠴᠢ ᠠᠪᠤ ᠴᠬᠠᠳᠤᠷᠰᠡᠷᠡᠩ ᠤᠨ ᠨᠦᠯᠦᠬᠡ ᠪᠠᠷ ᠲᠡᠬᠦᠨ ᠤ ᠨᠢᠬᠡ ᠭᠡᠷ ᠤᠨ ᠭᠤᠷᠪᠠᠨ ᠦᠶ᠎ᠠ ᠪᠠᠷ ᠢᠶᠠᠨ ᠪᠦᠷ ᠵᠢᠷᠤᠭ᠎ᠠ ᠮᠤᠷᠢᠨ ᠳᠤ ᠪᠠᠬ᠎ᠠ ᠲᠠᠢ ᠪᠤᠯᠵᠤ᠂ ᠮᠤᠷᠢᠨ ᠨᠢᠷᠤᠭᠤᠨ ᠲᠡᠭᠡᠷ᠎ᠠ ᠮᠤᠨᠳᠠᠭ᠎ᠠ ᠭᠡᠶᠢᠰᠭᠡᠵᠤ᠂ ᠮᠤᠩᠭᠤᠯ ᠬᠦᠮᠦᠨ ᠤ ᠭᠡᠶᠢᠮᠤᠷᠢ ᠪᠠᠨ ᠮᠠᠨᠳᠤᠭᠤᠯᠵᠤ ᠶᠠᠪᠤᠨ᠎ᠠ᠃     ᠴᠠᠭᠳᠤᠷᠰᠡᠷᠡᠩ ᠵᠤᠷᠰᠢᠯ ᠶᠤᠰᠤᠭᠠᠷ ᠦᠷᠯᠦᠬᠡ ᠡᠷᠳᠡᠯᠡᠨ ᠪᠤᠰᠴᠦ ᠮᠤᠷᠢᠨ ᠲᠠᠭᠤᠳᠠᠭᠤᠷ ᠲᠠᠭᠠᠨ ᠪᠤᠷᠳᠤᠭ᠎ᠠ ᠰᠠᠪᠠᠯᠠᠵᠦ ᠦᠪᠡᠷ ᠤᠨ ᠬᠠᠶᠢᠷᠠᠳᠡᠢ ᠮᠤᠷᠢ ᠪᠠᠨ ᠪᠡᠯᠴᠢᠬᠡᠷ ᠠᠴᠠ ᠪᠠᠨ ᠲᠠᠭᠤᠳᠠᠵᠦ ᠪᠤᠷᠳᠤᠭ᠎ᠠ ᠦᠭᠬᠦ ᠪᠠᠷ ᠲᠠᠶᠢᠵᠠᠭ ᠮᠠᠶᠢᠵᠠᠭ ᠠᠯᠬᠤᠯᠠᠬᠤ ᠳᠤ ᠡᠵᠡᠨ ᠢᠶᠠᠨ ᠦᠵᠡᠭᠰᠡᠨ ᠮᠤᠷᠢ ᠦᠷᠯᠦᠬᠡᠨ ᠤ ᠠᠶᠠᠭ᠎ᠠ ︽ᠪᠤᠷᠠᠮ︾ ᠢᠶᠠᠨ ᠢᠳᠡᠬᠦ ᠪᠠᠷ ᠬᠤᠯᠠ ᠠᠴᠠ ᠲᠠᠪᠬᠢᠨ ᠢᠷᠡᠨ᠎ᠠ᠃ ᠮᠤᠩᠭᠤᠯ ᠬᠦᠮᠦᠨ ᠮᠤᠷᠢ ᠬᠤᠶᠠᠷ ᠮᠦᠡᠭᠬᠡ ᠶᠢᠨ ᠪᠠᠷᠢᠯᠳᠤᠯᠭ᠎ᠠ ᠲᠠᠢ ᠬᠡᠳᠡᠭᠴᠢᠯᠡᠨ ᠮᠤᠷᠢ ᠨᠢ ᠪᠠᠰᠠ ᠡᠵᠡᠨ ᠳᠡᠭᠡᠨ ᠡᠬᠡᠯᠢᠳᠡᠢ᠃ ᠰᠤᠷᠭᠠᠭᠤᠯᠢ ᠰᠤᠶᠤᠯ ᠤᠨ ᠮᠦᠷ ᠢ ᠲᠤᠳᠠᠭᠤ ᠤᠷᠬᠢᠵᠦ᠂ ᠠᠬ᠎ᠠ ᠪᠡᠷᠬᠡᠨ ᠨᠢ ᠲᠡᠬᠦᠨ ᠢ ᠶᠡᠭᠡ ᠰᠤᠷᠭᠠᠭᠤᠯᠢ ᠶᠢᠨ ᠮᠦᠷ ᠢ ᠬᠦᠬᠡᠭᠡᠯᠬᠡᠬᠦ ᠬᠡᠵᠦ ᠰᠤᠷᠭᠠᠨ ᠬᠦᠮᠦᠵᠢᠬᠦᠯᠵᠦ ᠪᠠᠶᠢᠭᠰᠠᠨ ᠴᠦ ᠲᠡᠷᠡ ᠵᠦᠪᠬᠡᠨ ᠮᠤᠷᠢ ᠤᠨᠤᠬᠤ ᠲᠤᠷᠠᠳᠠᠢ᠂ ᠮᠤᠷᠢᠨ ᠨᠢᠷᠤᠭᠤᠨ ᠲᠡᠭᠡᠷ᠎ᠡ ᠦᠨᠳᠡᠶᠢᠬᠡᠳ ᠬᠠᠳᠠᠷᠢᠭᠤᠯᠬᠤ ᠠᠴᠠ ᠢᠯᠡᠬᠦᠦ ᠬᠡᠶᠢᠮᠦᠷᠢ ᠵᠢᠪᠬᠤᠭ᠎ᠠ ᠲᠠᠢ ᠶᠠᠪᠤᠳᠠᠯ ᠬᠡᠵᠤ ᠪᠠᠶᠢᠬᠤ ᠶᠤᠮ ᠤᠤ ᠬᠡᠵᠦ ᠪᠤᠳᠤᠨ ᠰᠤᠶᠤᠯ ᠤᠨ ᠮᠦᠷ ᠢ ᠲᠤᠳᠠᠭᠤ ᠤᠷᠬᠢᠨ ᠮᠠᠯᠴᠢᠨ ᠵᠠᠶᠠᠭ᠎ᠠ ᠪᠠᠨ ᠲᠡᠭᠡᠳᠦᠯᠡᠵᠦ᠂ 16 ᠨᠠᠰᠤᠨ ᠠᠴᠠ ᠪᠠᠨ ᠡᠬᠢᠯᠡᠵᠦ ᠵᠢᠷᠤᠭ᠎ᠠ ᠮᠤᠷᠢ ᠲᠠᠢ ᠬᠤᠪᠢ ᠵᠠᠶᠠᠭ᠎ᠠ ᠪᠠᠨ ᠬᠤᠯᠪᠤᠵᠦ ᠶᠠᠪᠤᠭᠰᠠᠨ ᠪᠠᠶᠢᠨ᠎ᠠ᠃     ᠨᠠᠰᠤ ᠪᠠᠷ ᠢᠶᠠᠨ ᠤᠶᠠᠭᠠᠴᠢ ᠶᠠᠪᠤᠭᠰᠠᠨ ᠴᠠᠭᠳᠤᠷᠰᠡᠷᠡᠩ ᠤᠨ ᠬᠡᠷ ᠪᠦᠯᠢ ᠶᠢᠨ ᠬᠢᠨ ᠴᠦ ᠪᠦᠷ ᠵᠢᠷᠤᠭ᠎ᠠ ᠮᠤᠷᠢᠨ ᠳᠤ ᠪᠬᠠᠠᠳᠠᠢ ᠬᠦᠮᠦᠰ ᠪᠠᠶᠢᠯ᠎ᠠ᠃ ᠬᠦᠦ᠂ ᠪᠡᠷᠢ᠂ ᠬᠡᠦᠬᠡᠨ᠂ ᠬᠦᠷᠬᠡᠨ᠂ ᠠᠴᠢ ᠵᠢᠬᠡ ᠬᠦᠷᠳᠡᠯ᠎ᠡ ᠭᠤᠷᠪᠠᠨ ᠦᠶ᠎ᠡ ᠪᠠᠷ ᠢᠶᠠᠨ ᠪᠦᠷ ᠵᠢᠷᠤᠭ᠎ᠠ ᠮᠤᠷᠢᠨ ᠳᠤ ᠪᠠᠭ᠋ᠠᠳᠠᠢ ᠪᠠᠶᠢᠯ᠎ᠠ᠃ ᠡᠨᠡ ᠡᠳᠦᠷ ᠠᠴᠢ ᠵᠢᠬᠡ ᠨᠡᠷ ᠨᠢ ᠰᠤᠷᠭᠠᠭᠤᠯᠢ ᠳᠤ ᠶᠠᠪᠤᠭᠰᠠᠨ ᠠᠴᠠ ᠭᠠᠳᠠᠨ᠎ᠠ ᠪᠤᠰᠤᠳ ᠨᠢ ᠪᠦᠷ ᠬᠦᠷᠤᠯᠴᠡᠨ ᠢᠷᠡᠵᠦ᠂ ᠦᠪᠡᠷ ᠦᠪᠡᠷ ᠤᠨ ᠵᠢᠷᠤᠭ᠎ᠠ ᠮᠤᠷᠢᠨ ᠤ ᠪᠠᠨ ᠲᠡᠯ ᠲᠤᠭᠤᠷᠡᠢ ᠡᠨᠡ ᠲᠡᠷᠡ ᠶᠢ ᠨᠢ ᠵᠠᠰᠠᠵᠦ ᠮᠠᠷᠭᠠᠰᠢ ᠶᠢᠨ ᠤᠲᠤᠭ ᠤᠨ ᠡᠮᠦᠨᠡᠳᠦ ᠬᠤᠰᠢᠭᠤᠨ ᠳᠤ ᠶᠠᠪᠤᠭᠳᠠᠬᠤ ᠭᠡᠵᠤ ᠪᠠᠶᠢᠭ᠎ᠠ ᠵᠢᠷᠤᠭ᠎ᠠ ᠮᠤᠷᠢᠨ ᠤ ᠤᠷᠤᠯᠳᠤᠭᠠᠨ ᠳᠤ ᠪᠡᠯᠡᠳᠬᠡᠯ ᠬᠢᠵᠦ ᠪᠠᠶᠢᠯ᠎ᠠ᠃ ᠴᠠᠭᠳᠤᠷᠰᠡᠷᠡᠩ ᠤᠨ ᠠᠶᠢᠯ ᠳᠤ ᠮᠤᠷᠳᠠᠬᠰᠠᠨ ᠬᠤᠶᠠᠷ ᠬᠡᠦᠬᠡᠨ ᠨᠢ ᠴᠦ ︽ᠽᠠᠨᠳᠠᠨ ᠬᠦᠷᠡᠩ︾᠂ ︽ᠭᠠᠨᠭ᠍ᠭᠠᠡᠭ ᠰᠢᠷᠭ᠎ᠠ︾ ᠭᠡᠰᠡᠨ ᠬᠤᠶᠠᠷ ᠪᠦᠰᠡᠬᠦᠢ ᠤᠶᠠᠭᠠᠴᠢᠳ ᠤᠨ ᠨᠡᠶᠢᠬᠡᠮᠯᠢᠭ ᠪᠠᠶᠢᠭᠤᠯᠵᠦ᠂ ᠲᠤᠰ ᠬᠤᠶᠠᠷ ᠨᠡᠶᠢᠬᠡᠮᠯᠢᠭ ᠲᠤ ᠨᠡᠶᠢᠳᠡ ᠵᠠᠭᠤ ᠭᠠᠷᠤᠢ ᠪᠦᠰᠡᠬᠦᠢ ᠤᠶᠠᠭᠠᠴᠢᠳ ᠲᠠᠢ ᠪᠤᠯᠤᠭᠰᠠᠨ ᠪᠠᠶᠢᠨ᠎ᠠ᠃     ᠴᠠᠭᠳᠤᠷᠰᠡᠷᠡᠩ ᠤᠨ ᠬᠦᠦ ᠡ᠊ᠡᠭᠬᠡ᠄ ︽ᠠᠪᠦ ᠮᠢᠨᠢ ᠮᠤᠷᠢᠨ ᠳᠤ ᠠᠷᠭ᠎ᠠ ᠦᠬᠡᠢ ᠪᠠᠭ᠋ᠠᠳᠠᠢ᠂ ᠲᠡᠬᠡᠬᠡᠳ ᠪᠢ ᠴᠦ ᠠᠪᠤ ᠪᠠᠨ ᠲᠠᠭᠠᠵᠦ ᠮᠤᠷᠢ ᠤᠨᠤᠭᠰᠠᠭᠠᠷ ᠪᠠᠶᠢᠵᠦ ᠮᠤᠷᠢᠨ ᠳᠤ ᠪᠠᠭ᠋ᠠᠳᠠᠢ ᠪᠤᠯᠤᠭᠰᠠᠨ᠃ ᠲᠤᠮᠳᠠᠳᠦ ᠰᠤᠷᠭᠠᠭᠤᠯᠢ ᠪᠠᠨ ᠲᠡᠭᠦᠰᠦᠮᠡᠭᠴᠡ ᠮᠤᠷᠢ ᠤᠨᠤᠵᠦ ᠤᠷᠤᠯᠳᠤᠭᠠᠨ ᠳᠤ ᠶᠠᠪᠤᠳᠠᠭ ᠪᠤᠯᠤᠭᠰᠠᠨ︾ ᠬᠡᠪᠡ᠃     ᠴᠠᠭᠳᠤᠷᠰᠡᠷᠡᠩ ᠤᠨ ᠶᠡᠭᠡ ᠬᠡᠦᠬᠡᠨ ᠰᠠᠷᠠᠨᠴᠢᠮᠡᠭ᠄ ︽ᠪᠢ 8 ᠨᠠᠰᠤᠨ ᠠᠴᠠ ᠪᠠᠨ ᠡᠬᠢᠯᠡᠵᠦ ᠠᠪᠤ ᠪᠠᠨ ᠲᠠᠭᠠᠵᠦ ᠮᠤᠷᠢ ᠤᠨᠤᠭᠰᠠᠨ᠃ ᠲᠤᠮᠳᠡ ᠨᠢ ᠪᠠᠰᠠ ᠬᠡᠰᠡᠭ ᠬᠤᠭᠤᠴᠠᠭ᠎ᠠ ᠤᠨᠤᠭᠰᠠᠨ ᠦᠬᠡᠢ᠃ ᠵᠠᠷᠢᠮ ᠳᠠᠭᠠᠨ ᠪᠠᠰᠠ ᠮᠤᠷᠢᠨ ᠠᠴᠠ ᠪᠠᠨ ᠤᠨᠠᠵᠦ ᠬᠡᠮᠳᠦᠵᠦ ᠪᠠᠶᠢᠳᠠᠭ ᠴᠤ ᠲᠠᠬᠢᠭᠠᠳ ᠪᠠᠰᠠ ᠤᠨᠤᠵᠦ ᠪᠠᠶᠢᠳᠠᠭ᠃ ᠶᠠᠭᠠᠬᠢᠭᠰᠠᠨ ᠴᠦ ᠵᠤᠷᠢᠭ ᠮᠤᠬᠤᠬᠤ ᠦᠬᠡᠢ᠂ ᠤᠳᠦ ᠴᠦ ᠬᠡᠰᠡᠨ ᠠᠳᠠᠯᠢᠬᠠᠨ᠂ ᠮᠤᠷᠢ ᠤᠨᠤᠬᠤ ᠶᠡᠭᠡ ᠲᠤᠷᠠᠳᠠᠢ︾ ᠬᠡᠵᠦ ᠪᠠᠶᠢᠯ ᠎ᠠ᠃ ᠴᠠᠭᠳᠤᠷᠰᠡᠷᠡᠩ ᠤᠨ ᠪᠠᠭ᠎ᠠ ᠬᠡᠦᠬᠡᠨ ᠤᠳᠤᠨᠴᠢᠮᠡᠭ᠄ ︽ᠮᠢᠨᠦ ᠤᠤᠯ ᠨᠤᠲᠤᠭ ᠤᠯᠠᠭᠠᠨᠲᠤᠯᠤᠭᠠᠢ ᠪᠠᠯᠭᠠᠰᠤᠨ ᠤ ᠪᠠᠶᠠᠨᠰᠢᠯᠢ ᠭᠠᠴᠠᠭ᠋ ᠎ᠠ᠃ ᠰᠡᠬᠦᠯᠡᠷ ᠨᠢ ᠪᠤᠵᠡᠢ ᠭᠠᠴᠠᠭᠠᠨ ᠳᠤ ᠠᠶᠢᠯ ᠤᠨ ᠪᠡᠷᠢ ᠪᠤᠯᠵᠦ ᠶᠠᠪᠤᠭᠰᠠᠨ ᠶᠤᠮ᠃ ᠮᠠᠨ ᠤ ᠬᠢᠨ ᠬᠤᠨᠢ ᠦᠬᠡᠷ ᠲᠤ ᠶᠠᠪᠤᠬᠤ ᠳᠤ ᠤᠳᠦ ᠴᠦ ᠬᠡᠰᠡᠨ ᠮᠤᠷᠢ ᠪᠠᠨ ᠤᠨᠤᠵᠦ ᠶᠠᠪᠤᠳᠠᠭ᠃ ᠬᠤᠶᠠᠷ ᠬᠡᠦᠬᠡᠨ ᠮᠢᠨᠢ ᠰᠤᠷᠭᠠᠭᠤᠯᠢ ᠴᠢᠯᠦᠬᠡ ᠲᠠᠯᠪᠢᠭᠠᠳ ᠢᠷᠡᠪᠡᠯ ᠮᠤᠷᠢ ᠲᠠᠢ ᠨᠤᠴᠤᠯᠳᠤᠵᠦ ᠲᠤᠭᠯᠠᠳᠠᠭ᠃ ᠪᠢ ᠮᠤᠷᠢ ᠤᠨᠤᠭᠠᠳ ᠠᠷᠪᠠᠨ ᠬᠡᠳᠦᠨ ᠵᠢᠯ ᠪᠤᠯᠵᠦ ᠪᠠᠶᠢᠨ᠎ᠠ᠂ ᠬᠡᠬᠦ ᠳᠤ ᠵᠢᠷᠤᠭ᠎ᠠ ᠮᠤᠷᠢᠨ ᠤ ᠤᠷᠤᠯᠳᠤᠭᠠᠨ ᠳᠤ ᠤᠷᠤᠯᠴᠠᠭᠠᠳ ᠬᠤᠶᠠᠷ ᠵᠢᠯ ᠢᠯᠡᠬᠦᠦ ᠪᠤᠯᠵᠦ ᠪᠠᠶᠢᠨ᠎ᠠ︾ ᠬᠡᠵᠦ ᠪᠠᠶᠢᠯ᠎ᠠ᠃     ᠴᠠᠭᠳᠤᠷᠰᠡᠷᠡᠩ᠄ ︽ᠮᠢᠨᠦ ᠬᠡᠦᠬᠡᠳ ᠤᠳ ᠪᠦᠷ ᠮᠤᠷᠢᠨ ᠨᠢᠷᠤᠭᠤᠨ ᠲᠡᠭᠡᠷ ᠎ᠠ ᠦᠰᠦᠭᠰᠡᠨ᠃ ᠡᠳᠡᠨ ᠢ ᠪᠠᠭ᠎ᠠ ᠪᠠᠶᠢᠬᠤ ᠳᠤ ᠪᠤᠷᠦ ᠮᠤᠷᠢ ᠮᠢᠨᠢ ᠪᠤᠷᠳᠤᠭ᠎ᠠ ᠪᠠᠨ ᠢᠳᠡᠬᠡᠳ ᠲᠠᠷᠠᠶᠢᠬᠡᠳ ᠬᠡᠪᠳᠡᠬᠦ ᠳᠤ ᠬᠡᠦᠬᠡᠳ ᠤᠳ ᠮᠢᠨᠢ᠂ ᠪᠠᠰᠠ ᠬᠡᠳᠦᠨ ᠬᠤᠷᠠᠭ᠎ᠠ ᠢᠰᠢᠬᠡ ᠪᠦᠷ ᠲᠡᠭᠡᠷ᠎ᠡ ᠨᠢ ᠭᠠᠷᠴᠦ ᠬᠡᠪᠳᠡᠵᠦ ᠲᠤᠭᠯᠠᠵᠦ ᠨᠠᠭᠠᠳᠤᠳᠠᠭ ᠪᠠᠶᠢᠯ᠎ᠠ᠃ ᠤᠳᠤ ᠠᠴᠢ ᠵᠢᠬᠡ ᠨᠡᠷ ᠪᠠᠰᠠ ᠮᠤᠷᠢ ᠤᠨᠤᠬᠤ ᠲᠤᠷᠠᠳᠡᠢ᠃ ᠡᠮᠡᠬᠡᠨ ᠮᠢᠨᠢ ᠴᠦ ᠮᠤᠷᠢᠨ ᠳᠤ ᠪᠠᠭ᠋ᠠᠳᠠᠢ᠂ ᠪᠢᠳᠡ ᠬᠤᠶᠠᠷ ᠪᠦᠷ ᠮᠠᠯᠴᠢᠨ ᠬᠦᠮᠦᠨ᠃ ᠪᠢ ᠮᠤᠷᠢ ᠪᠠᠨ ᠪᠠᠰᠠ ᠭᠡᠷ ᠤᠨ ᠨᠢᠭᠡ ᠪᠦᠷᠢᠯᠳᠦᠬᠦᠨ᠂ ᠬᠡᠦᠬᠡᠳ ᠲᠠᠢ ᠪᠠᠨ ᠠᠳᠠᠯᠢᠬᠠᠨ ᠢᠶᠠᠷ ᠦᠵᠡᠵᠦ ᠬᠠᠶᠢᠷᠠᠯᠠᠳᠠᠭ᠃ ᠮᠤᠷᠢ ᠲᠡᠵᠢᠬᠡᠬᠦ ᠳᠤ ᠮᠠᠰᠢ ᠶᠡᠭᠡ ᠲᠡᠰᠪᠦᠷᠢ ᠬᠡᠷᠡᠭ ᠲᠠᠢ᠃ ᠪᠢ ᠮᠤᠷᠢᠨ ᠤ ᠪᠠᠨ ᠢᠳᠡᠰᠢ ᠪᠤᠷᠳᠤᠭ᠎ᠠ ᠶᠢ ᠨᠢ ᠲᠡᠩᠴᠡᠬᠦᠯᠬᠦ ᠠᠴᠠ ᠭᠠᠳᠠᠨ᠎ᠠ ᠪᠤᠯᠪᠠᠰᠤᠷᠠᠯ ᠲᠠᠰᠬᠠᠯᠵᠢᠭᠤᠯᠤᠯᠳᠡ ᠶᠢ ᠴᠠᠭ ᠢᠮᠠᠭᠳᠠ ᠪᠠᠷᠢᠮᠳᠠᠯᠠᠵᠦ ᠂ ᠰᠦᠨᠢ ᠶᠢᠨ 10 ᠴᠠᠭ ᠭᠠᠷᠤᠢ ᠳᠤ ᠪᠤᠰᠴᠦ ᠤᠰᠤᠯᠠᠳᠠᠭ᠃ ᠶᠤᠰᠤᠳᠠᠢ ᠬᠡᠦᠬᠡᠳ ᠠᠰᠠᠷᠠᠬᠤ ᠠᠴᠠ ᠢᠯᠡᠬᠦᠦ ᠬᠦᠴᠦ ᠲᠠᠯᠪᠢᠳᠠᠭ᠂ ᠬᠡᠳᠦᠢ ᠶᠠᠳᠠᠷᠠᠵᠦ ᠵᠦᠳᠡᠷᠡᠭᠰᠡᠨ ᠴᠦ ᠦᠪᠡᠷ ᠢᠶᠠᠨ ᠲᠤᠷᠠᠳᠡᠢ ᠪᠤᠯᠬᠤᠷ ᠵᠢᠷᠭᠠᠯᠳᠡᠢ ᠰᠠᠨᠠᠭᠳᠠᠳᠠᠭ ᠃ ᠮᠤᠷᠢ ᠦᠬᠡᠢ ᠪᠠᠰᠠ ᠬᠤᠶᠠᠷ ᠰᠠᠷ᠎ᠠ ᠶᠢ ᠦᠡᠭᠬᠡᠷᠡᠵᠦ ᠦᠵᠡᠯ᠎ᠡ᠂ ᠶᠤᠰᠤᠳᠡᠢ ᠰᠡᠳᠬᠢᠯ ᠡᠵᠡᠬᠦ᠋ᠢᠷᠡᠬᠡᠳ ᠢᠷᠡᠳᠡᠭ ᠶᠤᠮ ᠪᠠᠶᠢᠨ᠎ᠠ ᠯᠠᠢ᠃ ᠡᠶᠢᠮᠦ ᠠᠴᠠ ᠮᠤᠷᠢ ᠮᠢᠨᠦ ᠠᠮᠢ ᠨᠠᠰᠦ ᠲᠠᠢ ᠠᠳᠠᠯᠢᠬᠠᠨ︾ ᠬᠡᠵᠦ ᠲᠤᠭᠳᠤᠯᠤᠨ ᠶᠠᠷᠢᠯ᠎ᠠ᠃     ᠮᠤᠷᠢᠨ ᠨᠢᠷᠤᠭᠤᠨ ᠲᠡᠭᠡᠷ ᠎ᠠ ᠬᠠᠭᠠᠰ ᠵᠠᠭᠤᠨ ᠢ ᠦᠡᠭᠬᠡᠷᠡᠬᠡᠵᠦ᠂ ᠮᠤᠩᠭᠤᠯ ᠮᠤᠷᠢ ᠮᠢᠨᠢ ᠬᠡᠰᠡᠨ ᠴᠠᠭᠳᠤᠷᠰᠡᠷᠡᠩ ᠭᠤᠸᠠᠢ ᠶᠢᠨ ᠦᠷᠦᠪᠴᠢᠬᠡᠨ ᠰᠡᠳᠬᠢᠯ᠂ ᠲᠤᠷ᠎ᠠ ᠪᠠᠬ᠎ᠠ ᠨᠢ ᠬᠡᠦᠬᠡᠳ ᠦᠷ᠎ᠡ ᠳᠤᠨᠢ ᠦᠶ᠎ᠡ ᠲᠠᠮᠵᠢᠨ ᠤᠯᠠᠮᠵᠢᠯᠠᠭᠳᠠᠨ᠂ ᠭᠤᠷᠪᠠᠨ ᠦᠶ᠎ᠡ ᠶᠢᠨ ᠤᠶᠠᠭᠠᠴᠢ ᠠᠶᠢᠯ ᠤᠨ ᠬᠡᠶᠢᠮᠦᠷᠢ ᠵᠢᠪᠬᠤᠭ᠎ᠠ ᠪᠠᠳᠠᠷᠠᠩᠬᠠᠨ ᠶᠠᠪᠤᠨ᠎ᠠ᠃          ᠦᠥᠰᠢᠨ ᠠᠳᠤᠭᠤᠨ ᠤ ᠤᠳᠤᠮ ᠢ ᠬᠠᠮᠠᠭᠠᠯᠠᠨ ᠬᠦᠭᠵᠢᠬᠦᠯᠦᠭᠴᠢ — ᠴᠢᠮᠡᠳᠳᠤᠷᠵᠢ                ᠤᠷᠳᠤᠰ ᠮᠤᠷᠢᠨ ᠰᠤᠶᠤᠯ ᠬᠡᠭᠴᠢ ᠦᠪᠡᠷᠮᠢᠴᠡ ᠤᠨᠴᠠᠯᠢᠭ ᠲᠠᠢ᠂ ᠤᠷᠤᠨ ᠨᠤᠲᠤᠭ ᠤᠨ ᠬᠡᠪ ᠨᠠᠮᠪᠠ ᠲᠠᠢ ᠬᠤᠪᠤᠷ ᠨᠠᠨᠳᠢᠨ ᠰᠤᠶᠤᠯ ᠪᠤᠯᠬᠤ ᠶᠤᠮ᠃ ᠤᠷᠳᠤᠰ ᠮᠤᠷᠢ ᠪᠡᠶ᠎ᠡ ᠪᠠᠭ᠎ᠠ᠂ ᠲᠠᠮᠢᠷ ᠰᠠᠶᠢᠳᠠᠢ᠂ ᠬᠤᠷᠳᠤᠨ ᠬᠦᠶᠦᠳᠡᠯ ᠲᠠᠢ᠂ ᠲᠠᠰᠪᠦᠷᠢᠳᠡᠢ᠂ ᠭᠠᠨᠭ᠌ ᠬᠠᠭᠤᠷᠠᠢ ᠤᠷᠤᠨ ᠳᠤ ᠵᠤᠬᠢᠴᠠᠬᠤ ᠴᠢᠳᠠᠪᠤᠷᠢ ᠪᠠᠷ ᠰᠠᠶᠢᠨ ᠵᠡᠷᠬᠡ ᠲᠤᠪᠤᠶᠢᠮ᠎ᠠ ᠤᠨᠴᠠᠯᠢᠭ ᠲᠠᠢ ᠪᠠᠶᠢᠳᠠᠭ᠃ ᠤᠢᠢᠷ᠎ᠠ ᠶᠢᠨ ᠵᠢᠯ ᠠᠴᠠ ᠤᠯᠠᠩᠭᠢ ᠠᠶᠢᠯ ᠡᠷᠦᠬᠡ ᠵᠠᠬ᠎ᠠ ᠳᠡᠯᠬᠡᠬᠦᠷ ᠤᠨ ᠬᠡᠷᠡᠭᠴᠡᠭᠡ ᠱᠠᠭᠠᠷᠳᠠᠯᠭ᠎ᠠ ᠠᠴᠠ ᠪᠤᠯᠵᠤ ᠡᠬᠦᠯᠳᠡᠷ ᠤᠨ ᠮᠤᠷᠢ ᠶᠢ ᠠᠷᠠᠴᠢᠯᠠᠨ ᠲᠡᠵᠢᠬᠡᠬᠦ ᠨᠢ ᠤᠯᠠᠰᠢᠷᠠᠭᠰᠠᠨ ᠪᠠᠶᠢᠯ᠎ᠠ᠃ ᠡᠶᠢᠮᠤ ᠪᠠᠶᠢᠳᠠᠯ ᠳᠤ ᠭᠠᠯᠠᠭᠤᠳᠦ ᠪᠠᠯᠭᠠᠰᠦ ᠪᠠᠷ ᠨᠤᠲᠤᠭ ᠲᠠᠢ ᠠᠳᠢᠶ᠎ᠠ ᠬᠠᠷᠢᠨ ᠴᠡᠪᠡᠷ ᠡᠬᠦᠯᠳᠡᠷ ᠤᠨ ᠦᠤᠰᠢᠨ ᠮᠤᠷᠢ ᠶᠢ ᠬᠠᠮᠠᠭᠠᠯᠠᠨ ᠦᠷᠡᠵᠢᠬᠦᠯᠵᠤ᠂ ᠤᠷᠤᠨ ᠨᠤᠲᠤᠭ ᠤᠨ ᠤᠤᠭᠠᠯ ᠰᠤᠶᠤᠯ ᠢᠶᠠᠨ ᠠᠪᠴᠤ ᠦᠯᠡᠳᠡᠭᠡᠭᠰᠡᠨ ᠨᠢ ᠪᠠᠭ᠋ᠠᠷᠬᠠᠭᠤᠰᠢᠲᠠᠢ᠃ ᠢᠡᠭᠭᠢᠭᠰᠡᠨ ᠠᠴᠠ ᠲᠡᠭᠦᠨ ᠤ ᠬᠦᠤ ᠴᠢᠮᠡᠳᠳᠤᠷᠵᠢ ᠨᠢ ᠴᠤ ᠬᠠᠷᠠᠬᠠᠨ ᠪᠠᠭ᠎ᠠ ᠠᠴᠠ ᠪᠠᠨ ᠤᠳᠤᠮ ᠤᠬᠰᠠᠭ᠎ᠠ ᠶᠢ ᠲᠠᠨᠢᠬᠤ ᠬᠢᠷᠠᠬᠠᠢ ᠨᠢᠳᠦ ᠪᠠ ᠪᠠᠶᠠᠯᠢᠭ ᠲᠤᠷᠰᠢᠯᠭ᠎ᠠ ᠲᠠᠢ ᠪᠤᠯᠵᠤ᠂ ᠮᠤᠷᠢᠨ ᠤ ᠲᠤᠬᠠᠢ ᠶᠤᠰᠤ ᠤᠴᠢᠷ ᠵᠢᠷᠤᠮ ᠭᠤᠷᠢᠮ᠂ ᠦᠡᠭᠬᠡ ᠵᠢᠰᠤᠮ᠂ ᠬᠦᠶᠤᠳᠠᠯ ᠪᠠᠷᠢᠳᠠᠯ ᠢ ᠶᠠᠷᠢᠬᠤ ᠪᠠᠷ ᠶᠢᠨ ᠦᠬᠡ ᠵᠤᠭᠤᠭ ᠲᠡᠯᠬᠡᠭᠳᠡᠨ᠎ᠠ     ᠰᠤᠷᠪᠤᠯᠵᠢᠯᠠᠭᠴᠢ᠄ ᠲᠠᠨ ᠤ ᠬᠢᠨ ᠦᠥᠰᠢᠨ ᠠᠳᠤᠭᠤᠨ ᠤ ᠤᠳᠤᠮ ᠢ ᠬᠡᠷᠬᠢᠨ ᠬᠠᠮᠠᠭᠠᠯᠠᠵᠦ ᠪᠠᠶᠢᠬᠤ ᠪᠤᠢ︖     ᠴᠢᠮᠡᠳᠳᠤᠷᠵᠢ᠄ ᠲᠡᠭᠡᠷ ᠎ᠠ ᠱᠠᠳᠤᠨ ᠠᠴᠠ ᠶᠡᠭᠡ ᠪᠠᠷ ᠬᠦᠴᠦ ᠲᠠᠯᠪᠢᠵᠦ ᠦᠥᠰᠢᠨ ᠠᠳᠤᠭᠤ ᠶᠢ ᠴᠢᠰᠦ ᠬᠤᠯᠢᠷᠠᠭᠤᠯᠬᠤ ᠦᠬᠡᠢ ᠤᠭ ᠤᠳᠤᠮ ᠢᠶᠠᠷ ᠨᠢ ᠪᠠᠶᠢᠬᠤ ᠶᠢ ᠬᠠᠮᠠᠭᠠᠯᠠᠵᠦ ᠪᠤᠢ᠂ ᠲᠡᠭᠡᠬᠦᠯᠡᠷ ᠮᠢᠨᠦ ᠡᠨᠡ 80 ᠭᠠᠷᠤᠢ ᠠᠳᠤᠭᠤᠨ ᠳᠤ ᠴᠢᠰᠦ ᠬᠤᠯᠢᠷᠠᠭᠰᠠᠨ ᠠᠳᠤᠭᠤ ᠶᠡᠷᠦᠳᠡᠬᠡᠨ ᠪᠠᠶᠢᠬᠤ ᠦᠬᠡᠢ᠂ ᠭᠠᠳᠠᠨ᠎ᠠ ᠠᠴᠠ ᠰᠠᠶᠢᠨ ᠡᠬᠦᠯᠳᠡᠷ ᠤᠨ ᠠᠵᠢᠷᠭ᠎ᠠ ᠶᠢ ᠰᠦᠷᠦᠭ ᠲᠡᠭᠡᠨ ᠤᠷᠤᠭᠤᠯᠵᠦ ᠲᠠᠯᠪᠢᠬᠤ ᠶᠢ ᠡᠷᠡᠰ ᠬᠤᠷᠢᠭᠯᠠᠨ᠎ᠠ᠃ ᠮᠠᠨ ᠤ ᠬᠢᠨ ᠤ ᠠᠳᠤᠭᠤ ᠪᠦᠷ ᠤᠳᠤᠮ ᠤᠨ ᠲᠠᠩᠰᠠ ᠲᠠᠢ᠂ ᠪᠢᠳᠡ ᠡᠨᠡ ᠲᠠᠩᠰᠠ ᠲᠡᠭᠡᠷ ᠎ᠠ ᠪᠠᠨ ᠠᠳᠤᠭᠤᠨ ᠤ ᠤᠭ ᠤᠳᠤᠮ᠂ ᠦᠡᠭᠬᠡ ᠵᠢᠰᠤᠮ ᠵᠡᠷᠬᠡ ᠶᠢ ᠨᠠᠷᠢᠨ ᠨᠢᠬᠳᠡ ᠲᠡᠮᠳᠡᠭᠯᠡᠵᠦ ᠪᠠᠶᠢᠨ᠎ᠠ᠃ ᠠᠳᠤᠭᠤᠨ ᠤ ᠬᠦᠵᠦᠬᠦᠨ ᠤ ᠬᠡᠰᠡᠭ ᠲᠤ ᠡᠯᠧᠺᠲᠷᠤᠨ ᠺᠠᠷᠲ ᠵᠤᠬᠢᠶᠠᠵᠦ᠂ ᠰᠢᠷᠪᠢᠬᠦ ᠮᠠᠰᠢᠨ ᠢᠶᠠᠷ ᠢᠶᠠᠨ ᠨᠢᠬᠡ ᠰᠢᠷᠪᠢᠪᠠᠯ ᠠᠳᠤᠭᠤᠨ ᠤ ᠨᠠᠷᠢᠨ ᠲᠠᠩᠰᠠ ᠢᠯᠡᠷᠡᠳᠡᠭ ᠶᠤᠮ᠃ ᠲᠤᠰᠬᠠᠢ ᠮᠡᠷᠬᠡᠵᠢᠯᠳᠡᠨ ᠠᠴᠠ ᠡᠶᠢᠮᠦ ᠨᠠᠷᠢᠯᠢᠭ ᠰᠠᠶᠢᠬᠠᠨ ᠤᠳᠤᠮ ᠤᠨ ᠲᠠᠩᠰᠠ ᠶᠢ ᠵᠤᠬᠢᠶᠠᠵᠦ ᠦᠭᠬᠦᠭᠰᠠᠨ ᠶᠣᠮ ᠬᠡᠵᠦ ᠪᠠᠶᠠᠷᠳᠡᠶᠢᠬᠠᠨ ᠶᠠᠷᠢᠬᠤ ᠶᠢᠨ ᠵᠡᠷᠬᠡ ᠪᠠᠷ ᠰᠢᠷᠪᠢᠬᠦ ᠮᠠᠰᠢᠨ ᠢᠶᠠᠨ ᠠᠪᠴᠦ ᠨᠢᠬᠡ ᠬᠦᠷᠡᠩ ᠮᠤᠷᠢᠨ ᠤ ᠬᠦᠵᠦᠬᠦᠨ ᠳᠤ ᠤᠢᠢᠷᠠᠳᠣᠭᠤᠯᠤᠨ ᠰᠢᠷᠪᠢᠬᠦ ᠳᠤ ᠲᠤᠰ ᠮᠤᠷᠢᠨ ᠤ ᠦᠡᠭᠬᠡ ᠵᠢᠰᠤᠮ᠂ ᠤᠨᠠᠭ᠎ᠠ ᠲᠠᠭ᠎ᠠ᠂ ᠨᠠᠰᠦ ᠰᠢᠳᠦ ᠂ ᠡᠯᠧᠺᠲᠷᠤᠨ ᠺᠠᠷᠲ ᠤᠨ ᠨᠤᠮᠧᠷ ᠵᠡᠷᠬᠡ ᠨᠢ ᠪᠦᠷ ᠰᠠᠶᠢᠬᠠᠨ ᠲᠡᠮᠳᠡᠭᠯᠡᠭᠳᠡᠵᠦ ᠪᠠᠶᠢᠯ᠎ᠠ᠃     ᠴᠢᠮᠡᠳᠳᠤᠷᠵᠢ ᠦᠥᠰᠢᠨ ᠠᠳᠤᠭᠤᠨ ᠤ ᠤᠳᠤᠮ ᠤᠭᠰᠠᠭ᠎ᠠ ᠶᠢ ᠬᠠᠮᠠᠭᠠᠯᠠᠨ ᠠᠪᠴᠦ ᠶᠠᠪᠤᠬᠤ ᠠᠴᠠ ᠭᠠᠳᠠᠨ᠎ᠠ ᠪᠠᠰᠠ ᠠᠳᠤᠭᠤᠨ ᠤ ᠠᠵᠦ ᠦᠢᠯᠡᠰ ᠡᠷᠬᠢᠯᠡᠵᠦ ᠤᠷᠤᠯᠭ᠎ᠠ ᠪᠠᠨ ᠨᠡᠮᠡᠭᠳᠡᠬᠦᠯᠵᠦ ᠶᠠᠪᠤᠳᠠᠭ ᠪᠠᠶᠢᠨ᠎ᠠ᠃ ᠴᠢᠮᠡᠳᠳᠤᠷᠵᠢ ᠶᠢᠨ ᠠᠪᠤ ᠠᠳᠢᠶ᠎ᠠ ᠶᠢᠨ ᠬᠢᠨ ᠠᠳᠤᠭᠤᠨ ᠤ ᠠᠵᠦ ᠦᠢᠯᠡᠰ ᠡᠷᠬᠢᠯᠡᠭᠡᠳ ᠨᠢᠬᠡᠨᠳᠡ 20 ᠭᠠᠷᠤᠢ ᠵᠢᠯ ᠪᠤᠯᠵᠦ᠂ ᠴᠡᠭᠡ ᠪᠠᠷ ᠪᠡᠶ᠎ᠡ ᠰᠤᠪᠢᠯᠠᠬᠤ ᠤᠨᠴᠠᠭᠠᠢ ᠠᠰᠢᠭ ᠢ ᠡᠷᠳᠡ ᠠᠴᠠ ᠲᠠᠨᠢᠭᠰᠠᠨ ᠪᠠᠶᠢᠵᠡᠢ᠃       ᠰᠤᠷᠪᠤᠯᠵᠢᠯᠠᠬᠴᠢ᠄ ᠠᠳᠤᠭᠤᠨ ᠤ ᠠᠵᠦ ᠦᠢᠯᠡᠰ ᠢ ᠶᠠᠭᠠᠬᠢᠵᠦ ᠡᠷᠬᠢᠯᠡᠵᠦ ᠪᠠᠶᠢᠭ᠎ᠠ ᠲᠠᠯ᠎ᠠ ᠪᠠᠷ ᠶᠠᠷᠢᠨ᠎ᠠ ᠤᠤ︖     ᠴᠢᠮᠡᠳᠳᠤᠷᠵᠢ᠄ ᠡᠳᠦᠬᠡ ᠮᠠᠨ ᠤ ᠬᠢᠨ ᠨᠡᠶᠢᠳᠡ 80 ᠭᠠᠷᠤᠢ ᠦᠥᠰᠢᠨ ᠠᠳᠤᠭᠤ ᠶᠢ ᠠᠷᠠᠴᠢᠯᠠᠵᠤ ᠪᠠᠶᠢᠨ᠎ᠠ᠂ ᠡᠭᠦᠨ ᠳᠤ ᠤᠨᠠᠭᠠᠯᠠᠬᠤ ᠨᠠᠰᠤᠨ ᠤ ᠬᠡᠬᠦᠦ 62 ᠪᠤᠢ᠂ ᠪᠠᠰᠠ 20 ᠭᠠᠷᠤᠢ ᠠᠵᠢᠷᠭ᠎ᠠ ᠲᠠᠢ᠃ ᠠᠪᠦ ᠶᠢᠨ ᠦᠶ᠎ᠡ ᠠᠴᠠ ᠡᠷᠬᠢᠯᠡᠬᠡᠳ ᠢᠷᠡᠭᠰᠡᠨ ᠠᠳᠤᠭᠤᠨ ᠤ ᠦᠢᠯᠡᠰ ᠢ ᠪᠢᠳᠡ ᠵᠠᠯᠭᠠᠮᠵᠢᠯᠠᠵᠦ ᠬᠢᠭᠡᠳ 8 ᠵᠢᠯ ᠢᠯᠡᠬᠦᠦ ᠪᠤᠯᠪᠠ ᠃ ᠪᠢᠳᠡ ᠨᠢᠬᠡ ᠵᠢᠩ ᠴᠡᠭᠡ ᠪᠠᠨ 20 — — 25 ᠲᠦᠭᠦᠷᠢᠭ ᠢᠶᠠᠷ ᠪᠤᠷᠤᠯᠠᠭᠤᠯᠳᠠᠭ᠃ ᠡᠳᠦᠬᠡ ᠭᠤᠤᠯᠳᠠᠭᠤ ᠴᠠᠭᠠᠨ ᠢᠳᠡᠬᠡᠨ ᠤ ᠲᠡᠯᠬᠡᠬᠦᠷ ᠲᠤ ᠲᠠᠯᠪᠢᠵᠦ ᠪᠤᠷᠤᠯᠠᠭᠤᠯᠬᠤ ᠪᠤᠶᠤ ᠲᠠᠨᠢᠳᠠᠭ ᠨᠠᠶᠢᠵᠠ ᠨᠦᠬᠦᠳ ᠲᠡᠭᠡᠨ ᠦᠭᠴᠦ ᠪᠤᠷᠤᠯᠠᠭᠤᠯᠵᠤ ᠪᠠᠶᠢᠨ᠎ᠠ᠃ ᠴᠡᠭᠡ ᠶᠢᠨ ᠪᠤᠷᠤᠯᠠᠭᠤᠯᠭ᠎ᠠ ᠶᠢᠨ ᠲᠠᠯ᠎ᠠ ᠪᠠᠷ ᠬᠦᠴᠢᠷᠳᠡᠯ ᠲᠤᠯᠭᠠᠷᠠᠵᠤ ᠪᠠᠶᠢᠨ᠎ᠠ᠂ ᠵᠤᠨ ᠴᠠᠭ ᠪᠤᠯᠤᠭᠰᠠᠭᠠᠷ ᠡᠳᠦᠷ ᠤᠨ ᠴᠡᠭᠡ ᠪᠠᠨ ᠡᠳᠦᠷ ᠲᠡᠭᠡᠨ ᠪᠤᠷᠤᠯᠠᠭᠤᠯᠵᠦ ᠪᠠᠷᠠᠬᠤ ᠦᠬᠡᠢ ᠠᠰᠠᠭᠤᠳᠠᠯ ᠭᠠᠷᠳᠠᠭ ᠬᠡᠵᠦ ᠪᠠᠶᠢᠯ ᠎ᠠ᠃     ᠰᠤᠷᠪᠤᠯᠵᠢᠯᠬᠠᠴᠢ᠄ ᠨᠢᠬᠡ ᠬᠡᠬᠦᠦ ᠠᠴᠠ ᠨᠢᠬᠡ ᠡᠳᠦᠷ ᠪᠠᠷᠤᠭ ᠬᠡᠳᠤᠨ ᠵᠢᠩ ᠰᠦ ᠰᠠᠭᠠᠳᠠᠭ ᠪᠤᠢ︖ ᠠᠰᠢᠭ ᠤᠷᠤᠯᠭ᠎ᠠ ᠨᠢ ᠬᠢᠷᠢ ᠵᠡᠷᠭᠡ ᠪᠤᠢ︖     ᠴᠢᠮᠡᠳᠳᠤᠷᠵᠢ ᠶᠢᠨ ᠠᠪᠤ ᠠᠳᠢᠶ᠎ᠠ᠄ ᠨᠢᠬᠡ ᠬᠡᠬᠦᠦ ᠤᠨᠠᠭᠠᠯᠠᠭᠠᠳ ᠲᠠᠬᠢᠨ ᠬᠡᠬᠡᠯ ᠠᠪᠤᠭᠠᠳ ᠰᠦ ᠨᠢ ᠰᠢᠷᠬᠢᠳᠡᠯ᠎ᠡ ᠪᠠᠷᠤᠭ 5 — 6 ᠰᠠᠷ᠎ᠠ ᠶᠢᠨ ᠬᠤᠭᠤᠴᠠᠭ᠎ᠠ ᠬᠡᠷᠡᠭᠯᠡᠳᠡᠭ᠃ ᠡᠨᠡ ᠬᠤᠭᠤᠴᠠᠭᠠᠨ ᠳᠤ ᠭᠤᠷᠪᠠᠨ ᠰᠠᠷ᠎ᠠ ᠢᠯᠡᠬᠦᠦ ᠰᠠᠭᠠᠵᠦ ᠪᠤᠯᠳᠠᠭ᠃ ᠨᠢᠬᠡ ᠬᠡᠬᠦᠦ ᠠᠴᠠ ᠡᠳᠤᠷ ᠲᠤ ᠪᠠᠷᠤᠭ 5 ᠵᠢᠩ ᠰᠦ ᠰᠠᠭᠠᠳᠠᠭ᠂ ᠨᠢᠬᠡ ᠵᠢᠩ ᠰᠦ ᠶᠢ 20 ᠭᠠᠷᠤᠢ ᠲᠦᠬᠦᠷᠢᠭ ᠢᠶᠠᠷ ᠬᠤᠳᠠᠯᠳᠤᠪᠠᠯ ᠨᠢᠬᠡ ᠬᠡᠬᠦᠦ ᠠᠴᠠ ᠭᠤᠷᠪᠠᠨ ᠰᠠᠷ᠎ᠠ ᠳᠤ ᠲᠦᠮᠡ ᠭᠠᠷᠤᠢ ᠲᠦᠭᠦᠷᠢᠭ ᠤᠨ ᠰᠠᠭᠠᠯᠢ ᠶᠢᠨ ᠤᠷᠤᠯᠭ᠎ᠠ ᠤᠯᠤᠨ᠎ᠠ᠃ ᠠᠳᠤᠭᠤ ᠶᠢ ᠰᠠᠶᠢᠬᠠᠨ ᠮᠠᠯᠵᠢᠵᠦ ᠴᠢᠳᠠᠪᠠᠯ ᠨᠡᠯᠢᠶᠡᠳ ᠰᠠᠶᠢᠨ ᠠᠵᠦ ᠠᠬᠤᠢ ᠶᠢᠨ ᠠᠰᠢᠭ ᠤᠷᠤᠯᠭ᠎ᠠ ᠶᠢ ᠤᠯᠵᠦ ᠪᠤᠯᠤᠨ᠎ᠠ ᠰᠢᠦ ᠬᠡᠵᠦ ᠶᠠᠷᠢᠵᠦ ᠪᠠᠶᠢᠯ ᠎ᠠ᠃     ᠦᠥᠰᠢᠨ ᠠᠳᠤᠭᠤᠨ ᠤ ᠤᠳᠤᠮ ᠤᠭᠰᠢᠯ ᠢ ᠬᠠᠮᠠᠭᠠᠯᠠᠵᠦ᠂ ᠠᠳᠤᠭᠤᠨ ᠤ ᠪᠠᠨ ᠠᠰᠢᠭ ᠰᠢᠮ᠎ᠠ ᠪᠠᠷ ᠠᠮᠢᠳᠤᠷᠠᠯ ᠦᠢᠯᠡᠰ ᠢᠶᠠᠨ ᠴᠤᠭᠴᠠᠯᠠᠵᠦ ᠶᠠᠪᠤᠭ᠎ᠠ ᠴᠢᠮᠡᠳᠳᠤᠷᠵᠢ ᠪᠦᠰᠡᠬᠦᠢ ᠬᠤᠶᠠᠭᠤᠯᠠ ᠪᠠᠨ ᠦᠥᠷ ᠤᠨ ᠬᠡᠬᠡ ᠪᠠᠷ ᠵᠠᠷᠬᠡᠴᠡᠨ ᠪᠤᠰᠴᠦ ᠬᠦᠴᠦ ᠬᠦᠳᠡᠯᠮᠦᠷᠢ ᠤᠶᠤᠨ ᠤᠬᠠᠭᠠᠨ ᠢᠶᠠᠨ ᠠᠳᠤᠭᠤ ᠮᠠᠯᠵᠢᠬᠤ ᠦᠢᠯᠡᠰ ᠲᠤ ᠵᠤᠷᠢᠭᠤᠯᠵᠦ ᠶᠠᠪᠤᠭ᠎ᠠ ᠨᠢ ᠪᠠᠭ᠋ᠠᠷᠬᠠᠭᠤᠰᠢᠳᠡᠢ᠃ ᠵᠤᠷᠢᠯᠭ᠎ᠠ ᠨᠢᠬᠡᠳᠡᠢ ᠬᠦᠮᠦᠰ ᠤᠨ ᠴᠢᠷᠮᠠᠶᠢᠯᠭ᠎ᠠ ᠠᠴᠠ ᠠᠮᠵᠢᠯᠳᠡ ᠶᠢᠨ ᠦᠷ᠎ᠡ ᠵᠢᠮᠢᠰ ᠪᠤᠯᠪᠠᠰᠤᠷᠠᠵᠦ᠂ ᠠᠮᠢᠳᠤᠷᠠᠯ ᠦᠢᠯᠡᠰ ᠨᠢ ᠡᠳᠦᠷ ᠠᠴᠠ ᠡᠳᠦᠷ ᠦᠬᠡᠳᠡᠯᠡᠬᠦ ᠨᠢ ᠯᠠᠪᠳᠡᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号