ᠦᠤᠰᠢᠨ ᠨᠤᠳᠤᠭ ᠲᠠᠢ ᠦᠷᠭᠡᠨᠳᠠᠯᠠᠢ ︽ᠣᠷᠣᠨ ᠤ ᠨᠠᠴᠢᠨ︾ ᠴᠣᠯᠡ ᠪᠠᠷ ᠴᠣᠯᠠᠯᠠᠭᠳᠠᠯ᠎ᠠ
ᠨᠡᠶᠢᠲᠡᠯᠡᠭᠰᠡᠨ ᠴᠠᠭ᠄
2019-11-01
     ᠪᠥᠬᠦ ᠣᠷᠣᠨ ᠤ ᠭᠤᠷᠪᠠᠳᠣᠭᠠᠷ ᠬᠤᠭᠤᠴᠠᠭᠠᠨ ᠤ ︽ᠦᠪᠣᠷ ᠮᠣᠩᠭᠤᠯ︾ ᠬᠤᠨᠳᠠᠭᠠᠲᠤ ᠮᠣᠩᠭᠤᠯ ᠪᠥᠬᠡ ᠶᠢᠨ ᠪᠠᠷᠢᠯᠳᠣᠭᠠᠨ 10 ᠰᠠᠷ᠎ᠠ ᠶᠢᠨ 22 ᠤᠨ ᠡᠳᠦᠷ ᠠᠴᠠ 23 ᠤ ᠡᠳᠦᠷ ᠪᠣᠯᠲᠠᠯ᠎ᠠ ᠰᠢᠯᠢᠩᠬᠤᠲᠠ ᠳᠤ ᠶᠠᠪᠣᠭᠳᠠᠵᠤ ᠣᠷᠳᠣᠰ ᠬᠤᠲᠠ ᠶᠢᠨ ᠦᠣᠰᠢᠨ ᠨᠤᠳᠤᠭ ᠲᠠᠢ ᠪᠥᠬᠡᠴᠢᠨ ᠦᠷᠭᠡᠨᠳᠠᠯᠠᠢ ᠬᠡᠶᠢᠮᠦᠷᠢ ᠲᠠᠢ ᠪᠠᠷᠢᠯᠳᠣᠵᠤ ︽ᠣᠷᠣᠨ ᠤ ᠨᠠᠴᠢᠨ︾ ᠴᠣᠯᠡ ᠪᠠᠷ ᠴᠣᠯᠠᠯᠠᠭᠳᠠᠭᠰᠠᠨ ᠪᠠᠶᠢᠨ᠎ᠠ᠃      ᠲᠤᠰ ᠤᠳᠠᠭᠠᠨ ᠤ ᠪᠥᠬᠦ ᠣᠷᠣᠨ ᠤ ᠭᠤᠷᠪᠠᠳᠣᠭᠠᠷ ᠬᠤᠭᠤᠴᠠᠭᠠᠨ ᠤ ︽ᠦᠪᠣᠷ ᠮᠣᠩᠭᠤᠯ︾ ᠬᠤᠨᠳᠠᠭᠠᠲᠤ ᠮᠣᠩᠭᠤᠯ ᠪᠥᠬᠡ ᠶᠢᠨ ᠪᠠᠷᠢᠯᠳᠣᠭᠠᠨ ᠳᠤ ᠦᠤᠰᠢᠨ ᠨᠤᠳᠤᠭ ᠲᠠᠢ ᠦᠷᠭᠡᠨᠳᠠᠯᠠᠢ ᠲᠡᠭᠡᠳᠤ 32 ᠶᠢᠨ ᠪᠠᠷᠢᠯᠳᠤᠭᠠᠨ ᠳᠤ ᠭᠡᠰᠢᠭᠳᠡᠨ ᠨᠤᠳᠤᠭ ᠲᠠᠢ ᠬᠢᠯᠪᠠᠭ᠎ᠠ ᠶᠢ ᠲᠠᠪᠠᠵᠤ ︽ᠤᠷᠤᠨ ᠤ ᠨᠠᠴᠢᠨ︾ ᠴᠤᠯᠡ ᠪᠠᠷ ᠴᠤᠯᠠᠯᠠᠭᠳᠠᠭᠰᠠᠨ ᠪᠠᠶᠢᠨ᠎ᠠ᠃      ᠣᠲᠤᠭ ᠬᠤᠰᠢᠭᠤᠨ ᠤ ︽ᠠᠯᠲᠠᠨ ᠵᠠᠩᠭᠢᠶ᠎ᠠ︾ ᠪᠥᠬᠡ ᠶᠢᠨ ᠨᠡᠶᠢᠭᠡᠮᠯᠢᠭ ᠤᠨ ᠲᠡᠳ᠋ ᠲᠡᠷᠢᠭᠦᠯᠡᠭᠴᠢ ᠪᠠᠲᠣᠪᠣᠯᠣᠳ᠄ ︽ᠶᠠᠭ ᠪᠢ ᠠᠪᠣᠭᠰᠠᠨ ᠰᠢᠭ᠋ ᠰᠡᠳᠬᠢᠯ ᠬᠦᠳᠠᠯᠵᠥ ᠪᠠᠶᠢᠨ᠎ᠡ᠃ ᠮᠢᠨᠤ ᠮᠡᠳᠡᠬᠦ ᠪᠠᠷ ᠣᠷᠳᠣᠰ ᠬᠤᠲᠠ ᠪᠣᠶᠤ ᠪᠠᠷᠠᠭᠤᠨ ᠠᠶᠢᠮᠠᠭ ᠬᠤᠲᠠ ᠳᠤ ︿ᠣᠷᠣᠨ ᠤ ᠨᠠᠴᠢᠨ﹀ ᠴᠣᠯᠠ ᠬᠦᠷᠲᠡᠭᠰᠡᠨ ᠬᠦᠮᠦᠨ ᠲᠣᠳᠣᠷᠠᠭ᠎ᠠ ᠦᠭᠡᠢ᠃ ᠠᠩᠬ᠎ᠠ ᠤᠳᠠᠭ᠎ᠠ ᠣᠷᠣᠨ ᠤ ᠨᠠᠴᠢᠨ ᠴᠣᠯᠡ ᠬᠠᠮᠠᠭᠠᠯᠠᠵᠤ ᠢᠷᠡᠭᠰᠡᠨ ᠨᠢ ᠮᠣᠩᠭᠤᠯ ᠪᠥᠬᠡ ᠳᠤ ᠶᠡᠭᠡ ᠨᠦᠯᠦᠭᠡ ᠦᠵᠡᠬᠦᠯᠵᠤ ᠣᠷᠳᠣᠰ ᠮᠣᠩᠭᠤᠯ ᠪᠥᠭᠡᠴᠣᠣᠨ ᠵᠠᠯᠠᠭᠤᠴᠤᠳ ᠨᠡᠩ ᠰᠣᠷᠢᠶ᠎ᠠ ᠪᠣᠯᠪᠠᠰᠣᠷᠠᠯ ᠢᠶᠠᠨ ᠴᠢᠩᠭᠠᠳᠬᠠᠵᠤ ᠨᠡᠩ ᠰᠠᠶᠢᠨ ᠪᠠᠷᠢᠯᠳᠣᠬᠤ ᠳᠤ ᠲᠠᠭᠤᠷᠢᠶᠠᠯ ᠦᠵᠡᠬᠦᠯᠦᠭᠰᠡᠨ ᠪᠠᠶᠢᠨ᠎ᠠ︾ ᠭᠡᠵᠤ ᠰᠡᠳᠬᠢᠯ ᠲᠤᠭᠳᠤᠯᠤᠩᠭᠤᠢ ᠶᠠᠷᠢᠵᠤ ᠪᠠᠶᠢᠯ᠎ᠠ᠃      ᠤᠶᠢᠯᠠᠭᠠᠭᠰᠠᠨ ᠢᠶᠠᠷ᠂ ᠡᠨᠡ ᠤᠳᠠᠭᠠᠨ ᠤ ᠪᠠᠷᠢᠯᠳᠤᠭᠠᠨ ᠳᠤ ᠬᠤᠪᠢ ᠬᠦᠮᠦᠨ ᠤ ᠤᠷᠤᠯᠳᠤᠭᠠᠨ ᠳᠤ 16 ᠪᠥᠭᠡ ᠨᠢᠭᠡ ᠲᠤᠭᠤᠶᠢᠯᠠᠩ ᠪᠤᠯᠵᠤ ᠡᠭᠡᠯᠵᠢᠳᠤ ᠪᠠᠷᠢᠯᠳᠤᠭᠠᠨ ᠢᠶᠠᠷ ᠲᠠᠮᠵᠢᠨ ᠲᠤᠭᠤᠶᠢᠯᠠᠩ ᠪᠦᠷᠢ ᠠᠴᠠ 8 ᠪᠥᠭᠡ ᠶᠢ ᠰᠢᠯᠭᠠᠷᠠᠭᠤᠯᠤᠨ ᠲᠡᠭᠡᠳᠤ 32 ᠶᠢᠨ ᠪᠠᠷᠢᠯᠳᠤᠭᠠᠨ ᠳᠤ ᠪᠠᠷᠢᠯᠳᠤᠭᠤᠯᠵᠤ ᠦᠤᠰᠢᠨ ᠨᠤᠳᠤᠭ ᠲᠠᠢ ᠵᠠᠯᠠᠭᠤ ᠰᠤᠳᠣᠨ ᠪᠥᠬᠡ ᠦᠷᠭᠡᠨᠳᠡᠯᠡᠢ ᠬᠡᠶᠢᠮᠤᠷᠢ ᠲᠠᠢ ᠪᠠᠷᠢᠯᠳᠤᠨ ᠲᠡᠭᠡᠳᠤ16 ᠳᠤ ᠲᠤᠳᠤᠷᠠᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号