ᠪᠦᠬᠦ ᠬᠤᠰᠢᠭᠤᠨ ᠤ 2019 ᠣᠨ ᠤ ︽ᠰᠢᠨ᠎ᠡ ᠴᠠᠭ ᠦᠶ᠎ᠡ ᠶᠢᠨ ᠪᠣᠯᠪᠠᠰᠣᠨ ᠢ ᠦᠢᠯᠡᠳᠦᠯᠬᠡᠵᠢᠬᠦᠯᠬᠦ ︾ ᠪᠡᠶ᠎ᠡ ᠴᠢᠬᠢᠷᠠᠭᠵᠢᠭᠤᠯᠬᠤ ᠲᠠᠮᠢᠷ ᠤᠨ ᠣᠷᠣᠯᠳᠣᠭᠠᠨ ᠠᠮᠵᠢᠯᠳᠠᠳᠠᠢ ᠶᠠᠪᠤᠭᠳᠠᠪᠠ
ᠨᠡᠶᠢᠲᠡᠯᠡᠭᠰᠡᠨ ᠴᠠᠭ᠄
2019-11-07
     ᠤᠶᠢᠷ᠎ᠠ ᠶᠢᠨ ᠡᠳᠤᠷ᠂ ᠪᠦᠬᠦ ᠬᠤᠰᠢᠭᠤᠨ ᠤ 2019 ᠣᠨ ᠤ ︽ᠰᠢᠨ᠎ᠡ ᠴᠠᠭ ᠦᠶ᠎ᠡ ᠶᠢᠨ ᠪᠣᠯᠪᠠᠰᠣᠨ ᠢ ᠦᠢᠯᠡᠳᠦᠯᠬᠡᠵᠢᠬᠦᠯᠬᠦ︾ ᠪᠡᠶ᠎ᠡ ᠴᠢᠬᠢᠷᠠᠭᠵᠢᠭᠤᠯᠬᠤ ᠲᠠᠮᠢᠷ ᠤᠨ ᠣᠷᠣᠯᠳᠣᠭᠠᠨ ᠠᠮᠵᠢᠯᠳᠠᠳᠠᠢ ᠶᠠᠪᠤᠭᠳᠠᠪᠠ᠃ ᠣᠷᠣᠯᠳᠣᠭᠠᠨ ᠢ ᠬᠤᠰᠢᠭᠤ ᠰᠣᠷᠭᠠᠨ ᠬᠦᠮᠦᠵᠢᠯ ᠪᠡᠶ᠎ᠡ ᠳᠠᠮᠢᠷ ᠤᠨ ᠳᠣᠪᠴᠢᠶ᠎ᠠ᠂ ᠪᠡᠶ᠎ᠡ ᠳᠠᠮᠢᠷ ᠤᠨ ᠦᠢᠯᠡᠰ ᠤᠨ ᠬᠦᠭᠵᠢᠬᠦᠯᠦᠯᠲᠡ ᠶᠢᠨ ᠳᠦᠪ ᠠᠴᠠ ᠭᠤᠣᠯᠯᠠᠨ ᠡᠷᠬᠢᠯᠡᠵᠦ᠂  ᠳᠠᠮᠢᠷ ᠪᠦᠵᠢᠭ ᠤᠨ ᠨᠡᠶᠢᠬᠡᠮᠯᠢᠭ ᠠᠴᠠ ᠳᠠᠭᠠᠭᠠᠴᠢᠯᠠᠨ ᠡᠷᠬᠢᠯᠡᠵᠦ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠬᠡᠮ ᠵᠢᠷᠣᠮ  ᠤᠨ ᠦᠵᠡᠯ ᠰᠠᠨᠠᠭ᠎ᠠ ᠶᠢ ᠬᠦᠨᠵᠡᠬᠡᠢ ᠰᠣᠷᠣᠯᠴᠠᠨ ᠲᠤᠭᠤᠰᠢᠯᠠᠭᠤᠯᠵᠤ ᠣᠳᠬ᠎ᠠ ᠣᠷᠠᠯᠢᠭ ᠢ ᠠᠷᠠᠳ ᠳᠦᠮᠡᠨ ᠤ ᠠᠮᠢᠳᠣᠷᠠᠯ ᠳᠤ ᠳᠦᠬᠡᠮᠡᠯᠵᠢᠬᠦᠯᠵᠦ ᠡᠷᠡᠬᠦᠯ ᠮᠡᠨᠲᠣ ᠶᠢ ᠠᠷᠠᠳ ᠳᠦᠮᠡᠨ ᠤ ᠠᠮᠢᠳᠣᠷᠠᠯ ᠲᠠᠢ ᠵᠣᠷᠰᠢᠭᠤᠯᠣᠨ ᠡᠯ᠎ᠡ ᠪᠠᠶᠢᠭᠤᠯᠭ᠎ᠠ ᠨᠢᠭᠡᠴᠢ ᠶᠢᠨ ᠡᠪ ᠨᠠᠶᠢᠷᠠᠮᠳᠠᠯ ᠪᠦᠯᠬᠦᠮᠳᠡᠯ ᠨᠢᠭᠳᠠᠷᠠᠯ ᠢ ᠬᠠᠷᠠᠭᠤᠯᠬᠤ ᠪᠠᠷ ᠵᠣᠷᠢᠯᠭ᠎ᠠ ᠪᠠᠨ ᠪᠣᠯᠭᠠᠵᠦ ᠤᠷᠤᠯᠳᠤᠭᠠᠨ ᠳᠤ ᠠᠷᠪᠠᠨ ᠵᠢᠷᠭᠤᠭᠠᠨ ᠳᠣᠭᠤᠶᠢᠯᠠᠩ ᠤᠨ 200 ᠭᠠᠷᠣᠢ ᠳᠠᠮᠢᠷᠴᠢᠨ ᠢᠳᠡᠪᠬᠢᠯᠡᠨ ᠣᠷᠣᠯᠴᠠᠵᠦ ᠣᠷ᠎ᠠ ᠮᠡᠷᠭᠡᠵᠢᠯ ᠢᠶᠠᠨ ᠰᠣᠷᠢᠯᠴᠠᠭᠰᠠᠨ ᠪᠠᠶᠢᠨ᠎ᠠ᠃      ᠣᠷᠣᠯᠳᠣᠭᠠᠨ ᠢ ᠢᠳᠡᠷ ᠨᠠᠰᠣᠳᠠᠶᠢᠴᠣᠳ ᠤᠨ ᠳᠣᠭᠤᠶᠢᠯᠠᠩ ᠪᠠ ᠵᠠᠯᠠᠭᠤᠴᠣᠳ ᠤᠨ ᠳᠣᠭᠤᠶᠢᠯᠠᠩ ᠬᠤᠪᠢᠶᠠᠨ ᠶᠠᠪᠣᠭᠳᠠᠭᠤᠯᠵᠦ ᠬᠤᠷᠴᠡ ᠰᠢᠷᠦᠬᠦᠨ ᠣᠷᠣᠯᠳᠣᠭᠠᠨ ᠢᠶᠠᠷ ᠳᠠᠮᠵᠢᠨ ᠢᠳᠡᠷ ᠨᠠᠰᠣᠳᠠᠶᠢᠴᠣᠳ ᠤᠨ ᠳᠣᠭᠤᠶᠢᠯᠠᠩ ᠳᠤ ᠬᠤᠰᠢᠭᠤ ᠨᠠᠰᠣᠳᠠᠶᠢᠴᠣᠳ ᠤᠨ ᠪᠡᠶ᠎ᠡ ᠳᠠᠮᠢᠷ ᠤᠨ ᠨᠡᠶᠢᠬᠡᠮᠯᠢᠭ ᠤᠨ ᠪᠡᠶ᠎ᠡ ᠴᠢᠬᠢᠷᠠᠭᠵᠢᠭᠤᠯᠬᠤ ᠳᠣᠭᠤᠶᠢᠯᠠᠩ ᠤᠨ ᠳᠦᠯᠦᠬᠡᠯᠡᠭᠴᠢᠳ ᠤᠨ ᠪᠦᠯᠬᠦᠮ ᠳᠡᠷᠢᠬᠦᠨ ᠲᠠᠰ ᠲᠤ ᠳᠣᠳᠣᠷᠠᠵᠦ᠂ ᠵᠠᠯᠠᠭᠤᠴᠣᠳ ᠤᠨ ᠳᠣᠭᠤᠶᠢᠯᠠᠩ ᠳᠤ ᠮᠣᠩᠭᠤᠯ ᠦᠨᠳᠦᠰᠦᠳᠡᠨ ᠤ ᠬᠡᠣᠬᠡᠳ ᠤᠨ ᠴᠡᠴᠡᠷᠯᠢᠭ ᠤᠨ ᠳᠦᠯᠦᠬᠡᠯᠡᠭᠴᠢᠳ ᠤᠨ ᠪᠦᠯᠬᠦᠮ ᠲᠡᠷᠢᠬᠦᠨ ᠲᠡᠰ ᠲᠤ ᠲᠤᠳᠤᠷᠠᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号