ᠮᠠᠨ ᠤ ᠬᠤᠰᠢᠭᠤᠨ ᠤ ᠡᠯ᠎ᠡ ᠦᠨᠳᠣᠰᠣᠨ ᠱᠠᠳᠣᠨ ᠤ ᠮᠣᠩᠭᠤᠯ ᠰᠣᠷᠭᠠᠭᠤᠯᠢ ᠬᠡᠤᠭᠡᠳ ᠤᠨ ᠴᠡᠴᠡᠷᠯᠢᠭ ᠠᠴᠠ | ᠦᠷᠬᠦᠯᠵᠢ ᠶᠢᠨ ᠴᠢᠨᠡᠷᠳᠡᠢ ᠪᠠᠶᠠᠯᠢᠭ ᠠᠭᠤᠯᠭ᠎ᠠ ᠲᠠᠢ ᠣᠨᠴᠠᠯᠢᠭᠳᠣ ᠣᠷᠣᠯᠳᠣᠭᠠᠨ ᠢ ᠦᠷᠨᠢᠬᠦᠯᠵᠣ ᠰᠣᠷᠣᠭᠴᠢᠳ ᠤ ᠣᠷ᠎ᠠ | ᠠᠪᠢᠶᠠᠰ᠂ ᠣᠷᠮ᠎ᠠ ᠵᠣᠷᠢᠭ ᠢ ᠬᠦᠭᠵᠢᠬᠡᠵᠣ ᠪᠠᠶᠢᠨ᠎ᠠ᠃ ᠦᠣᠰᠢᠨᠵᠣᠣ ᠪᠠᠯᠭᠠᠰᠣᠨ ᠤ ᠦᠣᠰᠢᠨᠵᠣᠣ ᠭᠠᠴᠠᠭᠠᠨ ᠳᠤ | ᠰᠠᠭᠤᠷᠢᠭᠰᠠᠨ ᠦᠤᠰᠢᠨᠵᠤᠤ ᠭᠡᠤᠭᠡᠳ ᠤᠨ ᠴᠡᠴᠡᠷᠯᠢᠭ ᠤᠨ ᠬᠠᠷᠢᠶᠠᠨ ᠳᠤ ᠪᠠᠶᠢᠭ᠎ᠠ ᠪᠠᠭ᠎ᠠ ᠰᠤᠷᠭᠠᠭᠤᠯᠢ ᠶᠢᠨ ᠠᠩᠬᠢ ᠪᠤᠯ | ᠦᠣᠰᠢᠨ ᠬᠤᠰᠢᠭᠤᠨ ᠤ ᠴᠣᠷ ᠭᠠᠭᠴᠠ ᠭᠠᠴᠠᠭ᠎ᠠ ᠳᠣᠰᠬᠤᠨ ᠤ ᠳᠠᠰ ᠤᠨ ᠰᠣᠷᠭᠠᠭᠤᠯᠢ ᠪᠣᠯᠣᠨ᠎ᠠ᠃ ᠣᠶᠢᠷ᠎ᠠ ᠶᠢᠨ ᠡᠳᠣᠷ | ᠂ ᠦᠤᠰᠢᠨᠵᠤᠤ ᠭᠡᠤᠭᠡᠳ ᠤᠨ ᠴᠡᠴᠡᠷᠯᠢᠭ ᠤᠨ ᠪᠠᠭ᠎ᠠ ᠰᠤᠷᠭᠠᠭᠤᠯᠢ ᠶᠢᠨ ᠠᠩᠬᠢ ᠶᠢᠨ ᠬᠢᠨ ᠠᠩᠬᠠᠳᠤᠭᠠᠷ ᠤᠳᠠᠭᠠᠨ ᠤ ︽ | ᠤᠶᠤᠨ ᠤᠷᠠᠯᠢᠭ︾ ᠵᠦᠴᠦᠭᠡ ᠶᠢᠨ ᠤᠷᠤᠯᠳᠤᠭᠠᠨ ᠢ ᠡᠷᠬᠢᠯᠡᠨ ᠬᠢᠵᠣ ᠦᠨᠳᠣᠰᠣᠨ ᠱᠠᠳᠣᠨ ᠤ ᠰᠣᠷᠣᠭᠴᠢᠳ ᠲᠤ ᠪᠠᠶᠠᠷ | ᠪᠠᠭ᠋ᠠᠳᠣᠯ ᠬᠦᠭᠵᠢᠶᠠᠨ ᠨᠡᠷᠬᠢᠶᠠᠨ ᠢ ᠠᠪᠴᠢᠷᠠᠯ᠎ᠠ᠃ | ᠲᠤᠰ ᠤᠳᠠᠭᠠᠨ ᠤ ᠤᠷᠤᠯᠳᠤᠭᠠᠨ ᠳᠤ ᠰᠤᠷᠤᠭᠴᠢᠳ ᠦᠪᠡᠷ ᠦᠪᠡᠷ ᠤᠨ ᠤᠷ᠎ᠠ ᠠᠪᠢᠶᠠᠰ ᠢᠶᠠᠨ ᠪᠦᠷᠢᠨ ᠰᠠᠶᠢᠬᠠᠨ | ᠪᠠᠳᠠᠷᠠᠭᠤᠯᠤᠨ ᠡᠬᠡ ᠬᠡᠯᠡᠨ ᠤ ᠢᠷᠠᠭᠤ ᠰᠠᠶᠢᠬᠠᠨ ᠢ ᠭᠠᠶᠢᠬᠠᠭᠤᠯᠵᠤ ᠴᠢᠳᠠᠭᠰᠠᠨ ᠢᠶᠠᠷ ᠪᠠᠷᠠᠬᠤ ᠦᠭᠡᠢ ︽ᠬᠠᠭᠠᠨ ᠤ ᠰᠢᠨ᠎ᠡ | ᠬᠤᠪᠴᠠᠰᠤ ︾᠂ ︽ᠴᠢᠨ᠋ᠸ ᠠ ᠢᠷᠡᠯ᠎ᠡ︾ ᠭᠡᠭᠦ ᠵᠥᠴᠦᠭᠡ ᠨᠢ ᠦᠵᠡᠭᠴᠢᠳ ᠤᠯᠠᠨ ᠤ ᠲᠠᠭᠠᠰᠢᠶᠠᠯ ᠳᠤ ᠬᠦᠷᠦᠭᠰᠡᠨ | ᠪᠠᠶᠢᠯ᠎ᠠ᠃ | ᠮᠠᠨ ᠤ ᠬᠤᠰᠢᠭᠤᠨ ᠳᠤ ᠣᠳᠣᠬᠠᠨ ᠳᠤ ᠰᠦᠯᠳᠡ ᠰᠣᠮᠣᠨ ᠤ ᠱᠠᠷᠯᠢᠭ ᠭᠤᠣᠯᠳᠠᠯᠭᠠᠳᠣ ᠪᠠᠭ᠎ᠠ ᠰᠣᠷᠭᠠᠭᠤᠯᠢ᠂ | ᠳᠣᠯᠢ ᠰᠠᠭᠤᠭᠠᠯᠢ ᠠᠷᠡᠳ ᠤᠨ ᠬᠡᠤᠭᠡᠳ ᠤᠨ ᠴᠡᠴᠡᠷᠯᠢᠭ᠂ ᠣᠯᠠᠭᠠᠨᠳᠣᠯᠣᠭᠠᠢ ᠪᠠᠯᠭᠠᠰᠣᠨ ᠤ ᠬᠡᠤᠭᠡᠳ ᠤᠨ ᠴᠡᠴᠡᠷᠯᠢᠭ᠂ | ᠳᠤᠭ ᠪᠠᠯᠭᠠᠰᠣᠨ ᠤ ᠬᠡᠤᠭᠡᠳ ᠤᠨ ᠴᠡᠴᠡᠷᠯᠢᠭ᠂ ᠦᠣᠰᠢᠨᠵᠣᠣ ᠪᠠᠯᠭᠠᠰᠣᠨ ᠤ ᠦᠣᠰᠢᠨᠵᠣᠣ ᠭᠠᠴᠠᠭᠠᠨ ᠤ ᠬᠡᠤᠭᠡᠳ ᠤᠨ | ᠴᠡᠴᠡᠷᠯᠢᠭ ᠵᠡᠷᠭᠡ 5 ᠦᠨᠳᠣᠰᠣᠨ ᠱᠠᠳᠣᠨ ᠤ ᠮᠣᠩᠭᠤᠯ ᠢᠶᠠᠷ ᠬᠢᠴᠢᠶᠡᠯᠯᠡᠵᠤ ᠪᠠᠶᠢᠭ᠎ᠠ ᠰᠣᠷᠭᠠᠭᠤᠯᠢ ᠬᠡᠤᠭᠡᠳ ᠤᠨ | ᠴᠡᠴᠡᠷᠯᠢᠭ ᠲᠠᠢ ᠪᠠᠶᠢᠵᠣ ᠳᠤᠭ ᠪᠠᠯᠭᠠᠰᠣᠨ ᠤ ᠬᠡᠤᠭᠡᠳ ᠤᠨ ᠴᠡᠴᠡᠷᠯᠢᠭ ᠪᠣᠯᠣᠨ ᠦᠣᠰᠢᠨᠵᠣᠣ ᠪᠠᠯᠭᠠᠰᠣᠨ ᠤ ᠦᠣᠰᠢᠨᠵᠣᠣ | ᠭᠠᠴᠠᠭᠠᠨ ᠤ ᠬᠡᠤᠭᠡᠳ ᠤᠨ ᠴᠡᠴᠡᠷᠯᠢᠭ ᠲᠤ ᠳᠣᠰᠪᠣᠷᠢ ᠪᠠᠭ᠎ᠠ ᠰᠣᠷᠭᠠᠭᠤᠯᠢ ᠶᠢᠨ ᠠᠩᠬᠢ ᠡᠷᠬᠢᠯᠠᠵᠣ ᠦᠷᠬᠦᠯᠵᠢ ᠶᠢᠨ | ᠴᠢᠨᠡᠷᠳᠡᠢ ᠪᠠᠶᠠᠯᠢᠭ ᠠᠭᠤᠯᠭ᠎ᠠ ᠲᠠᠢ ᠣᠨᠴᠠᠯᠢᠭᠳᠣ ᠣᠷᠣᠯᠳᠣᠭᠠᠨ ᠢ ᠢᠳᠢᠪᠬᠢᠳᠡᠢ ᠦᠷᠨᠢᠬᠦᠯᠬᠦ ᠪᠠᠷ ᠰᠣᠷᠣᠭᠴᠢᠳ ᠤ ᠣᠷ᠎ᠠ | ᠠᠪᠢᠶᠠᠰ ᠣᠷᠮ᠎ᠠ ᠵᠣᠷᠢᠭ ᠢ ᠬᠦᠭᠵᠢᠬᠡᠵᠣ ᠪᠠᠶᠢᠨ᠎ᠠ᠃ | |