ᠤᠷᠠᠨ ᠵᠢᠷᠤᠭ ᠤᠨ ᠳᠡᠯᠭᠡᠨ ᠦᠵᠡᠬᠦᠯᠦᠯᠬᠡ ᠰᠤᠷᠤᠭᠴᠢᠳ ᠤᠨ ᠰᠤᠷᠤᠯᠴᠠᠬᠤ ᠲᠠᠪᠴᠠᠩ ᠪᠤᠯᠤᠭᠰᠠᠨ ᠪᠠᠶᠢᠨ᠎ᠠ
ᠨᠡᠶᠢᠲᠡᠯᠡᠭᠰᠡᠨ ᠴᠠᠭ᠄
2019-12-18
     ᠮᠠᠨ ᠤ ᠬᠤᠰᠢᠭᠤᠨ ᠤ ᠰᠣᠶᠣᠯ ᠤᠨ ᠪᠦᠲᠦᠭᠡᠯᠲᠡ ᠠᠵᠤ ᠦᠢᠯᠡᠰ ᠤᠨ ᠬᠦᠷᠢᠶᠡᠯᠡᠩ ᠳᠤ ᠶᠠᠪᠤᠭᠳᠠᠭᠰᠠᠨ ᠤᠷᠠᠨ ᠵᠢᠷᠤᠭ ᠤᠨ ᠳᠡᠯᠭᠡᠨ ᠦᠵᠡᠬᠦᠯᠦᠯᠬᠡ ᠨᠢ ᠤᠷᠤᠨ ᠨᠤᠳᠤᠭ ᠤᠨ ᠬᠦᠭᠵᠢᠯᠳᠡ ᠶᠢ ᠠᠮᠢᠳᠤᠯᠢᠭ ᠬᠠᠷᠠᠭᠤᠯᠤᠭᠰᠠᠨ ᠲᠠᠪᠴᠠᠩ ᠪᠤᠯᠤᠭᠰᠠᠨ ᠮᠦᠷᠳᠡᠬᠡᠨ ᠤᠷᠠᠨ ᠵᠢᠷᠤᠭ ᠤᠨ ᠪᠠᠭ᠋ᠠᠲᠠᠳ ᠤᠨ ᠰᠣᠯᠢᠯᠴᠠᠭᠠᠨ ᠤ ᠲᠠᠪᠴᠠᠩ᠂ ᠰᠤᠷᠤᠭᠴᠢᠳ ᠤᠨ ᠰᠤᠷᠤᠯᠴᠠᠬᠤ ᠰᠠᠶᠢᠬᠠᠨ ᠲᠣᠬᠢᠶᠠᠯ ᠪᠤᠯᠵᠠᠢ᠃      ᠣᠷᠳᠣᠰ ᠤᠨ ᠮᠣᠩᠭᠤᠯ ᠦᠨᠳᠣᠰᠣᠳᠠᠨ ᠤ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠠᠩᠬ᠎ᠠ ᠳᠤᠮᠳᠠᠳᠤ ᠶᠢᠨ ᠰᠤᠷᠤᠭᠴᠢ ᠤᠯᠠᠯᠵᠢ ᠤᠷᠠᠨ ᠵᠢᠷᠤᠭ ᠲᠤ ᠣᠨᠴᠠ ᠶᠢᠨ ᠪᠠᠬ᠎ᠠ ᠲᠠᠢ ᠪᠠᠶᠢᠵᠤ ᠬᠢᠴᠢᠶᠡᠯ ᠤᠨ ᠴᠢᠯᠦᠭᠡ ᠪᠠᠷ ᠢᠶᠠᠨ ᠲᠤᠰᠬᠠᠢ ᠪᠣᠯᠪᠠᠰᠤᠷᠠᠯ ᠤᠨ ᠠᠩᠭᠢ ᠳᠤ ᠤᠷᠠᠨ ᠵᠢᠷᠤᠭ ᠤᠨ ᠬᠢᠴᠢᠶᠡᠯ ᠰᠤᠷᠳᠠᠭ ᠪᠠᠶᠢᠵᠠᠢ᠃ ᠲᠡᠷᠡᠪᠡᠷ ᠡᠨᠡ ᠤᠳᠠᠭ᠎ᠠ ᠳᠡᠯᠭᠡᠨ ᠦᠵᠡᠬᠦᠯᠦᠯᠬᠡ ᠶᠢ ᠲᠣᠭᠤᠷᠢᠨ ᠰᠣᠨᠢᠷᠬᠠᠭᠠᠳ ᠣᠷᠠᠨ ᠵᠢᠷᠤᠭ ᠲᠤ ᠣᠯᠠᠮ ᠴᠣ᠋ ᠪᠠᠭ᠋ᠠᠳᠠᠢ ᠪᠣᠯᠵᠣ ᠴᠢᠷᠮᠠᠶᠢᠨ ᠰᠤᠷᠤᠯᠴᠠᠬᠤ ᠵᠣᠷᠢᠭ ᠨᠢ ᠨᠡᠩ ᠨᠡᠮᠡᠭᠳᠡᠨ ᠣᠯᠣᠯᠲᠠ ᠶᠡᠬᠡᠲᠡᠢ ᠪᠠᠶᠢᠯ᠎ᠠ᠃      ᠲᠤᠰ ᠤᠳᠠᠭᠠᠨ ᠤ ᠳᠡᠯᠭᠡᠨ ᠦᠵᠡᠬᠦᠯᠦᠯᠬᠡ ᠨᠢ ᠰᠤᠷᠤᠭᠴᠢᠳ ᠲᠤ ᠰᠤᠷᠤᠯᠴᠠᠬᠤ ᠲᠣᠬᠢᠶᠠᠯ ᠤᠯᠭᠤᠭᠰᠠᠨ ᠢᠶᠠᠷ ᠪᠠᠷᠠᠬᠤ ᠦᠭᠡᠢ ᠤᠷᠠᠨ ᠵᠢᠷᠤᠭ ᠤᠨ ᠪᠠᠭᠰᠢ ᠨᠠᠷ ᠲᠤ ᠴᠤ ᠣᠯᠳᠠᠰᠢ ᠦᠭᠡᠢ ᠰᠠᠶᠢᠬᠠᠨ ᠵᠠᠪᠰᠢᠶᠠᠨ ᠪᠣᠯᠵᠤ ᠰᠤᠷᠤᠭᠴᠢᠳ ᠲᠠᠭᠠᠨ ᠨᠡᠷᠡᠲᠦ ᠬᠥᠮᠥᠰ ᠤᠨ ᠪᠦᠲᠦᠭᠡᠯ ᠢ ᠲᠤᠬᠠᠢ ᠶᠢᠨ ᠲᠠᠯᠠᠪᠠᠢ ᠳᠤ ᠨᠢ ᠬᠠᠷᠠᠭᠤᠯᠵᠤ ᠪᠠᠶᠢᠭᠠᠳ ᠥᠩᠭᠡ ᠪᠤᠳᠤᠭ ᠤᠨ ᠨᠠᠶᠢᠷᠠᠯ᠂ ᠨᠢᠭᠤᠷ ᠴᠢᠷᠠᠢ ᠶᠢᠨ ᠢᠯᠡᠷᠡᠯ᠂ ᠨᠠᠷᠢᠯᠢᠭ ᠵᠦᠢᠯᠡᠰ ᠢ ᠬᠡᠷᠬᠢᠨ ᠵᠢᠷᠤᠬᠤ ᠶᠢ ᠪᠣᠳᠠᠲᠠᠢ ᠣᠶᠢᠯᠠᠭᠠᠭᠤᠯᠵᠣ ᠵᠢᠭᠠᠬᠤ ᠳᠤ ᠠᠮᠢᠳᠤ ᠮᠠᠲ᠋ᠧᠷᠢᠶᠠᠯ ᠪᠣᠯᠵᠤ ᠪᠠᠶᠢᠯ᠎ᠠ᠃      ᠲᠡᠯᠬᠡᠨ ᠦᠵᠡᠬᠦᠯᠦᠯᠬᠡ ᠳᠤ ᠲᠡᠯᠬᠡᠭᠳᠡᠭᠰᠡᠨ ᠨᠤᠳᠤᠭ ᠤᠰᠤᠨ ᠤ ᠦᠩᠬᠡ ᠦᠵᠡᠮᠵᠢ᠂ ᠲᠡᠥᠬᠡ ᠶᠢᠨ ᠬᠤᠪᠢᠷᠠᠯᠳᠠ ᠬᠦᠭᠵᠢᠯᠳᠡ᠂ ᠦᠬᠡᠷᠡᠴᠢᠯᠡᠯᠳᠡ ᠨᠡᠬᠡᠬᠡᠯᠳᠡ ᠶᠢᠨ ᠠᠤᠭ᠎ᠠ ᠠᠮᠵᠢᠯᠳᠠ ᠶᠢ ᠬᠠᠷᠠᠭᠤᠯᠤᠭᠰᠠᠨ ᠪᠦᠳᠦᠬᠡᠯ ᠤᠳ ᠨᠢ ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠲᠤᠷᠰᠢᠬᠢ ᠬᠦᠭᠵᠢᠯᠳᠡ ᠶᠢ ᠠᠮᠢᠳᠤᠯᠢᠭ  ᠬᠠᠷᠠᠭᠤᠯᠤᠭᠰᠠᠨ ᠪᠠᠶᠢᠨ᠎ᠠ᠃      ᠮᠠᠨ ᠤ ᠬᠤᠰᠢᠭᠤᠨ ᠤ ᠤᠷᠠᠨ ᠵᠢᠷᠤᠭᠴᠢᠳ ᠤᠨ ᠡᠪᠯᠡᠯ 2012 ᠣᠨ ᠳᠤ ᠪᠠᠶᠢᠭᠤᠯᠤᠭᠳᠠᠭᠰᠠᠨ ᠠᠴᠠ ᠨᠠᠭᠠᠰᠢ ᠦᠷᠭᠦᠯᠵᠢ ᠵᠢᠷᠤᠭ ᠵᠢᠷᠤᠬᠤ᠂ ᠬᠠᠷᠢᠯᠴᠠᠨ ᠰᠤᠷᠤᠯᠴᠠᠬᠤ᠂ ᠥᠪᠡᠷ ᠤᠨ ᠬᠢᠷᠢ ᠲᠥᠪᠰᠢᠨ ᠢᠶᠠᠨ ᠳᠡᠭᠡᠭᠰᠢᠯᠡᠭᠦᠯᠬᠦ ᠶᠢ ᠪᠠᠷᠢᠮᠲᠠᠯᠠᠭᠰᠠᠭᠠᠷ ᠢᠷᠡᠵᠡᠢ᠃ ᠡᠨᠡ ᠤᠳᠠᠭ᠎ᠠ ᠮᠠᠨ ᠤ ᠬᠤᠰᠢᠭᠤᠨ ᠤ ᠤᠷᠠᠨ ᠵᠢᠷᠤᠭᠴᠢᠳ ᠤᠨ ᠡᠪᠯᠡᠯ ᠤᠨ ᠬᠢᠨ ᠤ 160 ᠪᠦᠲᠦᠭᠡᠯ ᠠᠴᠠ 90 ᠰᠢᠯᠢᠳᠡᠭ ᠪᠦᠳᠦᠬᠡᠯ ᠢ ᠰᠣᠩᠭᠤᠨ ᠲᠡᠯᠬᠡᠨ ᠦᠵᠡᠭᠦᠯᠦᠭᠰᠡᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号